ᠴᠠᠰᠤᠲᠤ ᠳᠠᠯ᠎ᠠ᠎ᠳᠤ ᠭᠠᠩᠭᠠᠷᠠᠭᠰᠠᠨ ᠴᠠᠭᠠᠨ ᠰᠢᠷᠡᠭᠡᠲᠤ ᠵᠢᠨ ᠮᠤᠷᠢᠳᠠᠢ ᠠᠶᠠᠯᠠᠯ
2026-01-07 10:50:21
ᠵᠣᠬᠢᠶᠠᠭ᠍ᠴᠢ᠄
ᠳ ᠂ ᠪᠠᠢᠭᠠᠯᠢ
ᠣᠩᠱᠢᠭ᠍ᠰᠠᠨ ᠣᠳᠠᠭ᠎ᠠ᠄
★★★☆☆

2025ᠤᠨ ᠎ᠤ 12 ᠰᠠᠷ᠎ᠠ᠎ᠶᠢᠨ 28 ᠎ᠦ ᠡᠳᠦᠷ᠂ ᠵᠡᠭᠦᠨ ᠦᠵᠦᠮᠦᠴᠢᠨ ᠬᠤᠰᠢᠭᠣᠨ᠎ᠤ ᠮᠠᠨᠳᠤᠬᠤᠪᠤᠯᠠᠭ ᠪᠠᠯᠭᠠᠰᠤᠨ᠎ᠤ ᠮᠠᠨᠳᠤᠬᠤᠪᠤᠯᠠᠭ ᠭᠠᠴᠠᠭᠠᠨ᠎ᠤ ᠮᠠᠯᠴᠢᠨ ᠬᠤᠤᠰᠪᠠᠶᠠᠷ ᠡᠬᠡᠨᠡᠷ ᠮᠦᠩᠭᠦᠨᠴᠡᠴᠡᠭ ᠲᠠᠢ ᠪᠠᠨ 《ᠴᠠᠭᠠᠨ ᠰᠢᠷᠡᠭᠡᠲᠤ ᠵᠢᠨ ᠡᠪᠦᠯᠵᠢᠶ᠎ᠡ》 ᠳᠠᠯᠠᠨ ᠭᠠᠵᠠᠷ᠎ᠤᠨ ᠮᠤᠷᠢᠲᠠᠢ ᠠᠶᠠᠯᠠᠯ᠎ᠢ ᠵᠤᠬᠢᠶᠠᠨ ᠪᠠᠢᠭᠤᠯᠵᠤ ᠶᠠᠪᠤᠭᠳᠠᠭᠤᠯᠪᠠ ᠃



ᠠᠶᠠᠯᠠᠯ ᠲᠤᠮᠳᠠᠬᠢ ᠠᠨᠳᠠ ᠨᠠᠢᠵᠠ ᠎ᠤᠳ 




ᠴᠠᠰᠤᠲᠤ ᠲᠠᠯ᠎ᠠ ᠪᠡᠷ ᠠᠶᠠᠯᠠᠨ᠎ᠠ 


ᠲᠤᠰ ᠤᠳᠠᠭᠠᠨ᠎ᠤ ᠮᠤᠷᠢᠲᠠᠢ ᠠᠶᠠᠯᠠᠯ᠎ᠳᠤ᠂  ᠪᠠᠷᠠᠭᠤᠨ ᠦᠵᠦᠮᠦᠴᠢᠨ ᠬᠤᠰᠢᠭᠣ᠌ ᠪᠠ ᠵᠡᠭᠦᠨ ᠦᠵᠦᠮᠦᠴᠢᠨ ᠬᠤᠰᠢᠭᠣᠨ᠎ᠤ ᠡᠯ᠎ᠡ ᠰᠤᠮᠤ ᠪᠠᠯᠭᠠᠰᠤ ᠡᠴᠡ 60 ᠭᠠᠷᠤᠢ ᠮᠤᠷᠢᠳᠠᠨ ᠤᠷᠤᠯᠴᠠᠵᠤ᠂ ᠴᠠᠭᠠᠨ ᠰᠢᠷᠡᠭᠡᠳᠤ ᠡᠴᠡ ᠡᠬᠢᠯᠡᠨ ᠮᠤᠷᠳᠠᠵᠤ᠂ ᠰᠡᠷᠪᠡᠭᠡᠷ ᠬᠠᠳᠠᠨ᠎ᠳᠤ ᠬᠦᠷᠴᠦ ᠡᠷᠬᠢᠨ ᠴᠠᠭᠠᠨ ᠰᠢᠷᠡᠭᠡᠳᠤ ᠳ᠋ᠡᠭᠡᠨ ᠪᠤᠴᠠᠵᠠᠢ᠃ ᠵᠤᠬᠢᠶᠠᠨ ᠪᠠᠢᠭᠤᠯᠤᠭ᠍ᠴᠢ ᠡᠴᠡ ᠤᠷᠤᠯᠴᠠᠭᠰᠠᠳ ᠎ᠤᠨ ᠢᠳᠡᠪᠬᠢᠵᠢᠯ᠎ᠢ ᠤᠯᠠᠮ ᠢᠯᠡᠭᠦᠦ ᠲᠠᠢᠴᠢᠯᠠᠬᠤ ᠵᠢᠨ ᠲᠤᠰᠠᠳᠠ᠂ ᠪᠠᠳᠤᠰᠠᠢᠨ ᠵᠡᠷᠭᠡ ᠠᠷᠪᠠᠨ ᠮᠤᠷᠢᠲᠠᠨ᠎ᠢ 《ᠨᠠᠮᠪᠠᠭᠠᠲᠤ ᠭᠠᠩᠭᠠᠩ ᠮᠤᠷᠢᠲᠠᠨ 》 ᠵᠢᠡᠷ ᠬᠦᠬᠢᠭᠦᠯᠦᠨ ᠱᠠᠩᠨᠠᠵᠠᠢ᠃


QQ20260107-104329.png


ᠲᠤᠰ ᠠᠵᠢᠯᠯᠠᠭ᠎ᠠ ᠵᠢᠨ ᠵᠤᠬᠢᠶᠡᠨ ᠪᠠᠢᠭᠤᠯᠤᠭᠴᠢ  ᠬᠤᠤᠰᠪᠠᠶᠠᠷ  ᠬᠦᠦ ᠤᠶᠤᠨᠪᠠᠲᠤ  ᠲᠠᠢ ᠪᠠᠨ



ᠠᠶᠠᠨ ᠎ᠳᠤ ᠮᠤᠷᠳᠠᠬᠤ ᠪᠡᠷ ᠪᠡᠯᠡᠳᠭᠡᠨ᠎ᠡ


    

ᠠᠶᠠᠯᠠᠯ ᠲᠤᠮᠳᠡ ᠪᠡᠨ 




ᠥᠨᠭᠭᠡ ᠲᠡᠪᠡᠯ ᠦᠨᠡᠭᠡᠨ ᠮᠠᠯᠠᠭᠠᠢ 


ᠲᠤᠰ ᠤᠳᠠᠭᠠᠨ ᠎ᠤ ᠠᠵᠢᠯᠯᠠᠭ᠎ᠠ᠎ᠳᠦ᠂ ᠬᠤᠷᠢ  ᠬᠦᠷᠦᠭᠡ ᠦᠭᠡᠢ ᠵᠠᠯᠠᠭᠤᠴᠤᠳ ᠪᠠᠭᠠᠴᠤᠳ ᠡᠴᠡ ᠳᠠᠯᠠ ᠰᠢᠬᠠᠬ᠍ᠰᠠᠨ ᠪᠤᠭᠤᠷᠤᠯ ᠮᠤᠷᠢᠳᠠᠳ ᠬᠦᠷᠳᠡᠯ᠎ᠡ ᠢᠳᠡᠪᠬᠢᠯᠡᠨ ᠤᠷᠤᠯᠴᠠᠵᠤ᠂ ᠭᠤᠷᠪᠠᠨ ᠴᠠᠭ ᠭᠠᠷᠤᠢ ᠵᠢᠨ ᠪᠠᠶᠠᠷ ᠬᠦᠷ ᠲᠠᠢ ᠠᠶᠠᠯᠠᠯ ᠨᠢ ᠮᠦᠩᠭᠦᠨ ᠡᠪᠦᠯ᠎ᠦᠨ ᠬᠠᠬᠢᠷ ᠬᠦᠢᠳᠡᠨ ᠎ᠳᠦ ᠮᠠᠯᠴᠢᠳ᠎ᠤᠨ ᠰᠡᠳᠬᠢᠯ ᠎ᠢ ᠪᠠᠶᠠᠰᠬᠠᠨ᠂ ᠪᠡᠶ᠎ᠡ ᠮᠠᠬᠠᠪᠤᠳ᠎ᠢ ᠴᠢᠬᠢᠷᠠᠭᠵᠢᠭᠤᠯᠤᠨ᠂ ᠪᠦᠯᠬᠦᠮᠳᠡᠯ ᠨᠢᠬ᠍ᠳᠠᠷᠠᠯ ᠎ᠢ ᠠᠬᠢᠭᠤᠯᠤᠭᠰᠠᠨ ᠬᠢᠯᠢ ᠨᠤᠲᠤᠭ ᠎ᠤᠨ ᠮᠠᠯᠴᠢᠳ᠎ᠤᠨ ᠬᠦᠭᠵᠢᠯ ᠲᠠᠢ ᠠᠵᠢᠯᠯᠠᠭ᠎ᠠ ᠪᠣᠯᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号