ᠭᠦᠷᠢᠶ᠎ᠠ ᠬᠤᠰᠢᠭᠤ ᠤᠯᠠᠨ ᠲᠦᠮᠡᠨ᠎ᠳᠤ ᠪᠠᠶᠠᠵᠢᠯ᠎ᠤᠨ 《ᠠᠯᠲᠠᠨ ᠲᠦᠯᠬᠢᠭᠦᠷ》 ᠠᠳᠬᠤᠭᠤᠯᠪᠠ
2026-01-07 10:33:25
ᠵᠣᠬᠢᠶᠠᠭ᠍ᠴᠢ᠄
ᠪᠦᠦ ᠴᠢᠩ ᠱᠧᠩ
ᠣᠩᠱᠢᠭ᠍ᠰᠠᠨ ᠣᠳᠠᠭ᠎ᠠ᠄
★★★☆☆

ᠲᠦᠩᠯᠢᠶᠣᠣ ᠬᠤᠳᠠ᠎ᠶᠢᠨ ᠬᠦᠷᠢᠶ᠎ᠡ ᠬᠣᠰᠢᠭᠤᠨ᠎ᠤ ᠮᠠᠯᠴᠢᠨ ᠲᠠᠷᠢᠶᠠᠴᠢᠳ ᠲᠠᠷᠢᠶᠠᠨ ᠠᠵᠢᠯ᠎ᠵᠢᠡᠨ ᠳᠠᠭᠤᠰᠬᠠᠭᠠᠳ᠂ ᠰᠡᠯᠡᠭᠦᠦ ᠴᠠᠭ᠎ᠵᠢᠡᠨ ᠠᠰᠢᠬᠯᠠᠵᠦ᠂ ᠤᠯᠠᠮᠵᠢᠯᠠᠯᠲᠤ ᠭᠠᠷ ᠤᠷᠠᠯᠠᠯ᠎ᠤᠨ ᠦᠷᠳᠡᠭ᠎ᠢ ᠭᠦᠨᠵᠡᠭᠡᠢ ᠠᠭᠤᠳᠠᠯᠵᠤ᠂ ᠣᠷᠣᠯᠭ᠎ᠠ᠎ᠪᠠᠨ ᠨᠡᠮᠡᠭᠳᠡᠭᠦᠯᠬᠦ ᠤᠯᠠᠨ ᠡᠰᠢᠲᠦ ᠠᠷᠭ᠎ᠠ ᠵᠠᠮ᠎ᠢ ᠥᠷᠭᠡᠳᠬᠡᠨ᠂ ᠤᠷᠠᠨ ᠭᠠᠷ ᠵᠢᠡᠷ ᠵᠢᠡᠨ ᠪᠠᠶᠠᠨ ᠴᠢᠨᠡᠭᠡᠯᠢᠭ ᠠᠮᠢᠳᠤᠷᠠᠯ ᠵᠢᠨᠨ ᠴᠤᠬᠴᠠᠯᠠᠨ᠎ᠠ᠃

ᠡᠮᠦᠨᠡᠭᠡᠨ ᠰᠤᠷᠪᠤᠯᠵᠢᠯᠠᠭᠴᠢ ᠬᠦᠷᠢᠶ᠎ᠡ ᠬᠣᠰᠢᠭᠤᠨ᠎ᠤ ᠰᠢᠶᠠᠨᠵᠢᠨ ᠰᠤᠮᠤ᠎ᠶᠢᠨ ᠳ᠋ᠠᠰᠢᠬᠤᠧᠠ ᠭᠠᠴᠠᠭᠠᠨ᠎ᠤ ᠨᠠᠩᠭᠢ ᠪᠤᠤᠪᠤ ᠡᠳ᠋ᠰᠢᠭᠥᠯᠬᠥ ᠦᠢᠯᠡᠳᠬᠡᠯ᠎ᠦᠨ ᠭᠠᠵᠠᠷ᠎ᠲᠤ ᠬᠦᠷᠬᠦ᠎ᠳᠦ᠂ ᠥᠢᠯᠡᠳᠭᠡᠯ᠎ᠤᠨ ᠭᠠᠵᠠᠷ᠎ᠤᠨ ᠬᠠᠷᠢᠭᠤᠴᠠᠯᠭᠠᠳᠠᠨ ᠴᠢ ᠨᠠᠨ ᠠᠵᠢᠯᠴᠢᠨ᠎ᠲᠠᠢ ᠪᠠᠨ ᠨᠠᠩᠬᠢ ᠪᠤᠤᠪᠤ ᠬᠢᠭᠡᠳ ᠶᠠᠭᠠᠷᠠᠵᠤ ᠪᠠᠢᠪᠠ᠃ ᠲᠡᠳᠡ ᠢᠰᠬᠡᠭᠰᠡᠨ ᠨᠠᠩᠬᠢ ᠭᠤᠯᠢᠷ᠎ᠢᠶᠠᠨ ᠳᠠᠬᠢᠨ ᠳᠠᠪᠲᠠᠨ ᠨᠤᠬᠤᠭᠠᠳ ᠵᠢᠵᠢᠭ ᠪᠥᠭᠡᠮ ᠵᠢᠡᠷ ᠳᠠᠰᠤᠳᠠᠨ ᠠᠪᠴᠤ ᠨᠢᠮᠬᠡᠯᠡᠭᠡᠳ᠂ ᠳᠤᠲᠤᠷ᠎ᠠ ᠨᠢ ᠴᠢᠨᠠᠭᠰᠠᠨ ᠪᠤᠷᠴᠠᠭ ᠬᠢᠵᠦ᠂ ᠪᠠᠷᠢᠵᠤ ᠪᠠᠷᠠᠭᠰᠠᠨ᠎ᠤ ᠳᠠᠷᠠᠭ᠎ᠠ ᠴᠠᠬᠢᠯᠭᠠᠨ ᠵᠢᠩᠨᠡᠭᠥᠷ᠎ᠳᠡᠭᠡᠷ᠎ᠡ ᠲᠠᠯᠪᠢᠵᠦ ᠪᠠᠢᠯ᠎ᠠ᠃

ᠲᠤᠰ ᠦᠢᠯᠡᠳᠬᠡᠯ᠎ᠦᠨ ᠭᠠᠵᠠᠷ ᠪᠠᠢᠭᠤᠯᠤᠭᠳᠠᠭᠰᠠᠨ 3 ᠵᠢᠯ᠎ᠤᠨ ᠲᠤᠷᠰᠢ᠂ ᠠᠷᠢᠭᠤᠨ ᠴᠡᠪᠡᠷ᠎ᠢ ᠡᠷᠬᠢᠮᠯᠡᠬᠦ ᠵᠢ ᠢᠮᠠᠭᠲᠠ ᠪᠠᠷᠢᠮᠲᠠᠯᠠᠵᠤ᠂ ᠪᠤᠳᠠᠭ᠎ᠠ ᠰᠣᠩᠭᠣᠬᠤ᠂ ᠳᠡᠪᠲᠦᠭᠡᠬᠦ᠂ ᠭᠤᠯᠢᠷ ᠲᠡᠭᠡᠷᠮᠡᠳᠡᠬᠦ᠎ᠡᠴᠡ ᠵᠢᠩᠨᠡᠬᠥ ᠬᠦᠷᠲᠡᠯ᠎ᠡ᠂ ᠠᠵᠢᠯᠯᠠᠭᠠᠨ᠎ᠤ ᠶᠠᠪᠤᠴᠠ ᠪᠥᠬᠥᠨ᠎ᠢ ᠨᠢᠭ᠍ᠲᠠ ᠵᠢᠷᠤᠮᠵᠢᠭᠤᠯᠤᠨ᠂ ᠮᠠᠲᠸᠷᠢᠶᠠᠯ᠎ᠤᠨ ᠬᠡᠮᠵᠢᠶ᠎ᠡ ᠵᠢ ᠬᠠᠰᠤᠬᠤ ᠦᠭᠡᠢ᠂ ᠨᠠᠩᠭᠢ ᠪᠤᠤᠪᠤ᠎ᠶᠢᠨ ᠤᠤᠭᠠᠯ ᠦᠨᠦᠷ ᠠᠮᠲᠠ᠎ᠶᠢ ᠴᠢᠨᠭᠭ᠎ᠠ ᠪᠠᠷᠢᠮᠳᠠᠯᠠᠭᠰᠠᠨ᠎ᠡᠴᠡ ᠭᠡᠷ ᠪᠦᠯᠢ ᠵᠢᠨ ᠣᠷᠣᠯᠭ᠎ᠠ᠎ᠪᠠᠨ ᠲᠣᠭᠲᠠᠭᠤᠨ᠎ᠢᠶᠠᠷ ᠨᠡᠮᠡᠭᠳᠡᠭᠦᠯᠬᠦ ᠠᠷᠭ᠎ᠠ ᠵᠠᠮ᠎ᠢ ᠨᠡᠭᠡᠭᠡᠭᠰᠡᠨ ᠪᠠᠢᠨ᠎ᠠ᠃

ᠴᠢ ᠨᠠᠨ᠄ 《ᠵᠢᠯ ᠪᠦᠷᠢ᠎ᠶᠢᠨ 9 ᠰᠠᠷ᠎ᠠ᠎ᠶᠢᠨ ᠰᠡᠭᠦᠯᠴᠢ᠎ᠡᠴᠡ ᠴᠠᠭᠠᠨ ᠰᠠᠷ᠎ᠠ᠎ᠶᠢᠨ ᠡᠮᠦᠨᠡᠬᠢ ᠬᠤᠭᠤᠴᠠᠭ᠎ᠠ ᠪᠣᠯ ᠪᠣᠷᠤᠯᠠᠭᠤᠯᠭ᠎ᠠ᠎ᠶᠢᠨ ᠬᠥᠭᠵᠢᠯᠲᠡᠢ ᠴᠠᠭ ᠪᠠᠢᠵᠤ᠂ 5 ᠰᠠᠷ᠎ᠠ ᠣᠷᠴᠢᠮ ᠦᠷᠭᠦᠯᠵᠢᠯᠡᠳᠡᠭ》 ᠭᠡᠵᠤ ᠰᠤᠷᠪᠤᠯᠵᠢᠯᠠᠭᠴᠢ᠎ᠳᠤ ᠲᠠᠨᠢᠯᠴᠠᠭᠤᠯᠤᠯ᠎ᠠ᠃ ᠲᠤᠰ ᠥᠢᠯᠡᠳᠭᠡᠯ᠎ᠤᠨ ᠭᠠᠵᠠᠷ ᠡᠳᠦᠷ ᠪᠦᠷᠢ ᠳᠤᠮᠳᠠᠴᠢ᠎ᠪᠠᠷ 800 ᠨᠠᠩᠭᠢ ᠪᠤᠤᠪᠤ ᠬᠢᠵᠦ᠂ ᠭᠣᠣᠯᠳᠠᠭᠤ ᠰᠦᠯᠵᠢᠶᠡᠨ ᠭᠠᠳᠠᠨᠠᠬᠢ ᠠᠷᠭ᠎ᠠ ᠵᠠᠮ᠎ᠢᠶᠠᠷ ᠲᠤᠬᠠᠢ ᠵᠢᠨ ᠭᠠᠵᠠᠷ᠎ᠤᠨ ᠬᠠᠮ ᠳᠡᠯᠭᠡᠭᠦᠷ᠎ᠢ ᠬᠠᠩᠭᠠᠵᠤ ᠪᠤᠢ᠃ 《ᠤᠭᠤᠲᠠ ᠪᠦᠷᠢ᠎ᠳᠦ 6 ᠨᠠᠩᠬᠢ ᠪᠤᠤᠪᠤ ᠬᠢᠵᠤ᠂ ᠬᠦᠨᠳᠦ ᠨᠢ ᠪᠠᠷᠤᠭ 1.7 ᠵᠢᠩ ᠪᠠᠢᠵᠤ᠂ ᠵᠢᠵᠢᠭᠯᠡᠨ ᠬᠤᠳᠠᠯᠳᠤᠬᠤ ᠦᠨ᠎ᠡ ᠨᠢ 10 ᠲᠥᠭᠥᠷᠢᠭ᠂ ᠵᠢᠯ ᠪᠦᠷᠢ᠎ᠶᠢᠨ ᠪᠣᠷᠣᠯᠠᠭᠤᠯᠭ᠎ᠠ᠎ᠶᠢᠨ ᠬᠡᠮᠵᠢᠶ᠎ᠡ 15 ᠲᠦᠮᠡᠨ ᠲᠥᠭᠥᠷᠢᠭ᠎ᠲᠦ ᠬᠦᠷᠴᠦ᠂ ᠴᠡᠪᠡᠷ ᠤᠷᠤᠯᠭ᠎ᠠ 4 ᠲᠦᠮᠡᠨ ᠲᠥᠭᠥᠷᠢᠭ ᠣᠷᠴᠢᠮ ᠪᠠᠢᠳᠠᠭ》 ᠭᠡᠵᠥ ᠴᠢ ᠨᠠᠨ  ᠶᠠᠷᠢᠨ᠎ᠠ᠃

ᠡᠭᠦᠨ᠎ᠦ ᠬᠠᠮᠲᠤ᠂ ᠲᠣᠰ ᠬᠣᠰᠢᠭᠤᠨ᠎ᠤ ᠯᠢᠦ ᠵᠢᠶᠠᠽᠢ ᠪᠠᠯᠭᠠᠰᠤᠨ᠎ᠤ ᠲᠠᠰᠤᠷᠬᠠᠢ ᠲᠣᠰᠬᠣᠨ᠎ᠳᠤ᠂ ᠳᠥᠴᠢ ᠭᠠᠷᠤᠢ ᠵᠢᠯ ᠤᠯᠠᠮᠵᠢᠯᠠᠭᠳᠠᠭᠰᠠᠨ ᠢᠰᠡᠭᠡᠢ ᠬᠢᠬᠦ ᠤᠷ᠎ᠠ ᠮᠡᠷᠭᠡᠵᠢᠯ ᠲᠣᠰᠬᠣᠨ᠎ᠤ ᠠᠷᠠᠳ ᠵᠣᠣ ᠵᠢᠶᠦ᠋ᠨ᠎ᠦ ᠣᠷᠣᠯᠭ᠎ᠠ᠎ᠶᠢ ᠨᠡᠮᠡᠭᠳᠡᠭᠦᠯᠬᠦ ᠥᠢᠯᠡᠰ ᠪᠣᠯᠵᠠᠢ᠃ ᠰᠤᠷᠪᠤᠯᠵᠢᠯᠠᠭᠴᠢ ᠡᠳ᠋ᠰᠢᠭᠥᠯᠬᠥ ᠲᠠᠰᠤᠭ᠎ᠲᠤ ᠣᠷᠣᠬᠤ᠎ᠳᠤ᠂ ᠵᠣᠣ ᠵᠢᠶᠦ᠋ᠨ ᠢᠰᠡᠭᠡᠢ ᠡᠳ᠋ᠰᠢᠭᠥᠯᠵᠦ ᠶᠠᠭᠠᠷᠠᠬᠤ ᠵᠢᠨ ᠳᠠᠭᠠᠤ ᠭᠡᠷ᠎ᠦᠨ ᠬᠥᠮᠥᠰ᠎ᠢᠶᠡᠨ ᠬᠦᠯᠢᠴᠡᠩᠭᠦᠢ᠎ᠪᠡᠷ ᠵᠢᠯᠤᠭᠣᠳᠤᠨ᠎ᠠ᠃ ᠲᠡᠳᠡ ᠠᠵᠢᠯ ᠵᠢᠨᠨ ᠬᠤᠪᠢᠶᠠᠷᠢᠯᠠᠵᠤ᠂ ᠤᠷᠢᠳ ᠵᠢᠡᠷ ᠨᠣᠣᠰᠥ ᠵᠢ ᠰᠤᠮᠤᠳᠠᠨ ᠬᠣᠯᠢᠮᠠᠭ ᠪᠤᠳᠠᠰ᠎ᠢ ᠠᠷᠢᠯᠭᠠᠭᠠᠳ᠂ ᠬᠤᠯᠤᠰᠤᠨ ᠬᠠᠪᠳᠠᠰᠥᠨ ᠳᠡᠭᠡᠷ᠎ᠡ ᠲᠡᠭᠰᠢᠬᠡᠨ ᠳᠡᠯᠭᠡᠵᠦ ᠲᠠᠯᠪᠢᠴᠢᠬᠠᠭᠠᠳ ᠪᠤᠴᠠᠯᠤᠮ᠎ᠠ ᠤᠰᠤ ᠪᠡᠷ ᠠᠷᠢᠭᠤᠳᠬᠠᠨ ᠵᠥᠭᠡᠯᠡᠷᠡᠭᠦᠯᠵᠦ ᠪᠠᠢᠪᠠ᠃ ᠳᠠᠷᠠᠭ᠎ᠠ᠎ᠨᠢ ᠣᠷᠢᠶᠠᠵᠤ ᠪᠡᠬᠢᠯᠡᠨ᠂ ᠤᠯᠠᠨ ᠬᠥᠮᠥᠨ ᠬᠦᠴᠦ᠎ᠪᠡᠨ ᠬᠠᠮᠲᠤᠳᠬᠠᠨ ᠬᠢᠰᠬᠢᠨ ᠬᠡᠪᠰᠢᠭᠥᠯᠦᠨ᠎ᠡ᠂ ᠡᠢᠨ᠎ᠬᠦ ᠤᠯᠠᠨ ᠭᠤᠭᠴᠤᠭ᠎ᠠ ᠵᠢ ᠳᠠᠮᠵᠢᠭᠠᠳ ᠰᠠᠢᠨ ᠢᠰᠡᠭᠡᠢ ᠵᠢ ᠥᠢᠯᠡᠳᠪᠥᠷᠢᠯᠡᠵᠦ ᠭᠠᠷᠭᠠᠳᠠᠭ ᠪᠠᠢᠪᠠ᠃ ᠶᠡᠬᠡ ᠪᠠᠭ᠎ᠠ᠂ ᠵᠤᠵᠠᠭᠠᠨ ᠨᠢᠮᠬᠡᠨ ᠨᠢ ᠠᠳᠠᠯᠢ ᠦᠭᠡᠢ ᠠᠷᠪᠢᠨ ᠵᠦᠢᠯ᠎ᠤᠨ ᠢᠰᠡᠭᠡᠢ ᠪᠠᠢᠳᠠᠭ ᠪᠤᠯᠬᠤᠷ ᠬᠡᠷᠡᠭᠯᠡᠭᠴᠢᠳ᠎ᠦᠨ ᠲᠠᠭᠠᠰᠢᠶᠠᠯ᠎ᠢ ᠥᠷᠭᠡᠨ᠎ᠢᠶᠡᠷ ᠣᠯᠵᠤ᠂ ᠪᠣᠷᠤᠯᠠᠭᠤᠯᠭ᠎ᠠ᠎ᠶᠢᠨ ᠵᠠᠮ ᠨᠢ  ᠵᠢᠯ ᠲᠤᠵᠢ ᠲᠣᠭᠲᠠᠪᠤᠷᠢᠵᠢᠨ ᠨᠡᠮᠡᠭᠳᠡᠵᠤ ᠪᠠᠢᠨ᠎ᠠ᠃

《ᠲᠠᠷᠢᠶᠠᠨ ᠠᠵᠢᠯ ᠳᠠᠭᠤᠰᠤᠮᠠᠬᠴᠠ ᠪᠦᠬᠦ ᠭᠡᠷ᠎ᠢᠶᠡᠷ᠎ᠢᠶᠡᠨ ᠢᠰᠡᠭᠡᠢ ᠬᠢᠵᠦ ᠡᠬᠢᠯᠡᠳᠡᠭ᠂ ᠮᠠᠨᠤᠰ᠎ᠤᠨ ᠢᠰᠡᠭᠡᠢ ᠵᠢᠨ ᠵᠠᠬᠢᠶᠠᠯᠠᠭ᠎ᠠ ᠨᠡᠯᠢᠶᠡᠳ ᠰᠠᠢᠨ ᠪᠠᠢᠳᠠᠭ᠂ ᠵᠢᠯ᠎ᠳᠦ ᠪᠠᠷᠤᠭ ᠬᠣᠶᠠᠷ ᠡᠴᠡ ᠭᠤᠷᠪᠠᠨ ᠵᠠᠭᠤᠨ ᠬᠤᠪᠢ ᠬᠢᠵᠦ ᠳᠡᠢᠯᠥᠨ᠎ᠡ》 ᠭᠡᠵᠤ ᠵᠣᠣ ᠵᠢᠶᠦ᠋ᠨ ᠳᠠᠨᠢᠯᠴᠠᠭᠤᠯᠤᠨ᠎ᠠ᠃ ᠢᠰᠡᠭᠡᠢ᠎ᠶᠢ ᠶᠡᠬᠡ ᠪᠠᠭ᠎ᠠ ᠪᠠ ᠵᠤᠵᠠᠭᠠᠨ ᠨᠢᠮᠬᠡᠨ᠎ᠤ ᠬᠡᠮᠵᠢᠶ᠎ᠡ᠎ᠪᠡᠷ ᠨᠢ ᠦᠨ᠎ᠡ ᠬᠠᠩᠰᠢ ᠵᠢ ᠨᠢ ᠲᠣᠭᠲᠠᠭᠠᠨ᠎ᠠ᠂ 300 ᠲᠥᠭᠥᠷᠢᠭ᠂ 600 ᠲᠥᠭᠥᠷᠢᠭ᠂ 800 ᠲᠥᠭᠥᠷᠢᠭ᠎ᠭᠡᠬᠦ ᠮᠡᠲᠦ ᠵᠢᠨ ᠠᠳᠠᠯᠢ ᠪᠤᠰᠤ ᠦᠨ᠎ᠡ ᠲᠠᠢ ᠪᠠᠢᠳᠠᠭ᠃ 《ᠢᠰᠡᠭᠡᠢ ᠬᠢᠭᠡᠳ ᠵᠢᠯ᠎ᠤᠨ 7 ᠲᠦᠮᠡᠨ ᠲᠥᠭᠥᠷᠢᠭ ᠣᠷᠴᠢᠮ᠎ᠤᠨ ᠴᠡᠪᠡᠷ ᠣᠷᠣᠯᠭ᠎ᠠ ᠤᠯᠴᠢᠬᠠᠨ᠎ᠠ》 ᠭᠡᠵᠥ ᠵᠤᠤ ᠵᠢᠶᠥ᠋ᠨ ᠪᠠᠶᠠᠷᠯᠠᠵᠤ ᠪᠠᠢᠯ᠎ᠠ᠃

ᠵᠣᠣ ᠵᠢᠶᠦ᠋ᠨ᠎ᠦ ᠨᠢᠭᠡ ᠭᠡᠷ᠎ᠦᠨ ᠬᠢᠨ᠎ᠳᠦ ᠠᠪᠴᠤ ᠬᠡᠯᠡᠪᠡᠯ᠂ ᠭᠠᠷ ᠥᠢᠯᠡᠳᠭᠡᠯ᠎ᠤᠨ ᠢᠰᠡᠭᠡᠢ ᠬᠢᠬᠦ ᠨᠢ ᠣᠷᠣᠯᠭ᠎ᠠ᠎ᠪᠠᠨ ᠨᠡᠮᠡᠭᠳᠡᠭᠦᠯᠬᠥ ᠥᠢᠯᠡᠰ ᠪᠤᠯᠬᠤ ᠪᠡᠷ ᠪᠠᠷᠠᠬᠤ ᠦᠭᠡᠢ᠂ ᠨᠠᠩ ᠴᠤ᠌ ᠨᠢᠭᠡ ᠵᠦᠢᠯ᠎ᠦᠨ ᠰᠣᠶᠣᠯ᠎ᠤᠨ ᠤᠯᠠᠮᠵᠢᠯᠠᠯ ᠪᠣᠯᠬᠤ ᠶᠤᠮ᠃ ᠠᠵᠢᠯ᠎ᠤᠨ ᠭᠤᠭᠴᠤᠭ᠎ᠠ ᠨᠢᠭᠡᠪᠦᠷᠢ ᠨᠢ ᠤᠯᠠᠮᠵᠢᠯᠠᠯᠲᠤ ᠠᠷᠭ᠎ᠠ᠎ᠶᠢ ᠬᠢᠴᠢᠶᠡᠩᠭᠦᠢᠯᠡᠨ ᠵᠢᠷᠤᠮᠯᠠᠳᠠᠭ᠃

ᠤᠳᠤᠬᠠᠨ ᠳ᠋ᠤ᠂ ᠬᠦᠷᠢᠶ᠎ᠡ ᠬᠣᠰᠢᠭᠤᠨ᠎ᠳᠤ ᠨᠡᠩ ᠤᠯᠠᠨ ᠮᠠᠯᠴᠢᠨ ᠲᠠᠷᠢᠶᠠᠴᠢᠨ ᠴᠢ ᠨᠠᠨ᠂ ᠵᠤᠤ ᠵᠢᠶᠦ᠋ᠨ᠎ᠲᠠᠢ ᠠᠳᠠᠯᠢ ᠪᠡᠷ ᠤᠯᠠᠮᠵᠢᠯᠠᠯᠲᠤ ᠭᠠᠷ ᠤᠷᠠᠯᠠᠯ᠎ᠳᠤ ᠲᠦᠰᠢᠨ ᠣᠷᠣᠯᠭ᠎ᠠ᠎ᠪᠠᠨ ᠨᠡᠮᠡᠭᠳᠡᠭᠦᠯᠬᠦ ᠳᠠᠯᠳᠠ ᠬᠦᠴᠦᠨ᠎ᠢᠶᠡᠨ ᠠᠭᠤᠳᠠᠯᠵᠤ᠂ ᠣᠨᠴᠠᠯᠢᠭ᠍ᠲᠤ ᠡᠳ᠋ᠰᠢᠭᠦᠯᠬᠥ ᠦᠢᠯᠡᠳᠬᠡᠯ᠎ᠦᠨ ᠭᠠᠵᠠᠷ᠎ᠤᠳ ᠬᠥᠳᠡᠭᠡ ᠲᠣᠰᠬᠣᠨ᠎ᠳᠤ ᠦᠨᠳᠦᠰᠦᠯᠡᠨ᠂ ᠤᠯᠠᠮᠵᠢᠯᠠᠯᠲᠤ ᠤᠷ᠎ᠠ ᠮᠡᠷᠭᠡᠵᠢᠯ᠎ᠦᠳ ᠰᠢᠨ᠎ᠡ ᠠᠮᠢᠵᠢᠷᠠᠯ᠎ᠤᠨ ᠬᠦᠴᠦᠨ᠎ᠢᠶᠡᠨ ᠪᠠᠳᠠᠷᠠᠭᠤᠯᠵᠤ ᠪᠤᠢ᠃ ᠳᠡᠳᠡᠭᠡᠷ ᠨᠢ ᠨᠤᠲᠤᠭ᠎ᠤᠰᠤᠨ᠎ᠤ ᠭᠦᠨ ᠵᠤᠵᠠᠭᠠᠨ ᠳᠤᠷᠠᠰᠤᠮᠵᠢ᠎ᠶᠢ ᠠᠴᠢᠶᠠᠯᠠᠵᠤ ᠪᠠᠢᠬᠤ᠎ᠪᠠᠷ ᠪᠠᠷᠠᠬᠤ ᠦᠭᠡᠢ᠂ ᠨᠡᠩ᠎ᠴᠦ ᠭᠠᠴᠠᠭ᠎ᠠ ᠲᠣᠰᠬᠣᠨ᠎ᠤ ᠠᠷᠠᠳ᠎ᠤᠨ ᠣᠷᠣᠯᠭ᠎ᠠ᠎ᠪᠠᠨ ᠨᠡᠮᠡᠭᠳᠡᠭᠦᠯᠵᠦ ᠪᠠᠶᠠᠵᠢᠨ ᠴᠢᠨᠡᠭᠡᠯᠢᠭᠵᠢᠬᠦ᠎ᠶᠢᠨ 《ᠠᠯᠳᠠᠨ ᠲᠦᠯᠬᠢᠭᠦᠷ》 ᠪᠣᠯᠵᠤ᠂ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠳᠤ ᠲᠠᠰᠤᠷᠠᠯᠳᠡ ᠦᠭᠡᠢ ᠳᠣᠲᠣᠭᠠᠳᠤ ᠬᠥᠳᠡᠯᠭᠡᠬᠦ ᠬᠦᠴᠦᠨ ᠨᠡᠮᠡᠷᠢᠯᠡᠵᠥ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号