1 ᠰᠠᠷ᠎ᠠ᠎ᠶᠢᠨ 5᠎ᠤ᠋ ᠡᠳᠦᠷ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ ᠪᠣᠯᠣᠨ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠬᠡᠪᠯᠡᠯ᠎ᠤᠨ ᠬᠣᠷᠢᠶ᠎ᠠ ᠡᠴᠡ ᠭᠣᠣᠯᠯᠠᠨ ᠡᠷᠬᠢᠯᠡᠭᠰᠡᠨ 《ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ 》 ᠨᠣᠮ᠎ᠤᠨ ᠠᠩᠬ᠎ᠠ ᠲᠠᠷᠬᠠᠭᠠᠬᠣ ᠶᠣᠰᠣᠯᠠᠯ ᠵᠢᠴᠢ ᠰᠣᠲᠣᠯᠣᠨ ᠶᠠᠷᠢᠯᠴᠠᠬᠣ ᠬᠣᠷᠠᠯ ᠬᠦᠬᠡᠬᠣᠲᠠ ᠳ᠋ᠦ ᠶᠠᠪᠣᠬᠲᠠᠪᠠ᠃
ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠎ᠶᠢᠨ ᠫᠷᠣᠹᠸᠰᠰᠣᠷ ᠰ᠊·ᠣᠷᠣᠰᠬᠠᠯ᠂ ᠺᠠᠨ ᠬᠠᠢ ᠶᠢᠩ᠎ᠤᠨ ᠡᠷᠬᠢᠯᠡᠨ ᠨᠠᠢᠷᠠᠭᠣᠯᠣᠬᠰᠠᠨ《ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ》 ᠨᠤᠮ ᠨᠢ ᠰᠢᠨ᠎ᠡ ᠲᠣᠮᠲᠠᠲᠣ ᠣᠯᠣᠰ ᠪᠠᠢᠭᠣᠯᠣᠬᠲᠠᠬᠰᠠᠨ ᠡᠴᠡ ᠨᠠᠭᠠᠰᠢᠬᠢ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ᠎ᠤᠨ ᠲᠣᠷᠰᠢᠬᠢ ᠵᠣᠬᠢᠶᠠᠨ ᠪᠦᠲᠦᠭᠡᠯᠭᠡ ᠪᠠ ᠣᠨᠣᠯ ᠰᠢᠬᠦᠮᠵᠢᠯᠡᠯ᠎ᠤᠨ ᠬᠦᠭᠵᠢᠯᠲᠡ ᠬᠣᠪᠢᠰᠣᠯᠲᠠᠶᠢᠨ ᠲᠡᠦᠬᠡᠨ ᠣᠯᠪᠠᠭ᠎ᠠ᠎ᠶᠢ ᠬᠠᠷᠠᠭᠣᠯᠣᠬᠰᠠᠨ ᠲᠡᠦᠬᠡ ᠲᠣᠭᠣᠷᠪᠢᠯᠤᠨ ᠰᠢᠨᠵᠢ ᠪᠦᠬᠦᠢ ᠰᠣᠷᠪᠣᠯᠵᠢ ᠮᠠᠲ᠋ᠸᠷᠢᠶᠠᠯ᠎ᠤᠨ ᠡᠮᠬᠢᠳᠭᠡᠯ ᠪᠣᠯᠣᠨ᠎ᠠ᠃ ᠲᠣᠰ ᠨᠣᠮ ᠲᠦᠷᠪᠡᠨ ᠢᠵᠢ᠂ 373.4 ᠲᠦᠮᠡᠡ ᠦᠰᠦᠭ ᠲᠠᠢ᠂ ᠨᠡᠢᠲᠡ 85 ᠪᠦᠯᠦᠭ ᠵᠢᠡᠷ ᠪᠦᠷᠢᠯᠲᠦᠵᠦ᠂ ᠵᠣᠬᠢᠶᠠᠬᠴᠢ᠎ᠶᠢᠨ ᠲᠠᠨᠢᠯᠴᠠᠭᠣᠯᠭ᠎ᠠ᠂ ᠪᠦᠯᠦᠭ᠎ᠤᠨ ᠲᠠᠨᠢᠯᠴᠠᠭᠣᠯᠭ᠎ᠠ ᠪᠠ ᠪᠦᠯᠦᠭ᠎ᠤᠨ ᠣᠷᠣᠰᠢᠯ ᠰᠢᠬᠦᠮᠵᠢ᠂ ᠵᠣᠬᠢᠶᠠᠯ ᠪᠦᠲᠦᠭᠡᠯ ᠬᠢᠭᠡᠳ ᠵᠣᠬᠢᠶᠠᠬᠴᠢ᠎ᠶᠢᠨ ᠰᠢᠬᠦᠮᠵᠢ ᠵᠡᠷᠭᠡ ᠠᠭᠣᠯᠭ᠎ᠠ᠎ᠶᠢ ᠬᠠᠮᠣᠷᠴᠣ᠂ ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ᠎ᠤᠨ ᠲᠣᠷᠰᠢᠬᠢ ᠬᠠᠮᠣᠬᠤᠨ ᠲᠣᠮᠣ ᠬᠡᠮᠵᠢᠶᠡᠨ᠎ᠤ ᠤᠨ ᠲᠠᠷᠠᠭᠠᠯᠠᠬᠰᠠᠨ ᠰᠢᠬᠦᠮᠵᠢ᠎ᠶᠢᠨ ᠲᠡᠬᠦᠪᠦᠷᠢ ᠪᠣᠯᠬᠣ ᠪᠦᠭᠡᠳ ᠲᠣᠮᠲᠠᠲᠣ ᠣᠯᠣᠰ᠎ᠤᠨ ᠣᠲᠣ ᠦᠶ᠎ᠡ᠎ᠶᠢᠨ ᠮᠣᠩᠭᠣᠯ ᠣᠳᠬ᠎ᠠ ᠵᠣᠬᠢᠶᠠᠯ᠎ᠤᠨ ᠬᠦᠭᠵᠢᠯᠲᠡ᠎ᠶᠢᠨ ᠲᠡᠦᠬᠡ᠎ᠶᠢ ᠬᠠᠷᠠᠭᠣᠯᠣᠬᠰᠠᠨ ᠲᠣᠮᠣ ᠪᠦᠲᠦᠭᠡᠯ ᠪᠣᠯᠬᠣ ᠶᠣᠮ᠃
ᠰᠣᠲᠣᠯᠣᠨ ᠶᠠᠷᠢᠯᠴᠠᠬᠣ ᠬᠣᠷᠠᠯ ᠨᠢ ᠰᠢᠨ᠎ᠡ ᠲᠣᠮᠲᠠᠲᠣ ᠣᠯᠣᠰ ᠪᠠᠢᠭᠣᠯᠣᠬᠲᠠᠬᠰᠠᠨ ᠡᠴᠡ ᠨᠠᠭᠠᠰᠢᠬᠢ ᠲᠠᠯᠠᠨ ᠵᠢᠯ᠎ᠤᠨ ᠲᠣᠷᠰᠢᠬᠢ ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠭᠡᠷᠡᠯ ᠰᠠᠴᠣᠷᠠᠩᠭᠣᠢ ᠠᠮᠵᠢᠯᠲᠠ ᠪᠣᠯᠣᠨ ᠡᠷᠬᠢᠮ ᠨᠠᠨᠳᠢᠨ ᠲᠣᠷᠰᠢᠯᠭ᠎ᠠ᠎ᠶᠢ ᠬᠣᠷᠢᠶᠠᠩᠭᠣᠢᠯᠠᠨ ᠳ᠋ᠦᠩᠨᠡᠵᠦ᠂ ᠲᠣᠮᠲᠠᠲᠣ᠎ᠶᠢᠨ ᠦᠨᠳᠦᠰᠦᠲᠡᠨ᠎ᠤ ᠬᠠᠮᠲᠣ᠎ᠶᠢᠨ ᠴᠣᠬᠴᠠ᠎ᠶᠢᠨ ᠣᠬᠠᠮᠰᠠᠷ᠎ᠢ ᠪᠠᠲᠣ ᠴᠣᠬᠴᠠᠯᠠᠬᠣ ᠪᠡᠷ ᠵᠣᠷᠢᠯᠲᠠ ᠪᠣᠯᠭᠠᠵᠦ᠂ ᠲᠦᠪ᠎ᠤᠨ ᠦᠨᠳᠦᠰᠦᠲᠡᠨ᠎ᠤ ᠶᠡᠬᠡ ᠰᠣᠷᠭᠠᠭᠣᠯᠢ᠂ ᠦᠪᠦᠷ ᠮᠣᠩᠭᠣᠯ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠂ ᠦᠪᠦᠷ ᠮᠣᠩᠭᠣᠯ᠎ᠤᠨ ᠶᠡᠬᠡ ᠰᠣᠷᠭᠠᠭᠣᠯᠢ ᠂ ᠦᠪᠦᠷ ᠮᠣᠩᠭᠣᠯ᠎ᠤᠨ ᠪᠠᠬᠰᠢ᠎ᠶᠢᠨ ᠶᠡᠬᠡ ᠰᠣᠷᠭᠠᠭᠣᠯᠢ᠂ ᠦᠪᠦᠷ ᠮᠣᠩᠭᠣᠯ᠎ᠤᠨ ᠨᠡᠢᠭᠡᠮ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠂ ᠦᠪᠦᠷ ᠮᠣᠩᠭᠣᠯ᠎ᠤᠨ ᠦᠨᠳᠦᠰᠦᠲᠡᠨ᠎ᠤ ᠶᠡᠬᠡ ᠰᠣᠷᠭᠠᠭᠣᠯᠢ ᠵᠡᠷᠭᠡ ᠶᠡᠬᠡ ᠲᠡᠭᠡᠲᠦ ᠰᠣᠷᠭᠠᠭᠣᠯᠢ ᠪᠣᠯᠣᠨ ᠡᠷᠳᠡᠮ ᠰᠢᠨᠵᠢᠯᠡᠭᠡᠨ᠎ᠤ ᠪᠠᠢᠭᠣᠯᠣᠮᠵᠢ ᠡᠴᠡ ᠬᠦᠷᠦᠯᠴᠡᠨ ᠢᠷᠡᠭᠰᠡᠨ 100 ᠭᠠᠷᠣᠢ ᠡᠷᠳᠡᠮᠲᠡᠨ ᠲᠣᠰᠬᠠᠢ ᠮᠡᠷᠭᠡᠵᠢᠯᠲᠡᠨ 《ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ》 ᠬᠢᠭᠡᠳ ᠣᠲᠣ ᠦᠶ᠎ᠡ᠎ᠶᠢᠨ ᠮᠣᠩᠭᠣᠯ ᠣᠳᠬ᠎ᠠ ᠵᠣᠬᠢᠶᠠᠯ᠎ᠤᠨ ᠬᠦᠭᠵᠢᠯᠲᠡ᠎ᠶᠢᠨ ᠰᠣᠲᠣᠯᠭᠠᠨ᠂ ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠡᠦᠬᠡ ᠪᠢᠴᠢᠯᠭᠡ᠎ᠶᠢᠨ ᠰᠣᠲᠣᠯᠭᠠᠨ᠂ ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠰᠢᠬᠦᠮᠵᠢᠯᠡᠯ᠎ᠤᠨ ᠲᠡᠦᠬᠡ ᠪᠢᠴᠢᠯᠭᠡ᠎ᠶᠢᠨ ᠰᠣᠲᠣᠯᠭᠠᠨ᠂ ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ ᠬᠢᠭᠡᠳ ᠦᠨᠳᠦᠰᠦᠲᠡᠨ᠎ᠤ ᠣᠳᠬ᠎ᠠ ᠵᠣᠬᠢᠶᠠᠯ᠎ᠤᠨ ᠰᠣᠯᠢᠯᠴᠠᠭ᠎ᠠ ᠠᠭᠣᠰᠣᠯᠴᠠᠯ᠎ᠤᠨ ᠰᠣᠲᠣᠯᠭᠠᠨ ᠵᠡᠷᠭᠡ ᠰᠡᠳᠦᠪ᠎ᠤᠨ ᠲᠣᠭᠣᠷᠢᠨ ᠳ᠋ᠦ ᠬᠦᠭᠵᠢᠶᠡᠨ᠎ᠲᠠᠢ ᠶᠠᠷᠢᠯᠴᠠᠭ᠎ᠠ ᠦᠷᠨᠢᠬᠦᠯᠵᠦ᠂ ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ》 ᠭᠡᠬᠦ ᠨᠣᠮ ᠨᠢ ᠴᠠᠬ᠎ᠤᠨ ᠲᠠᠯ᠎ᠠ ᠪᠡᠷ ᠲᠠᠯᠠᠨ ᠵᠢᠯ᠎ᠤᠨ ᠲᠣᠷᠰᠢᠬᠢ ᠮᠣᠩᠭᠣᠯ ᠣᠳᠬ᠎ᠠ ᠵᠣᠬᠢᠶᠠᠯ᠎ᠤᠨ ᠣᠯᠠᠷᠢᠯ ᠬᠣᠪᠢᠰᠣᠯᠲᠠᠶᠢ ᠪᠣᠰᠣᠳᠴᠢ ᠪᠡᠷ ᠲᠣᠰᠬᠠᠵᠦ᠂ ᠣᠳᠬ᠎ᠠ ᠵᠣᠬᠢᠶᠠᠯ᠎ᠤᠨ ᠦᠵᠡᠭᠲᠡᠯ᠎ᠤᠨ ᠲᠣᠭᠣᠷᠢᠨ ᠳ᠋ᠦ ᠰᠡᠳᠦᠪ ᠵᠢᠬᠰᠠᠭᠠᠨ ᠰᠡᠳᠦᠪ᠎ᠤᠨ ᠱᠠᠭᠠᠷᠲᠠᠯᠭ᠎ᠠ ᠲᠠᠭᠠᠣ ᠵᠣᠬᠢᠶᠠᠯᠴᠢ ᠪᠣᠯᠣᠨ ᠵᠣᠬᠢᠶᠠᠯ ᠪᠦᠲᠦᠭᠡᠯ᠎ᠤᠨ ᠲᠣᠬᠠᠢ ᠰᠢᠬᠦᠮᠵᠢ ᠪᠡᠷ ᠭᠣᠣᠯᠯᠠᠵᠦ᠂ ᠪᠠᠶᠠᠯᠢᠬ ᠮᠠᠲ᠋ᠸᠷᠢᠶᠠᠯ ᠬᠠᠩᠭᠠᠬᠰᠠᠨ ᠶ᠋ᠢᠡᠷ ᠶ᠋ᠢᠡᠨ ᠡᠷᠳᠡᠮ ᠰᠢᠨᠵᠢᠯᠡᠭᠡᠨ᠎ᠤ ᠦᠨᠳᠦᠷ ᠦᠨ᠎ᠡ ᠴᠡᠨ᠎ᠡ ᠲᠠᠢ ᠪᠣᠯᠣᠬᠰᠠᠨ ᠭᠡᠵᠦ ᠦᠨᠡᠯᠡᠵᠡᠭᠡᠭᠰᠡᠨ ᠪᠠᠢᠨ᠎ᠠ᠃
ᠰᠣᠲᠣᠯᠣᠨ ᠶᠠᠷᠢᠯᠴᠠᠬᠣ ᠬᠣᠷᠠᠯ᠎ᠤᠨ ᠠᠬᠣᠢ ᠲᠠᠯᠠᠪᠠᠢ ᠳ᠋ᠦ ᠪᠠᠰᠠ ᠦᠪᠦᠷ ᠮᠣᠩᠭᠣᠯ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠂ ᠦᠪᠦᠷ ᠮᠣᠩᠭᠣᠯ᠎ᠤᠨ ᠶᠡᠬᠡ ᠰᠣᠷᠭᠠᠭᠣᠯᠢ᠎ᠶᠢᠨ ᠨᠣᠮ᠎ᠤᠨ ᠰᠠᠩ᠂ ᠦᠪᠦᠷ ᠮᠣᠩᠭᠣᠯ᠎ᠤᠨ ᠪᠠᠬᠰᠢ᠎ᠶᠢᠨ ᠶᠡᠬᠡ ᠰᠣᠷᠭᠠᠭᠣᠯᠢ᠎ᠶᠢᠨ ᠮᠣᠩᠭᠣᠯ ᠰᠣᠲᠣᠯᠣᠯᠤᠨ ᠲᠡᠭᠡᠲᠦ ᠰᠣᠷᠭᠠᠭᠣᠯᠢ᠂ ᠦᠪᠦᠷ ᠮᠣᠩᠭᠣᠯ᠎ᠤᠨ ᠣᠳᠬ᠎ᠠ ᠵᠣᠬᠢᠶᠠᠯ᠎ᠤᠨ ᠣᠷᠲᠣᠨ᠂ ᠬᠦᠬᠡᠬᠣᠲᠠ ᠦᠨᠳᠦᠰᠦᠲᠡᠨ᠎ᠤ ᠲᠡᠭᠡᠲᠦ ᠰᠣᠷᠭᠠᠭᠣᠯᠢ᠎ᠶᠢᠨ ᠣᠬᠰᠠᠭᠠᠲᠠᠨ ᠵᠦᠢ᠎ᠶᠢᠨ ᠲᠡᠭᠡᠲᠦ ᠰᠣᠷᠭᠠᠭᠣᠯᠢ ᠳ᠋ᠦ 《ᠲᠣᠮᠲᠠᠲᠣ ᠣᠯᠣᠰ᠎ᠤᠨ ᠮᠣᠩᠭᠣᠯ ᠣᠳᠬ᠎ᠠ ᠵᠣᠬᠢᠶᠠᠯ᠎ᠤᠨ ᠲᠠᠯᠠᠨ ᠵᠢᠯ 》 ᠭᠡᠬᠦ ᠨᠣᠮ᠎ᠢ ᠬᠠᠨᠳᠢᠪᠯᠠᠨ ᠬᠦᠷᠭᠡᠵᠡᠢ᠃