ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ᠎ᠤ ᠴᠠᠭ ᠠᠭᠤᠷ᠎ᠤᠨ ᠬᠣᠷᠢᠶ᠎ᠠ 2026 ᠣᠨ᠎ᠤ 2 ᠰᠠᠷ᠎ᠠ᠎ᠶᠢᠨ 9᠎ᠦ ᠡᠳᠦᠷ᠎ᠦᠨ 09 ᠴᠠᠭ 20 ᠮᠢᠨᠦ᠋ᠲ᠎ᠲᠦ
ᠶᠡᠬᠡ ᠰᠠᠯᠬᠢᠨ᠎ᠤ ᠬᠥᠬᠡ ᠥᠩᠭᠡ᠎ᠶᠢᠨ ᠰᠡᠷᠡᠮᠵᠢ᠎ᠶᠢᠨ ᠳᠣᠬᠢᠶ᠎ᠠ ᠨᠡᠢᠲᠡᠯᠡᠪᠡ᠃
24 ᠴᠠᠭ᠎ᠤᠨ ᠳᠣᠲᠣᠷ᠎ᠠ ᠠᠯᠠᠱᠠ ᠠᠢᠮᠠᠭ᠂ ᠪᠠᠶᠠᠨᠨᠠᠭᠤᠷ ᠬᠣᠲᠠ᠎ᠶᠢᠨ ᠬᠣᠢᠲᠤ ᠪᠡᠶ᠎ᠡ ᠪᠣᠯᠣᠨ ᠪᠠᠷᠠᠭᠤᠨ
ᠪᠡᠶ᠎ᠡ᠂ ᠦᠬᠠᠢ ᠬᠣᠲᠠ᠂ ᠣᠷᠳᠣᠰ ᠬᠣᠲᠠ᠎ᠶᠢᠨ ᠶᠡᠬᠡᠩᠬᠢ ᠬᠡᠰᠡᠭ᠂ ᠪᠤᠭᠤᠲᠤ ᠬᠣᠲᠠ᠎ᠶᠢᠨ ᠬᠣᠢᠲᠤ ᠪᠡᠶ᠎ᠡ᠂ ᠤᠯᠠᠭᠠᠨᠴᠠᠪ
ᠬᠣᠲᠠ᠎ᠶᠢᠨ ᠬᠣᠢᠲᠤ ᠪᠡᠶ᠎ᠡ᠂ ᠰᠢᠯᠢ᠎ᠶᠢᠨ ᠭᠣᠣᠯ ᠠᠢᠮᠠᠭ᠎ᠤᠨ ᠪᠠᠷᠠᠭᠤᠨ ᠪᠡᠶ᠎ᠡ ᠶᠡᠬᠡ ᠰᠠᠯᠬᠢᠨ᠎ᠤ ᠨᠥᠯᠥᠭᠡ᠎ᠶᠢ
ᠭᠥᠷᠳᠡᠵᠦ᠂ ᠳᠤᠮᠳᠠᠴᠢ ᠰᠠᠯᠬᠢᠨ᠎ᠤ ᠬᠦᠴᠦ ᠨᠢ 6 ᠲᠠᠰᠡᠴᠠ ᠳᠡᠭᠡᠭᠰᠢ᠂ ᠬᠡᠰᠡᠭᠲᠡᠬᠡᠨ 7 — 8 ᠲᠠᠰ᠎ᠲᠤ ᠬᠦᠷᠴᠦ᠂
ᠪᠠᠷᠠᠭᠤᠨ ᠪᠡᠶ᠎ᠡ ᠵᠢᠨ ᠪᠠᠷᠠᠭᠤᠨ ᠬᠣᠢᠲᠤ ᠬᠡᠰᠡᠭ ᠲᠤ᠌ ᠡᠯᠡᠰᠦᠨ ᠰᠢᠭᠤᠷᠭ᠎ᠠ ᠳᠠᠭᠠᠯᠳᠤᠬᠤ ᠪᠣᠯᠣᠨ᠎ᠠ᠃ ᠬᠠᠮᠢᠶ᠎ᠠ
ᠪᠦᠬᠦᠢ ᠪᠠᠢᠭᠤᠯᠭ᠎ᠠ ᠪᠠ ᠠᠵᠢᠯᠲᠠᠨ ᠰᠡᠷᠭᠡᠢᠯᠡᠬᠦ ᠪᠡᠯᠡᠳᠬᠡᠯ ᠬᠢᠭᠡᠷᠡᠢ᠃
ᠰᠡᠷᠭᠡᠢᠯᠡᠯᠲᠡ᠎ᠶᠢᠨ ᠵᠦᠭᠯᠡᠭᠦᠷ
1. ᠵᠠᠰᠠᠭ᠎ᠤᠨ ᠣᠷᠳᠣᠨ ᠵᠢᠴᠢ ᠬᠠᠮᠢᠶ᠎ᠠ
ᠪᠦᠬᠦᠢ ᠰᠠᠯᠠᠭ᠎ᠠ ᠮᠥᠴᠢᠷ᠎ᠦᠳ ᠡᠭᠦᠷᠭᠡ ᠬᠠᠷᠢᠭᠤᠴᠠᠯᠭ᠎ᠠ᠎ᠶᠢᠨ᠎ᠢᠶᠠᠨ ᠶᠣᠰᠣᠭᠠᠷ ᠶᠡᠬᠡ ᠰᠠᠯᠬᠢ᠎ᠶᠢ ᠰᠡᠷᠭᠡᠢᠯᠡᠬᠦ
ᠠᠵᠢᠯ᠎ᠢ ᠰᠠᠢᠲᠤᠷ ᠬᠢᠬᠦ ᠬᠡᠷᠡᠭᠲᠡᠢ;
2. ᠡᠭᠦᠳᠡ ᠴᠣᠩᠬᠣ᠌᠎ᠪᠠᠨ ᠰᠠᠢᠲᠤᠷ ᠬᠠᠭᠠᠵᠤ᠂
ᠬᠦᠷᠢᠶ᠎ᠡ ᠬᠠᠪᠲᠠᠰᠤ᠂ ᠫᠧᠩ ᠰᠠᠷᠠᠪᠴᠢ᠂ ᠵᠠᠷ᠎ᠤᠨ ᠫᠠᠢᠰᠠ ᠵᠡᠷᠭᠡ ᠰᠠᠯᠬᠢᠨ᠎ᠳᠤ ᠬᠢᠯᠪᠠᠷᠬᠠᠨ ᠦᠯᠢᠶᠡᠭᠳᠡᠬᠦ
ᠪᠠᠷᠢᠯᠭ᠎ᠠ ᠵᠢᠨ ᠡᠳ᠋᠎ᠢ ᠪᠡᠬᠢᠯᠡᠨ᠂ ᠶᠡᠬᠡ ᠰᠠᠯᠬᠢᠨ᠎ᠳᠤ ᠠᠮᠠᠷᠬᠠᠨ ᠨᠥᠯᠥᠭᠡᠯᠡᠭᠳᠡᠬᠦ ᠭᠡᠷ᠎ᠦᠨ ᠭᠠᠳᠠᠨᠠᠬᠢ
ᠡᠳ᠋ ᠪᠣᠳᠠᠰ᠎ᠢ ᠲᠣᠬᠢᠲᠠᠢ ᠲᠥᠪᠬᠢᠨᠡᠭᠦᠯᠵᠦ᠂ ᠪᠠᠷᠢᠯᠭ᠎ᠠ᠎ᠶᠢᠨ ᠡᠳ᠋ ᠪᠣᠳᠠᠰ᠎ᠢ ᠬᠠᠯᠬᠠᠯᠠᠬᠤ ᠬᠡᠷᠡᠭᠲᠡᠢ;
3. ᠠᠯᠢ ᠴᠢᠳᠠᠬᠤ ᠪᠡᠷ ᠳᠤᠭᠤᠢ ᠲᠡᠷᠭᠡ
ᠤᠨᠤᠵᠤ ᠭᠠᠳᠠᠬᠰᠢ ᠭᠠᠷᠬᠤ ᠡᠴᠡ ᠵᠠᠢᠯᠠᠰᠬᠢᠵᠤ᠂ ᠰᠠᠯᠬᠢᠯᠠᠬᠤ ᠦᠶ᠎ᠡ᠎ᠳᠦ ᠵᠠᠷ᠎ᠦᠨ ᠫᠠᠢᠰᠠ᠂ ᠲᠦᠷ ᠴᠠᠭ᠎ᠤᠨ ᠪᠠᠷᠢᠮᠠᠯ
ᠡᠳ᠋ ᠵᠡᠷᠭᠡ᠎ᠶᠢᠨ ᠳᠣᠣᠷ᠎ᠠ ᠵᠤᠬᠰᠤᠬᠤ ᠦᠭᠡᠢ;
4. ᠬᠣᠯᠪᠣᠭᠳᠠᠯ ᠪᠦᠬᠦᠢ ᠰᠠᠯᠠᠭ᠎ᠠ ᠮᠥᠴᠢᠷ
ᠪᠣᠯᠣᠨ ᠨᠢᠭᠡᠴᠢ᠎ᠨᠦᠭᠦᠳ ᠣᠶ ᠰᠢᠭᠤᠢ᠂ ᠨᠤᠲᠤᠭ ᠪᠡᠯᠴᠢᠭᠡᠷ ᠵᠡᠷᠭᠡ᠎ᠶᠢᠨ ᠭᠠᠯ᠎ᠢ ᠰᠡᠷᠭᠡᠢᠯᠡᠬᠦ᠎ᠶᠢ ᠠᠩᠬᠠᠷᠬᠤ
ᠬᠡᠷᠡᠭᠲᠡᠢ᠃
ᠢᠷᠡᠯᠲᠡ᠄ ᠥᠪᠥᠷ ᠮᠣᠩᠭᠣᠯ᠎ᠤᠨ ᠴᠠᠭ ᠠᠭᠤᠷ ᠵᠢᠷᠬᠢᠶ᠎ᠡ ᠵᠢᠨ ᠲᠠᠪᠴᠠᠩ