ᠰᠠᠶᠢᠬᠠᠨ ᠦᠩᠭᠡᠷᠡᠭᠰᠡᠨ ᠱᠢᠨ᠎ᠡ ᠤᠨ ᠤ᠋ ᠠᠮᠠᠷᠠᠯᠲᠠ ᠶ᠋ᠢᠨ ᠬᠤᠭᠤᠴᠠᠭᠠᠨ ᠳ᠋ᠦ ᠂ ᠬᠥᠬᠡᠬᠣᠲᠠ ᠶ᠋ᠢᠨ ᠮᠦᠽᠧᠶ ᠶ᠋ᠢᠨ 《 ᠤᠷᠢᠬᠠᠨ ᠰᠠᠯᠬᠢ ᠵᠢ ᠰᠦᠷᠦᠭᠰᠡᠨ ᠠᠭᠳᠠ ᠶ᠋ᠢᠨ ᠲᠦᠪᠡᠷᠭᠡᠨ — ᠠᠳᠤᠭᠤᠨ ᠰᠣᠶᠣᠯ ᠤ᠋ᠨ ᠣᠨᠴᠠ ᠦᠵᠡᠭᠦᠯᠭᠡ 》 ᠤᠯᠠᠨ ᠤ᠋ ᠰᠤᠨᠢᠷᠬᠠᠯ ᠢ᠋ ᠳᠠᠳᠠᠵᠠᠢ᠃ ᠦᠵᠡᠬᠦᠯᠬᠡ ᠵᠢᠨ145 ᠬᠤᠪᠢ ᠰᠣᠳᠣᠨ ᠰᠠᠢᠬᠠᠨ ᠲᠡᠦᠬᠡ ᠶ᠋ᠢᠨ ᠳᠤᠷᠠᠰᠭᠠᠯᠲᠤ ᠵᠦᠶ᠋ᠯ ᠬᠢᠬᠡᠳ ᠰᠣᠨᠢᠷᠬᠠᠯᠲᠤ ᠦᠶ᠋ᠯᠡᠳᠦᠯᠴᠡᠯ ᠨᠢ ᠬᠤᠳᠠ ᠵᠢᠨ ᠠᠷᠠᠳ ᠪᠤᠯᠤᠨ ᠵᠢᠭᠤᠯᠴᠢᠯᠠᠭᠰᠠᠳ ᠲᠸ᠋ ᠳᠤᠮᠳᠠᠳᠤ ᠶ᠋ᠢᠨ ᠱᠢᠯᠢᠳᠡᠭ ᠤᠯᠠᠮᠵᠢᠯᠠᠯᠲᠤ ᠰᠣᠶᠣᠯ ᠤ᠋ᠨ ᠥᠪᠡᠷᠮᠢᠴᠡ ᠷᠢᠳᠢ ᠱᠢᠳᠢ ᠵᠢ ᠬᠦᠨᠵᠠᠭᠡᠢ ᠪᠡᠶᠡᠴᠢᠯᠡᠨ ᠣᠢᠯᠠᠭᠠᠬᠤ ᠵᠠᠪᠰᠢᠶᠠᠨ ᠬᠠᠨᠭᠭᠠᠵᠠᠢ᠃
ᠦᠵᠡᠭᠦᠯᠭᠡ ᠶ᠋ᠢᠨ ᠲᠢᠩᠬᠢᠮ ᠳ᠋ᠦ ᠬᠦᠷᠡᠯ ᠡᠳ᠋ᠯᠡᠯ᠂ ᠬᠠᠨ᠎ᠠ ᠶ᠋ᠢᠨ ᠵᠢᠷᠤᠭ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠪᠦᠲᠦᠭᠡᠯ ᠬᠠᠷᠠᠭ᠎ᠠ ᠵᠢ ᠪᠤᠯᠢᠶᠠᠵᠦ᠂ ᠬᠠᠨ ᠤᠯᠤᠰ ᠤ᠋ᠨ ᠦᠶ᠎ᠡ ᠶ᠋ᠢᠨ ᠪᠤᠳᠤᠭ᠍ᠲᠤ ᠸᠠᠭᠠᠷᠤᠨ ᠮᠣᠷᠢ ᠂ ᠶᠤᠸᠠᠨ ᠤᠯᠤᠰ ᠤ᠋ᠨ ᠦᠶ᠎ᠡ ᠶ᠋ᠢᠨ ᠯᠤᠤ ᠶ᠋ᠢᠨ ᠠᠷ ᠲᠠᠶ ᠰᠢᠵᠢᠷ ᠠᠯᠳᠠᠨ ᠡᠮᠡᠭᠡᠯ ᠵᠡᠷᠭᠡ ᠠᠯᠢ ᠤᠯᠠᠨ ᠲᠡᠦᠬᠡ ᠶ᠋ᠢᠨ ᠳᠤᠷᠠᠰᠭᠠᠯᠲᠤ ᠵᠦᠢᠯ ᠨᠢ ᠬᠥᠮᠦᠨ ᠬᠢᠬᠡᠳ ᠮᠣᠷᠢ ᠶ᠋ᠢᠨ ᠮᠢᠩᠭᠠᠨ ᠵᠢᠯ ᠤ᠋ᠨ ᠡᠭᠡᠨᠡᠭᠰᠢᠯ ᠢ᠋ ᠬᠦᠦᠷᠨᠢᠨ᠎ᠡ᠃ ᠬᠥᠬᠡᠬᠣᠲᠠ ᠶ᠋ᠢᠨ ᠮᠦᠽᠧᠶ ᠶ᠋ᠢᠨ ᠦᠵᠡᠰᠭᠦᠯᠡᠩ ᠤ᠋ᠨ ᠰᠤᠳᠤᠯᠭᠠᠨ ᠤ᠋ ᠭᠠᠵᠠᠷ ᠤ᠋ᠨ ᠡᠷᠬᠢᠯᠡᠭ᠌ᠴᠢ ᠪᠦ᠋ ᠶᠢᠩ ᠽᠢ ᠵᠢᠨ ᠲᠠᠨᠢᠯᠴᠠᠭᠤᠯᠤᠭᠰᠠᠨ ᠵᠢᠡᠷ᠂ 《ᠮᠣᠷᠢᠨ ᠲᠦᠪᠡᠷᠭᠡᠨ ᠲᠠᠢ ᠴᠠᠭᠠᠨ ᠰᠠᠷ᠎ᠠ — ᠤᠯᠠᠭᠠᠨ ᠮᠣᠷᠢᠨ ᠵᠢᠯ ᠤ᠋ᠨ ᠪᠥᠬᠥ᠌ ᠪᠥᠮᠪᠥᠷᠴᠡᠭ ᠤ᠋ᠨ ᠠᠷᠪᠠᠨ ᠬᠣᠶᠠᠷ ᠵᠢᠯ ᠤ᠋ᠨ ᠰᠣᠶᠣᠯ ᠤ᠋ᠨ ᠬᠠᠮᠲᠤᠷᠠᠭ᠍ᠰᠠᠨ ᠦᠵᠡᠰᠭᠦᠯᠡᠩ》 ᠤ᠋ᠨ ᠭᠤᠤᠯ ᠠᠵᠢᠯᠯᠠᠭ᠎ᠠ ᠪᠣᠯᠤᠭ᠍ᠰᠠᠨ ᠲᠣᠰ ᠦᠵᠡᠭᠦᠯᠭᠡ ᠨᠢ《ᠬᠥᠮᠦᠨ ᠮᠣᠷᠢ ᠶ᠋ᠢᠨ ᠡᠭᠡᠨᠡᠭᠰᠢᠯ》 ᠵᠢᠡᠷ ᠭᠤᠤᠯ ᠱᠢᠵᠢᠮ ᠪᠣᠯᠭᠠᠨ᠂ 《ᠲᠩᠷᠢ ᠶ᠋ᠢᠨ ᠬᠡᠰᠢᠭᠳᠦ ᠬᠦᠯᠦᠭ 》 ᠂ 《 ᠭᠠᠷᠰᠢᠭᠤᠯᠤᠨ ᠰᠤᠷᠭᠠᠭᠰᠠᠨ ᠤᠷ᠎ᠠ ᠤᠬᠠᠭᠠᠨ》᠂ 《ᠠᠭ᠍ᠲᠠ ᠬᠦᠯᠦᠭ ᠲᠠᠢ ᠪᠠᠨ ᠬᠠᠮᠳᠤ ᠤᠷᠤᠭᠰᠢᠯᠠᠭᠰᠠᠨ》᠂ 《 ᠮᠢᠩᠭᠠᠨ ᠣᠨ ᠤ᠋ ᠠᠵᠢᠨᠠᠶ ᠬᠦᠯᠦᠭ》 ᠭᠡᠬᠦ᠌ 4 ᠬᠡᠰᠡᠭ ᠬᠤᠪᠢᠶᠠᠨ ᠪᠠᠢᠭᠠᠯᠢ ᠶ᠋ᠢᠨ ᠠᠮᠢ ᠠᠬᠤᠶ᠂ ᠲᠡᠦᠬᠡ ᠶ᠋ᠢᠨ ᠤᠯᠠᠷᠢᠯ ᠬᠤᠪᠢᠰᠤᠯ᠂ ᠠᠷᠠᠳ ᠤ᠋ᠨ ᠵᠠᠩ ᠦᠶ᠋ᠯᠡ ᠶ᠋ᠢᠨ ᠤᠷᠠᠯᠢᠭ ᠭᠡᠬᠦ᠌ ᠭᠤᠷᠪᠠᠨ ᠳᠠᠪᠬᠤᠷ ᠬᠠᠷᠠᠭᠠᠰᠤ ᠡᠴᠡ ᠳᠤᠮᠳᠠᠳᠤ ᠶ᠋ᠢᠨ ᠪᠣᠯᠪᠠᠰᠤᠨ ᠳ᠋ᠦ ᠦᠵᠡᠬᠦᠯᠦᠭᠰᠡᠨ ᠮᠣᠷᠢᠨ ᠤ᠋ ᠵᠢᠳᠬᠦᠯ ᠢ᠋ ᠦᠵᠡᠬᠦᠯᠵᠡᠢ᠃
ᠳᠡᠯᠭᠡᠨ ᠦᠵᠡᠭᠦᠯᠬᠦ᠌ ᠲᠤᠬᠠᠶ ᠶ᠋ᠢᠨ ᠲᠠᠯᠠᠪᠠᠶ ᠳ᠋ᠦ ᠨᠠᠷᠢᠨ ᠨᠢᠮᠪᠠᠶ ᠲᠥᠯᠥᠪᠯᠡᠭ᠌ᠰᠡᠨ ᠱᠢᠷᠢᠰ ᠬᠠᠷᠢᠯᠴᠠᠨ ᠦᠶ᠋ᠯᠡᠳᠦᠯᠴᠡᠬᠦ᠌ ᠠᠵᠢᠯᠯᠠᠭ᠎ᠠ ᠨᠢ ᠦᠵᠡᠭ᠌ᠴᠢᠳ ᠤ᠋ᠨ ᠬᠠᠯᠠᠭᠤᠨ ᠤᠷᠮ᠎ᠠ ᠵᠢ ᠬᠦᠭᠵᠢᠬᠡᠨ᠎ᠠ᠃《ᠮᠤᠷᠢ ᠬᠡᠬᠦ ᠦᠰᠦᠭ᠌ ᠤᠷᠤᠭᠰᠠᠨ ᠬᠡᠪᠱᠢᠮᠡᠯ ᠦᠭᠡ ᠪᠡᠷ ᠪᠤᠤᠬᠢᠶ᠎ᠠ ᠳᠠᠮᠵᠢᠭᠤᠯᠬᠤ》ᠠᠵᠢᠯᠯᠠᠭ᠎ᠠ ᠶ᠋ᠢᠨ ᠠᠬᠤᠢ ᠲᠠᠯᠠᠪᠠᠢ ᠳ᠋ᠦ ᠬᠡᠦᠬᠡᠳ ᠤ᠋ᠳ ᠬᠠᠷᠢᠯᠴᠠᠨ ᠪᠤᠯᠢᠶᠠᠯᠳᠤᠨ ᠭᠠᠷ ᠡᠷᠭᠦᠨ ᠬᠠᠷᠢᠭᠤᠯᠲᠠ ᠥᠭ᠌ᠴᠦ᠂ 《ᠠᠳᠤᠭᠤ ᠲᠠᠨᠢᠬᠤ ᠪᠢᠴᠢᠬᠠᠨ ᠬᠢᠴᠢᠶᠡᠯ ᠤ᠋ᠨ ᠲᠠᠩᠬᠢᠮ》 ᠳ᠋ᠤ ᠲᠠᠢᠯᠪᠤᠷᠢᠯᠠᠭ᠍ᠴᠢ ᠮᠣᠷᠢᠨ ᠰᠠᠳᠠᠭ᠎ᠠ᠂ ᠮᠣᠷᠢᠨ ᠬᠡ ᠲᠡᠶ ᠡᠳ᠋ᠯᠡᠯ ᠬᠡᠷᠡᠭ᠌ᠰᠡᠯ ᠲᠠᠢ ᠤᠶᠠᠯᠳᠤᠭᠤᠯᠤᠨ ᠮᠣᠷᠢᠨ ᠤ᠋ ᠡᠳ᠋ᠯᠡᠯ ᠬᠡᠷᠡᠭ᠌ᠰᠡᠯ ᠤ᠋ᠨ ᠤᠯᠠᠷᠢᠯ ᠬᠤᠪᠢᠰᠤᠯ᠂ ᠡᠷᠲᠡᠨ ᠤ᠋ ᠠᠳᠤᠭᠤ ᠠᠷᠠᠴᠢᠯᠠᠨ ᠮᠠᠯᠵᠢᠬᠤ ᠵᠠᠩ ᠵᠠᠩᠱᠢᠯ ᠵᠡᠷᠭᠡ ᠵᠢ ᠨᠠᠷᠢᠨ ᠳᠠᠢᠯᠪᠤᠷᠢᠯᠠᠵᠠᠢ᠃
《ᠪᠢᠳᠡ ᠦᠵᠡᠬᠦᠯᠬᠡ ᠪᠡᠷ ᠴᠠᠭ ᠣᠷᠣᠨ ᠵᠠᠢ ᠶ᠋ᠢᠨ ᠵᠠᠭᠠᠭ ᠢ᠋ ᠡᠪᠳᠡᠨ᠂ ᠲᠡᠦᠬᠡ ᠶ᠋ᠢᠨ ᠳᠤᠷᠠᠰᠭᠠᠯᠲᠤ ᠵᠦᠢᠯᠡᠰ ᠢ᠋〈ᠠᠮᠢᠯᠠᠭᠤᠯᠵᠤ〉᠂ ᠲᠡᠰᠪᠤᠷᠢ ᠬᠠᠳᠠᠭᠤᠵᠢᠯᠳᠠᠢ᠂ ᠴᠤᠴᠠᠯᠳᠠ ᠦᠬᠡᠢ ᠲᠡᠮᠡᠤᠯᠬᠦ ᠵᠤᠷᠢᠭ ᠰᠠᠨᠠᠭ᠎ᠠ ᠵᠢ ᠤᠯᠠᠮ ᠤᠯᠠᠮᠵᠢᠯᠠᠨ ᠪᠠᠳᠠᠷᠠᠭᠤᠯᠬᠤ ᠵᠢ ᠬᠦᠰᠡᠵᠦ᠍ ᠪᠠᠢᠨ᠎ᠠ》ᠭᠡᠵᠦ ᠪᠦ᠋ ᠶᠢᠩ ᠽᠢ ᠬᠡᠯᠡᠨ᠎ᠠ᠃ ᠤᠢᠯᠠᠭᠠᠭᠰᠠᠨ ᠵᠢᠡᠷ᠂ ᠲᠣᠰ ᠦᠵᠡᠭᠦᠯᠭᠡ 2026 ᠣᠨ ᠤ᠋ 3 ᠰᠠᠷ᠎ᠠ ᠶ᠋ᠢᠨ 18 ᠤ᠋ ᠡᠳᠦᠷ ᠪᠣᠯᠲᠠᠯ᠎ᠠ ᠦᠷᠭᠦᠯᠵᠢᠯᠡᠬᠦ ᠪᠦᠭᠡᠳ ᠡᠨᠡ ᠬᠦ᠌ ᠬᠤᠭᠤᠴᠠᠭᠠᠨ ᠳ᠋ᠦ ᠬᠥᠬᠡᠬᠣᠲᠠ ᠶ᠋ᠢᠨ ᠮᠦᠽᠧᠶ ᠪᠠᠰᠠ ᠵᠠᠯᠭᠠᠭ᠎ᠠ ᠪᠠᠷ ᠠᠯᠢ ᠣᠯᠠᠨ ᠠᠵᠢᠯᠯᠠᠭ᠎ᠠ ᠥᠷᠨᠢᠭᠦᠯᠵᠤ ᠰᠦᠶ᠋ᠳᠭᠡᠯ ᠬᠤᠷᠢᠶᠠᠬᠤ ᠥᠬᠡᠶ ᠪᠡᠷ ᠣᠯᠠᠨ ᠨᠡᠢᠲᠡ ᠳ᠋ᠦ ᠨᠡᠭᠡᠭᠡᠯᠲᠡ ᠬᠢᠵᠦ᠍᠂ ᠨᠠᠩ ᠣᠯᠠᠨ ᠬᠥᠮᠤᠨ ᠳ᠋ᠤ ᠮᠦᠽᠧᠶ ᠳ᠋ᠦ ᠣᠷᠣᠬᠤ ᠲᠣᠬᠢᠶᠠᠯ ᠣᠯᠭᠤᠬᠤ ᠪᠣᠯᠤᠨ᠎ᠠ᠃