ᠲᠥᠷᠥ᠎ᠶ᠋ᠢᠨ ᠶᠠᠪᠤᠳᠠᠯ ᠎ᠤᠨ ᠬᠣᠷᠢᠶ᠎ᠠ 《ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠢ ᠶᠡᠷᠦᠩᠬᠡᠢᠯᠡᠨ ᠵᠠᠰᠠᠬᠤ ᠠᠵᠢᠯᠯᠠᠭᠠᠨ᠎ᠤ ᠲᠥᠯᠥᠪᠯᠡᠭᠡ》 ᠳᠠᠷᠤᠮᠠᠯᠯᠠᠨ ᠲᠠᠷᠬᠠᠭᠠᠪᠠ
2026-01-07 09:53:02
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠲᠦᠷᠦᠭᠦᠬᠡᠨ᠂ ᠲᠥᠷᠥ᠎ᠶ᠋ᠢᠨ ᠶᠠᠪᠤᠳᠠᠯ᠎ᠤᠨ ᠬᠣᠷᠢᠶ᠎ᠠ 《ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠢ ᠶᠡᠷᠦᠩᠬᠡᠢᠯᠡᠨ ᠵᠠᠰᠠᠬᠤ ᠠᠵᠢᠯᠯᠠᠭᠠᠨ ᠎ᠤ ᠲᠥᠯᠥᠪᠯᠡᠭᠡ》 (ᠳᠣᠷᠣᠭ᠍ᠰᠢ 《ᠠᠵᠢᠯᠯᠠᠭᠠᠨ᠎ᠤ ᠲᠥᠯᠥᠪᠯᠡᠭᠡ》 ᠭᠡᠵᠦ᠍ ᠲᠣᠪᠴᠢᠯᠠᠨ᠎ᠠ) ᠶ᠋ᠢ ᠳᠠᠷᠤᠮᠠᠯᠯᠠᠨ ᠲᠠᠷᠬᠠᠭᠠᠪᠠ᠃

《ᠠᠵᠢᠯᠯᠠᠭᠠᠨ᠎ᠤ ᠲᠥᠯᠥᠪᠯᠡᠭᠡ》 ᠨᠢ  ᠰᠢ ᠵᠢᠨ ᠫᠢᠩ ᠎ᠦᠨ ᠱᠢᠨ᠎ᠡ ᠴᠠᠭ ᠦᠶ᠎ᠡ᠎ᠶ᠋ᠢᠨ ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠤᠯᠭᠠᠵᠤ᠂ ᠨᠠᠮ᠎ᠤᠨ ᠬᠣᠷᠢᠳᠤᠭᠠᠷ ᠶᠡᠬᠡ ᠬᠤᠷᠠᠯ ᠪᠠ ᠨᠠᠮ ᠎ᠤᠨ ᠬᠣᠷᠢᠳᠤᠭᠠᠷ ᠬᠤᠭᠤᠴᠠᠭᠠᠨ᠎ᠤ ᠲᠦᠪ ᠬᠤᠷᠢᠶ᠎ᠠ ᠵᠢᠨ ᠤᠳᠠᠭ᠎ᠠ ᠪᠦᠷᠢ ᠎ᠶ᠋ᠢᠨ ᠪᠦᠭᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠰᠢᠯᠠᠭᠤᠯᠵᠤ᠂ ᠱᠢᠨ᠎ᠡ ᠬᠥᠭ᠌ᠵᠢᠯᠲᠡ᠎ᠶ᠋ᠢᠨ ᠣᠢᠯᠠᠭᠠᠭ᠍ᠳᠠᠬᠤᠨ᠎ᠢ ᠪᠦᠷᠢᠨ ᠪᠦᠲᠦᠨ ᠵᠦᠪ ᠣᠨᠣᠪᠴᠢᠲᠠᠶ ᠪᠦᠬᠦ᠌ ᠲᠠᠯ᠎ᠠ ᠎ᠪᠠᠷ ᠲᠤᠭᠤᠱᠢᠯᠠᠭᠤᠯᠵᠤ᠂ ᠬᠡᠮᠵᠢᠶ᠎ᠡ᠎ᠶ᠋ᠢ ᠪᠠᠭᠠᠰᠭᠠᠬᠤ᠂ ᠡᠬᠢ ᠪᠠᠶᠠᠯᠢᠭ᠍ᠵᠢᠭᠤᠯᠬᠤ᠂ ᠬᠣᠣᠷ ᠦᠭᠡᠢ᠌ᠳᠡᠬᠦᠯᠬᠦ᠌ ᠵᠠᠷᠴᠢᠮ ᠶᠣᠰᠣᠭᠠᠷ ᠱᠢᠰᠲ᠋ᠧᠮ᠎ᠲᠡᠶ ᠠᠬᠢᠭᠤᠯᠬᠤ ᠪᠠ ᠭᠤᠤᠯᠳᠠᠯᠭ᠎ᠠ᠎ᠲᠠᠶ ᠪᠣᠭᠣᠮᠲᠠ ᠱᠢᠪᠲᠤᠯᠬᠤ᠎ᠶ᠋ᠢ ᠪᠠᠷᠢᠮᠲᠠᠯᠠᠵᠤ᠂ ᠳᠤᠲᠠᠭᠤᠳᠠᠯ ᠪᠠᠭᠤᠷᠠᠢ ᠲᠠᠯ᠎ᠠ᠎ᠪᠠᠨ ᠨᠥᠬᠥᠪᠥᠷᠢᠯᠡᠬᠦ᠌ ᠵᠢ ᠲᠦᠷᠭᠡᠳᠭᠡᠵᠦ᠂ ᠭᠤᠤᠯᠳᠠᠯᠭ᠎ᠠ᠎ᠲᠠᠶ ᠬᠦᠷᠢᠶ᠎ᠡ᠎ᠴᠠᠷᠠᠭ᠎ᠠ᠂ ᠭᠣᠣᠯᠳᠠᠯᠭ᠎ᠠ᠎ᠲᠠᠶ ᠭᠠᠵᠠᠷ ᠣᠷᠣᠨ᠂ ᠭᠣᠣᠯᠳᠠᠯᠭ᠎ᠠ᠎ᠲᠠᠶ ᠠᠰᠠᠭᠤᠳᠠᠯ᠎ᠳᠦ ᠴᠢᠭᠯᠡᠭᠦᠯᠵᠦ᠂ ᠲᠤᠰᠭᠠᠢ ᠴᠡᠭ᠌ᠴᠡᠯᠡᠨ ᠵᠠᠰᠠᠬᠤ ᠠᠵᠢᠯ ᠎ᠢ ᠭᠦᠨᠵᠡᠭᠡᠢ ᠥᠷᠨᠢᠭᠦᠯᠵᠦ᠂ ᠪᠢᠲᠡᠭᠦᠤ ᠭᠤᠬᠴᠤᠭᠠᠳᠤ ᠬᠠᠮᠢᠶᠠᠷᠤᠯᠲᠠ᠎ᠶ᠋ᠢ ᠴᠢᠩᠭ᠎ᠠ ᠬᠡᠷᠡᠭ᠌ᠵᠢᠭᠦᠯᠵᠦ᠂ ᠡᠬᠢ ᠡᠭᠦᠰᠦᠯ᠎ᠡᠴᠡ᠎ᠨᠢ ᠪᠠᠭᠠᠰᠭᠠᠬᠤ᠂ ᠫᠷᠤᠼ ᠎ᠤᠨ ᠬᠠᠮᠢᠶᠠᠷᠤᠯᠲᠠ ᠡᠵᠡᠮᠳᠡᠯ᠂ ᠡᠴᠦᠰ ᠎ᠤᠨ ᠬᠡᠯᠬᠢᠶ᠎ᠡ ᠳ᠋ᠤ ᠠᠱᠢᠭ᠍ᠯᠠᠬᠤ ᠪᠠ ᠪᠦᠬᠦ᠌ ᠬᠡᠯᠬᠢᠶ᠎ᠡ᠎ᠪᠡᠷ ᠬᠤᠤᠷ ᠥᠬᠡᠢᠳᠡᠭᠦᠯᠬᠦ᠌ ᠬᠠᠮᠢᠶᠠᠷᠤᠯᠲᠠ᠎ᠶ᠋ᠢᠨ ᠬᠠᠲᠠᠭᠤ ᠪᠡᠶᠡᠲᠦ ᠬᠠᠶᠠᠭ᠍ᠳᠠᠮᠠᠯ ᠪᠤᠳᠠᠰ ᠦ᠋ᠨ ᠶᠡᠷᠦᠩᠬᠡᠢᠯᠡᠨ ᠵᠠᠰᠠᠬᠤ ᠱᠢᠰᠲ᠋ᠧᠮ ᠎ᠢ ᠪᠠᠢᠭᠤᠯᠵᠤ᠂ ᠣᠯᠠᠨ ᠲᠦᠮᠡᠨ᠎ᠦ ᠠᠮᠢᠳᠤᠷᠠᠯ᠂ ᠠᠶᠤᠯᠭᠦᠶ ᠦᠶ᠋ᠯᠡᠳᠪᠦᠷᠢᠯᠡᠯ᠎ᠲᠡᠶ ᠨᠢᠭ᠍ᠲᠠ ᠬᠣᠯᠪᠣᠭ᠎ᠠ᠎ᠲᠠᠶ ᠬᠠᠲᠠᠭᠤ ᠪᠡᠶᠡᠲᠦ ᠬᠠᠶᠠᠭ᠍ᠳᠠᠮᠠᠯ ᠪᠣᠳᠠᠰ ᠎ᠢ ᠤᠷᠢᠳ᠎ᠢᠶᠡᠷ ᠴᠡᠭᠴᠡᠯᠡᠨ ᠵᠠᠰᠠᠵᠤ᠂ ᠶᠡᠷᠦᠩᠬᠡᠢᠯᠡᠨ ᠵᠠᠰᠠᠬᠤ ᠤᠷᠲᠤ ᠬᠤᠭᠤᠴᠠᠭᠠᠨ ᠎ᠤ ᠪᠦᠲᠦᠮᠵᠢᠲᠡᠶ ᠲᠣᠭ᠍ᠲᠠᠴᠠ ᠎ᠶ᠋ᠢ ᠲᠦᠷᠭᠡᠳᠭᠡᠨ ᠲᠡᠭᠦᠯᠳᠡᠷᠵᠢᠭᠦᠯᠵᠦ᠂ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠤᠨ ᠨᠡᠮᠡᠭ᠌ᠳᠡᠬᠦ᠌ ᠬᠠᠨᠳᠤᠰᠢ᠎ᠶ᠋ᠢ ᠡᠷᠡᠰ ᠬᠣᠷᠢᠭ᠍ᠯᠠᠬᠤ ᠪᠤᠯᠤᠨ᠎ᠠ᠃

《ᠠᠵᠢᠯᠯᠠᠭᠠᠨ ᠎ᠤ ᠲᠥᠯᠥᠪᠯᠡᠭᠡ》 ᠳ᠋ᠤ᠂ 2030 ᠣᠨ ᠪᠣᠯᠬᠤ᠎ᠳᠤ᠂ ᠭᠤᠤᠯᠳᠠᠯᠭ᠎ᠠ᠎ᠲᠠᠶ ᠬᠦᠷᠢᠶᠡᠨ᠎ᠳᠡᠬᠢ ᠬᠠᠲᠠᠭᠤ ᠪᠡᠶᠡᠲᠦ ᠬᠠᠶᠠᠭ᠍ᠳᠠᠮᠠᠯ ᠪᠣᠳᠠᠰ ᠎ᠢ ᠲᠤᠰᠭᠠᠶ ᠴᠡᠭ᠌ᠴᠡᠯᠡᠨ ᠵᠠᠰᠠᠬᠤ ᠠᠵᠢᠯ ᠢᠯᠡᠳᠲᠡ ᠦᠷ᠎ᠡ ᠪᠦᠲᠦᠮᠵᠢ ᠣᠯᠵᠤ᠂ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠤᠨ ᠣᠪᠣᠭᠠᠯᠠᠵᠤ ᠬᠠᠳᠠᠭᠠᠯᠠᠬᠤ ᠬᠡᠮᠵᠢᠶ᠎ᠡ᠎ᠶ᠋ᠢ ᠪᠦᠲᠦᠮᠵᠢᠲᠡᠶ ᠬᠠᠮᠢᠶᠠᠷᠤᠨ ᠡᠵᠡᠮᠳᠡᠵᠦ᠍᠂ ᠬᠠᠤᠯᠢ ᠪᠤᠰᠤ᠎ᠪᠠᠷ ᠴᠢᠳᠭᠤᠨ ᠱᠢᠶ᠋ᠳᠪᠦᠷᠢᠯᠡᠬᠦ᠌ ᠶᠠᠪᠤᠳᠠᠯ ᠣᠯᠠᠨ ᠭᠠᠷᠬᠤ ᠪᠠᠢᠳᠠᠯ᠎ᠢ ᠬᠣᠷᠢᠭ᠍ᠯᠠᠵᠤ᠂ ᠶᠡᠬᠡ ᠬᠡᠮᠵᠢᠶᠡᠨ᠎ᠦ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠢ ᠶᠡᠷᠦᠩᠬᠡᠢᠯᠡᠨ ᠠᠱᠢᠭ᠍ᠯᠠᠬᠤ ᠬᠡᠮᠵᠢᠶ᠎ᠡ᠎ᠶ᠋ᠢ 45 ᠳ᠋ᠦᠩᠱᠢᠭᠤᠷ ᠲᠣᠨ᠎ᠳᠤ ᠬᠦᠷᠭᠡᠵᠦ᠍᠂ ᠭᠤᠤᠯ ᠪᠣᠯᠬᠤ ᠳᠠᠬᠢᠠ ᠠᠰᠢᠬᠯᠠᠵᠤ ᠪᠤᠯᠬᠤ ᠡᠬᠢ ᠪᠠᠶᠠᠯᠢᠭ᠎ᠤᠨ ᠵᠢᠯ᠎ᠦᠨ ᠡᠷᠬᠢᠯᠳᠦᠬᠦᠯᠦᠨ ᠠᠱᠢᠭ᠍ᠯᠠᠬᠤ ᠬᠡᠮᠵᠢᠶ᠎ᠡ᠎ᠶ᠋ᠢ 5.1 ᠳ᠋ᠦᠩᠱᠢᠭᠤᠷ ᠲᠣᠨ᠎ᠳᠤ ᠬᠦᠷᠭᠡᠵᠦ᠍᠂ ᠬᠠᠲᠠᠭᠤ ᠪᠡᠶᠡᠲᠦ ᠬᠠᠶᠠᠭ᠍ᠳᠠᠮᠠᠯ ᠪᠣᠳᠠᠰ ᠎ᠢ ᠶᠡᠷᠦᠩᠬᠡᠢᠯᠡᠨ ᠵᠠᠰᠠᠬᠤ ᠴᠢᠳᠠᠪᠤᠷᠢ ᠪᠠ ᠬᠢᠷᠢ ᠲᠦᠪᠱᠢᠨ᠎ᠢ ᠢᠯᠡᠳᠲᠡ ᠳᠡᠭᠡᠭ᠌ᠰᠢᠯᠡᠭᠦᠯᠪᠡ᠃

《ᠠᠵᠢᠯᠯᠠᠭᠠᠨ ᠎ᠤ ᠲᠥᠯᠥᠪᠯᠡᠭᠡ》 ᠨᠢ ᠠᠵᠤ ᠦᠢᠯᠡᠳᠪᠦᠷᠢ᠂ ᠬᠣᠲᠠ ᠪᠠᠯᠭᠠᠰᠤ᠂ ᠲᠠᠷᠢᠶᠠᠯᠠᠩ ᠣᠢ ᠱᠢᠭᠤᠶ ᠵᠡᠷᠭᠡ ᠭᠤᠤᠯ ᠪᠣᠯᠬᠤ ᠦᠢᠯᠡᠳᠪᠦᠷᠢᠯᠡᠯ ᠎ᠤᠨ ᠬᠠᠶᠠᠭᠳᠠᠮᠠᠯ ᠪᠤᠳᠠᠰ᠎ᠤᠨ ᠬᠦᠷᠢᠶᠡᠨ ᠎ᠳ᠋ᠦ᠍ ᠠᠩᠬᠠᠷᠤᠯ᠎ᠢᠶᠠᠨ ᠲᠥᠪᠯᠡᠷᠡᠭᠦᠯᠵᠦ᠂ ᠪᠦᠬᠦ᠌ ᠬᠡᠯᠬᠢᠶ᠎ᠡ᠎ᠪᠡᠷ ᠶᠡᠷᠦᠩᠬᠡᠢᠯᠡᠨ ᠵᠠᠰᠠᠬᠤ ᠰᠡᠳᠭᠢᠮᠵᠢ ᠶᠣᠰᠣᠭᠠᠷ᠂ ᠡᠯ᠎ᠡ ᠭᠣᠭ᠍ᠴᠣᠭ᠎ᠠ᠎ᠶ᠋ᠢ ᠵᠠᠰᠠᠬᠤ ᠡᠭᠦᠷᠭᠡ᠎ᠶ᠋ᠢ ᠤᠯᠠᠮ ᠨᠢᠭᠡ ᠠᠯᠬᠤᠮ ᠲᠣᠳᠣᠷᠬᠠᠢᠯᠠᠵᠤ᠂ ᠡᠬᠢ ᠡᠭᠦᠰᠦᠯ᠎ᠡᠴᠡ᠎ᠨᠢ ᠬᠠᠮᠢᠶᠠᠷᠤᠨ ᠡᠵᠡᠮᠳᠡᠬᠦ᠌ ᠪᠠ ᠬᠡᠮᠵᠢᠶ᠎ᠡ᠎ᠶ᠋ᠢ ᠪᠠᠭᠠᠰᠭᠠᠬᠤ᠎ᠶ᠋ᠢ ᠠᠬᠢᠭᠤᠯᠵᠤ᠂ ᠴᠤᠭ᠍ᠯᠠᠭᠤᠯᠤᠨ ᠲᠡᠭᠡᠭᠡᠪᠦᠷᠢᠯᠡᠬᠦ᠌ ᠪᠠ ᠬᠠᠳᠠᠭᠠᠯᠠᠬᠤ᠎ᠶ᠋ᠢ ᠵᠢᠷᠤᠮᠵᠢᠭᠤᠯᠵᠤ᠂ ᠡᠬᠢ ᠪᠠᠶᠠᠯᠢᠭ᠍ᠵᠢᠭᠤᠯᠤᠨ ᠠᠱᠢᠭ᠍ᠯᠠᠬᠤ ᠬᠢᠷᠢ ᠲᠦᠪᠰᠢᠨ᠎ᠢ ᠳᠡᠭᠡᠭ᠌ᠰᠢᠯᠡᠭᠦᠯᠵᠦ᠂ ᠬᠤᠤᠷ ᠥᠬᠡᠢᠳᠡᠭᠦᠯᠦᠨ ᠵᠠᠰᠠᠬᠤ ᠴᠢᠳᠠᠪᠤᠷᠢ᠎ᠶ᠋ᠢ ᠴᠢᠩᠭᠠᠷᠠᠭᠤᠯᠵᠤ᠂ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠢ ᠬᠠᠤᠯᠢ ᠪᠤᠰᠤ᠎ᠪᠠᠷ ᠴᠢᠳᠭᠤᠨ ᠱᠢᠢᠳᠪᠦᠷᠢᠯᠡᠬᠦ᠌᠂ ᠠᠮᠢᠳᠤᠷᠠᠯ᠎ᠤᠨ ᠬᠣᠭ ᠨᠣᠪᠰᠢ᠎ᠶ᠋ᠢ ᠪᠤᠯᠠᠬᠤ ᠲᠠᠯᠠᠪᠠᠢ ᠎ᠶ᠋ᠢᠨ ᠣᠷᠴᠢᠨ ᠲᠣᠭᠣᠷᠢᠨ᠎ᠤ ᠪᠣᠬᠢᠷᠲᠤᠯ᠎ᠤᠨ  ᠭᠡᠮ ᠰᠤᠭᠤᠭ᠂ ᠪᠠᠷᠢᠯᠭ᠎ᠠ᠎ᠶ᠋ᠢᠨ ᠬᠣᠭ ᠨᠣᠪᠰᠢ᠂ ᠲᠡᠦᠬᠡᠨ᠎ᠡᠴᠡ ᠦᠯᠡᠳᠡᠭ᠌ᠳᠡᠭ᠌ᠰᠡᠨ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠢ ᠣᠪᠣᠭᠠᠯᠠᠨ ᠬᠠᠳᠠᠭᠠᠯᠠᠬᠤ ᠲᠠᠯᠠᠪᠤᠷ᠂ ᠹᠣᠰᠹᠣᠷᠳᠤ ᠵᠤᠭᠠᠩ ᠵᠡᠷᠭᠡ ᠭᠤᠤᠯᠳᠠᠯᠭ᠎ᠠ᠎ᠲᠠᠶ ᠬᠦᠷᠢᠶᠡᠨ᠎ᠦ ᠲᠤᠰᠭᠠᠶ ᠴᠡᠭ᠌ᠴᠡᠯᠡᠨ ᠵᠠᠰᠠᠯᠲᠠ ᠵᠢ ᠪᠠᠢᠷᠢᠯᠠᠭᠤᠯᠤᠨ ᠥᠷᠨᠢᠭᠦᠯᠵᠦ᠂ ᠪᠦᠬᠦ᠌ ᠶᠠᠪᠤᠴᠠ᠎ᠶ᠋ᠢᠨ ᠬᠢᠨᠠᠯᠲᠠ ᠬᠠᠮᠢᠶᠠᠷᠤᠯᠲᠠ ᠪᠠ ᠬᠠᠤᠯᠢ ᠬᠡᠷᠡᠭ᠌ᠵᠢᠭᠦᠯᠦᠯᠲᠡ᠎ᠶ᠋ᠢᠨ ᠬᠢᠨᠠᠨ ᠪᠠᠢᠴᠠᠭᠠᠯᠲᠠ᠎ᠶ᠋ᠢ ᠴᠢᠩᠳᠠᠯᠠᠵᠤ᠂ ᠬᠠᠤᠯᠢ ᠲᠣᠭ᠍ᠲᠠᠭᠠᠯ᠎ᠤᠨ ᠪᠠᠷᠢᠮᠵᠢᠶ᠎ᠠ ᠪᠠ ᠮᠡᠷᠭᠡᠵᠢᠯ᠎ᠦᠨ ᠱᠢᠰᠲ᠋ᠧᠮ ᠎ᠢ ᠲᠡᠭᠦᠯᠳᠡᠷᠵᠢᠭᠦᠯᠵᠦ᠂ ᠲᠥᠷᠥ᠎ᠶ᠋ᠢᠨ ᠪᠣᠳᠣᠯᠭ᠎ᠠ᠎ᠶ᠋ᠢᠨ ᠪᠠᠲᠤᠯᠠᠭ᠎ᠠ᠎ᠶ᠋ᠢ ᠴᠢᠩᠭᠠᠳᠭᠠᠪᠠ᠃

《ᠠᠵᠢᠯᠯᠠᠭᠠᠨ᠎ᠤ ᠲᠥᠯᠥᠪᠯᠡᠭᠡ》᠎ᠳ᠋ᠤ᠂ ᠡᠯ᠎ᠡ ᠭᠠᠵᠠᠷ ᠣᠷᠣᠨ ᠡᠯ᠎ᠡ ᠬᠣᠯᠪᠣᠭ᠍ᠳᠠᠯ ᠪᠥᠬᠥᠶ ᠰᠠᠯᠠᠭ᠎ᠠ ᠮᠥᠴᠢᠷ ᠨᠠᠮ᠎ᠤᠨ ᠲᠥᠪ ᠬᠤᠷᠢᠶ᠎ᠠ ᠵᠢᠨ ᠲᠥᠪᠯᠡᠷᠡᠩᠭᠦᠶ ᠨᠢᠭᠡᠳᠦᠯᠲᠡᠶ ᠤᠳᠤᠷᠢᠳᠤᠯᠭ᠎ᠠ ᠳᠤᠤᠷ᠎ᠠ᠂ ᠪᠣᠳᠠᠲᠤ ᠪᠠᠢᠳᠠᠯ᠎ᠲᠠᠶ᠎ᠪᠠᠨ ᠤᠶᠠᠯᠳᠤᠭᠤᠯᠤᠨ ᠲᠤᠭᠤᠰᠢᠯᠠᠭᠤᠯᠤᠨ ᠨᠠᠢᠳᠠᠪᠤᠷᠢᠵᠢᠭᠤᠯᠬᠤ ᠠᠵᠢᠯ ᠎ᠢ ᠰᠠᠢᠲᠤᠷ ᠠᠳᠭᠤᠬᠤ ᠬᠡᠷᠡᠭ᠌ᠲᠡᠶ᠃ ᠣᠷᠣᠨ ᠨᠤᠲᠤᠭ᠎ᠤᠨ ᠡᠯ᠎ᠡ ᠱᠠᠲᠤᠨ᠎ᠤ ᠵᠠᠰᠠᠭ ᠎ᠤᠨ ᠣᠷᠳᠣᠨ ᠭᠤᠤᠯ ᠴᠣᠭ᠍ᠴᠠ᠎ᠶ᠋ᠢᠨ ᠬᠠᠷᠢᠭᠤᠴᠠᠯᠭ᠎ᠠ᠎ᠪᠠᠨ ᠦᠨᠡᠨ ᠬᠦ᠌ ᠭᠦᠢᠴᠡᠳᠭᠡᠵᠦ᠍᠂ ᠠᠵᠢᠯ ᠎ᠤᠨ ᠳᠦᠷᠢᠮ ᠎ᠢᠶᠡᠨ ᠲᠡᠭᠦᠯᠳᠡᠷᠵᠢᠭᠦᠯᠦᠨ᠂ ᠬᠠᠷᠠᠯᠲᠠ ᠡᠭᠦᠷᠭᠡ᠎ᠪᠡᠨ ᠨᠠᠷᠢᠯᠢᠬ᠍ᠵᠢᠭᠤᠯᠵᠤ᠂ ᠨᠠᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ᠎ᠶ᠋ᠢ ᠦᠨᠡᠨ ᠬᠦ᠌ ᠪᠠᠲᠤᠯᠠᠬᠤ ᠬᠡᠷᠡᠭᠳᠡᠢ᠃ ᠡᠯ᠎ᠡ ᠬᠣᠯᠪᠣᠭ᠍ᠳᠠᠯ ᠪᠥᠬᠥᠶ ᠰᠠᠯᠠᠭ᠎ᠠ ᠮᠥᠴᠢᠷ ᠡᠭᠦᠷᠭᠡ ᠬᠠᠷᠢᠭᠤᠴᠠᠯᠭ᠎ᠠ᠎ᠶ᠋ᠢᠨ ᠠᠵᠢᠯ᠎ᠤᠨ ᠬᠤᠪᠢᠶᠠᠷᠢᠯᠠᠯ ᠶᠣᠰᠣᠭᠠᠷ᠂ ᠭᠤᠤᠯᠳᠠᠯᠭ᠎ᠠ᠎ᠲᠠᠶ ᠡᠭᠦᠷᠭᠡ᠎ᠶ᠋ᠢ ᠨᠠᠢᠳᠠᠪᠤᠷᠢᠵᠢᠭᠤᠯᠵᠤ᠂ ᠠᠵᠢᠯ᠎ᠤᠨ ᠬᠠᠮᠳᠤᠷᠠᠯ ᠬᠦᠴᠦᠨ᠎ᠢ ᠪᠦᠷᠢᠯᠳᠦᠭᠦᠯᠬᠦ ᠬᠡᠷᠡᠭᠳᠡᠢ᠃ 《ᠬᠡᠨ ᠪᠣᠬᠢᠷᠲᠤᠭᠤᠯᠪᠠᠯ ᠬᠡᠨ ᠵᠠᠰᠠᠬᠤ》 ᠶ᠋ᠢ ᠪᠠᠷᠢᠮᠲᠠᠯᠠᠵᠤ᠂ ᠬᠠᠲᠠᠭᠤ ᠪᠡᠶᠡᠲᠦ ᠬᠠᠶᠠᠭ᠍ᠳᠠᠮᠠᠯ ᠪᠣᠳᠠᠰ᠎ᠤᠨ ᠪᠣᠬᠢᠷᠲᠤᠯ᠎ᠤᠨ ᠭᠤᠤᠯ ᠴᠣᠭ᠍ᠴᠠ ᠎ᠶ᠋ᠢ ᠰᠡᠷᠭᠡᠢᠯᠡᠨ ᠵᠠᠰᠠᠬᠤ ᠬᠠᠷᠢᠭᠤᠴᠠᠯᠭ᠎ᠠ᠎ᠶ᠋ᠢ ᠪᠣᠳᠠᠲᠠᠢᠵᠢᠭᠤᠯᠬᠤ ᠬᠡᠷᠡᠭᠳᠡᠢ ᠭᠡᠵᠦ ᠱᠠᠭᠠᠷᠳᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号