ᠥᠪᠥᠷ ᠮᠣᠩᠭᠣᠯ᠎ᠤᠨ ᠲᠠᠮᠢᠷᠴᠢᠳ ᠠᠷᠪᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠵᠡᠮᠳᠡᠭ᠌ᠴᠦᠳ᠎ᠦᠨ ᠮᠥᠰᠥ᠍ ᠴᠠᠰᠤᠨ᠎ᠤ ᠲᠠᠮᠢᠷ᠎ᠤᠨ ᠴᠤᠭ᠍ᠯᠠᠭᠠᠨ᠎ᠳᠤ ᠰᠠᠢᠨ ᠬᠢᠷᠢ ᠪᠦᠲᠦᠮᠵᠢ ᠤᠯᠵᠠᠢ
2026-02-10 09:55:17
ᠵᠣᠬᠢᠶᠠᠭ᠍ᠴᠢ᠄
​ᠰᠠᠴᠤᠷᠠᠯ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠬᠴᠢ ᠦᠪᠦᠷ ᠮᠤᠩᠭᠤᠯ᠎ᠤᠨ ᠵᠡᠮᠳᠡᠭᠴᠤᠳ᠎ᠤᠨ ᠬᠤᠯᠪᠤᠭ᠎ᠠ ᠡᠴᠡ ᠤᠢᠯᠠᠭᠠᠬᠰᠠᠨ ᠵᠢᠡᠷ᠂ ᠤᠢᠷ᠎ᠠ᠎ᠳᠤ ᠶᠠᠪᠤᠬᠳᠠᠬᠰᠠᠨ ᠠᠷᠪᠠᠳᠤᠭᠠᠷ ᠬᠤᠭᠤᠴᠠᠭᠠᠨ᠎ᠤ ᠳᠤᠮᠳᠠᠳᠤ ᠤᠯᠤᠰ᠎ᠤᠨ ᠵᠡᠮᠳᠡᠭ᠌ᠴᠦᠳ᠎ᠦᠨ ᠮᠥᠰᠥ᠍ ᠴᠠᠰᠤᠨ᠎ᠤ ᠲᠠᠮᠢᠷ᠎ᠤᠨ ᠴᠤᠬᠯᠠᠭᠠᠨ᠎ᠳᠤ ᠥᠪᠥᠷ ᠮᠣᠩᠭᠣᠯ 6 ᠲᠠᠮᠢᠷᠴᠢᠨ᠎ᠢ ᠰᠣᠩᠭᠣᠨ ᠣᠷᠣᠯᠴᠠᠭᠤᠯᠵᠦ ᠰᠢᠯᠢᠳᠡᠭ ᠬᠢᠷᠢ ᠪᠦᠲᠦᠮᠵᠢ᠎ᠤᠯᠪᠠ᠃

ᠲᠣᠰ ᠬᠤᠭᠤᠴᠠᠭᠠᠨ᠎ᠤ ᠠᠵᠢᠯᠯᠠᠭ᠎ᠠ᠎ᠨᠢ 《ᠡᠪᠦᠯ᠎ᠦᠨ ᠤᠯᠠᠷᠢᠯ᠎ᠤᠨ ᠵᠡᠮᠳᠡᠭ᠌ᠴᠦᠳ᠎ᠦᠨ ᠣᠯᠢᠮᠫᠢᠺ᠎ᠤᠨ ᠲᠠᠮᠢᠷ᠎ᠤᠨ ᠴᠤᠭ᠍ᠯᠠᠭᠠᠨ᠎ᠢ ᠪᠠᠶᠠᠷᠯᠠᠨ ᠤᠭ᠍ᠲᠤᠵᠤ᠂ ᠮᠥᠰᠥ᠍ ᠴᠠᠰᠤᠨ᠎ᠤ ᠤᠯᠠᠷᠢᠯ᠎ᠳᠦ ᠪᠡᠶ᠎ᠡ ᠴᠢᠭᠢᠷᠠᠭ᠍ᠵᠢᠭᠤᠯᠬᠤ》 ᠪᠠᠷ ᠭᠤᠤᠯ ᠰᠡᠳᠦᠪ ᠪᠣᠯᠭᠠᠵᠤ᠂ ᠥᠪᠥᠷ ᠮᠣᠩᠭᠣᠯ᠂ ᠶᠦᠨᠨᠠᠨ᠂ ᠱᠠᠨᠰᠢ᠂ ᠬᠥᠬᠡᠨᠠᠭᠤᠷ᠂ ᠨᠢᠩᠱᠢᠶᠠ᠂ ᠱᠢᠨᠵᠢᠶᠠᠩ᠂ ᠭᠠᠨᠰᠦ 7 ᠮᠤᠵᠢ ᠣᠷᠣᠨ᠎ᠤ ᠲᠠᠮᠢᠷᠴᠢᠳ᠂ ᠵᠡᠮᠳᠡᠭ᠌ᠴᠦᠳ᠎ᠢ ᠲᠤᠰᠠᠯᠠᠬᠤ ᠰᠠᠢᠨ ᠳᠤᠷᠠᠴᠤᠳ ᠵᠡᠷᠭᠡ 280 ᠭᠠᠷᠤᠶ ᠬᠦᠮᠦᠰ ᠠᠵᠢᠯᠯᠠᠭ᠎ᠠ᠎ᠳᠤ ᠤᠷᠤᠯᠴᠠᠵᠠᠢ᠃ 7 ᠮᠤᠵᠢ ᠣᠷᠣᠨ᠎ᠠᠴᠠ ᠢᠷᠡᠭ᠌ᠰᠡᠨ ᠲᠠᠮᠢᠷᠴᠢᠳ ᠲᠤᠬᠠᠶ᠎ᠶ᠋ᠢᠨ ᠲᠠᠯᠠᠪᠠᠶ᠎ᠳᠤ ᠴᠠᠰᠤᠨ ᠳᠡᠭᠡᠷ᠎ᠡ ᠳᠡᠭᠡᠰᠦ ᠲᠠᠲᠠᠬᠤ ᠪᠠ ᠬᠠᠭᠤᠷᠠᠶ ᠭᠠᠵᠠᠷ᠎ᠤᠨ ᠮᠥᠰᠥᠨ ᠳᠡᠪᠦᠷ᠎ᠡ᠎ᠶ᠋ᠢᠨ ᠤᠷᠤᠯᠳᠤᠭᠠᠨ᠎ᠳᠤ ᠡᠷᠴᠢ ᠬᠦᠴᠦᠨ ᠵᠢᠡᠨ ᠪᠠᠳᠠᠷᠠᠭᠤᠯᠵᠦ᠂ ᠥᠪᠥᠷ ᠮᠣᠩᠭᠣᠯ᠎ᠤᠨ ᠲᠠᠮᠢᠷᠴᠢᠳ ᠨᠡᠩ ᠴᠦ᠍ ᠤᠷᠤᠯᠳᠤᠭᠠᠨ᠎ᠤ ᠳᠤᠮᠳᠠ ᠪᠦᠯᠬᠦᠮᠳᠡᠨ ᠬᠠᠮᠵᠢᠯᠴᠠᠬᠤ᠂ ᠡᠷᠡᠯᠬᠡᠭ᠌ᠯᠡᠨ ᠲᠡᠮᠡᠴᠡᠵᠦ᠍ ᠤᠷᠤᠭ᠍ᠰᠢᠯᠠᠨ ᠳᠠᠪᠱᠢᠬᠤ ᠪᠡᠶ᠎ᠡ᠎ᠶ᠋ᠢᠨ ᠲᠠᠮᠢᠷ᠎ᠤᠨ ᠵᠣᠷᠢᠭ ᠰᠠᠨᠠᠭ᠎ᠠ᠎ᠶ᠋ᠢ ᠭᠦᠶ᠋ᠴᠡᠳ ᠢᠯᠡᠷᠡᠭᠦᠯᠪᠡ᠃ ᠬᠠᠭᠤᠷᠠᠢ ᠭᠠᠵᠠᠷ᠎ᠤᠨ ᠮᠥᠰᠥᠨ ᠳᠡᠪᠦᠷ᠎ᠡ᠎ᠶ᠋ᠢᠨ ᠤᠷᠤᠯᠳᠤᠭᠠᠨ᠎ᠳᠤ ᠥᠪᠥᠷ ᠮᠣᠩᠭᠣᠯ᠎ᠤᠨ ᠲᠦᠯᠦᠭᠡᠯᠡᠭᠴᠢᠳ᠎ᠤᠨ ᠠᠩᠬᠢ ᠲᠡᠷᠢᠭᠦᠯᠡᠵᠦ᠍᠂ ᠴᠠᠰᠤᠨ ᠳᠡᠭᠡᠷᠡᠬᠢ ᠳᠡᠭᠡᠰᠦ ᠲᠠᠲᠠᠬᠤ ᠤᠷᠤᠯᠳᠤᠭᠠᠨ᠎ᠳᠤ ᠥᠪᠥᠷ ᠮᠣᠩᠭᠣᠯ᠎ᠤᠨ ᠲᠦᠯᠦᠭᠡᠯᠡᠭᠴᠢᠳ᠎ᠤᠨ ᠠᠩᠬᠢ ᠪᠠ ᠶᠦᠨᠨᠠᠨ ᠮᠤᠵᠢ᠎ᠵᠢᠨ ᠲᠥᠯᠥᠭᠡᠯᠡᠭ᠌ᠴᠢᠳ᠎ᠦᠨ ᠠᠩᠭᠢ᠎ᠲᠠᠶ ᠬᠠᠮᠲᠤ᠎ᠪᠠᠷ ᠲᠡᠷᠢᠭᠦᠯᠡᠪᠡ᠃ ᠴᠠᠰᠤᠨ ᠳᠡᠭᠡᠷᠡᠬᠢ ᠲᠤᠭᠯᠠᠭᠠᠮ᠎ᠤᠨ ᠲᠦᠷᠦᠯ ᠵᠦᠢᠯ᠎ᠳᠤ᠂  ᠤᠷᠤᠯᠳᠤᠭᠠᠨ᠎ᠳᠤ ᠤᠷᠤᠯᠴᠠᠬᠰᠡᠳ ᠪᠠᠰᠠ ᠴᠠᠰᠤᠨ ᠭᠠᠵᠠᠷ᠎ᠤᠨ ᠡᠷᠭᠢᠯᠲᠡ᠂ ᠴᠠᠰᠤᠨ ᠴᠠᠭᠠᠷᠢᠭ᠎ᠤᠨ ᠲᠠᠲᠠᠭᠤᠷ ᠲᠡᠷᠭᠡ ᠵᠡᠷᠭᠡ ᠡᠯᠪᠡᠭ ᠪᠠᠶᠠᠯᠢᠭ ᠮᠥᠰᠥ᠍ ᠴᠠᠰᠤᠨ᠎ᠤ ᠬᠥᠳᠡᠯᠭᠡᠭᠡᠨ᠎ᠢ ᠪᠡᠶᠡᠴᠢᠯᠡᠨ ᠣᠢᠯᠠᠭᠠᠪᠠ᠃

ᠲᠠᠷᠠᠭᠠᠴᠢ᠎ᠶ᠋ᠢᠨ ᠠᠯᠬᠤᠮ᠎ᠳᠤ ᠥᠪᠥᠷ ᠮᠣᠩᠭᠣᠯ᠎ᠤᠨ ᠵᠡᠮᠳᠡᠭ᠌ᠴᠦᠳ᠎ᠦᠨ ᠬᠣᠯᠪᠣᠭ᠎ᠠ ᠵᠢᠨ ᠬᠢᠨ  ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠲᠥᠬᠥᠭᠡᠷᠦᠮᠵᠢ᠎ᠶ᠋ᠢ ᠲᠡᠭᠦᠯᠳᠡᠷᠵᠢᠭᠦᠯᠬᠦ᠌᠎ᠶ᠋ᠢ ᠦᠷᠭᠦᠯᠵᠢᠯᠡᠨ ᠠᠬᠢᠭᠤᠯᠵᠤ᠂ ᠱᠢᠯᠢᠳᠡᠭ ᠲᠠᠮᠢᠷᠴᠢᠨ᠎ᠢ ᠬᠥᠮᠦᠵᠢᠭᠦᠯᠦᠨ ᠰᠣᠩᠭᠣᠵᠤ᠂ ᠵᠡᠮᠳᠡᠭ᠌ᠴᠦᠳ᠎ᠢ ᠨᠡᠢᠭᠡᠮ ᠠᠮᠢᠳᠤᠷᠠᠯ᠎ᠳᠦ ᠠᠭᠤᠰᠤᠯᠴᠠᠭᠤᠯᠬᠤ ᠪᠡᠶ᠎ᠡ᠎ᠶ᠋ᠢᠨ ᠲᠠᠮᠢᠷ᠎ᠤᠨ ᠲᠥᠷᠥᠯ ᠵᠦᠶ᠋ᠯ᠎ᠢ ᠲᠦᠷᠭᠡᠳᠭᠡᠨ ᠬᠥᠭ᠌ᠵᠢᠭᠦᠯᠬᠦ᠌᠎ᠶ᠋ᠢ ᠠᠬᠢᠭᠤᠯᠵᠤ᠂ ᠨᠠᠩ ᠣᠯᠠᠨ ᠵᠡᠮᠳᠡᠭ᠌ᠴᠦᠳ᠎ᠦᠨ ᠪᠡᠶ᠎ᠡ᠎ᠶ᠋ᠢᠨ ᠲᠠᠮᠢᠷ᠎ᠤᠨ ᠬᠦᠳᠡᠯᠭᠡᠭᠡᠨ᠎ᠤ ᠲᠤᠮᠳᠠ ᠬᠡᠷᠡᠯ ᠭᠢᠯᠪᠠᠭ᠍᠎ᠡ ᠪᠠᠨ ᠰᠠᠴᠤᠷᠠᠭᠤᠯᠬᠤ᠎ᠳᠤ ᠬᠦᠴᠦᠨ ᠨᠡᠮᠡᠷᠢᠯᠡᠬᠦ ᠪᠤᠯᠤᠨ᠎ᠡ᠃                                  

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号