ᠴᠠᠭᠠᠨ ᠰᠠᠷ᠎ᠠ᠎ᠶᠢᠨ ᠬᠤᠤᠰ ᠤᠶᠠᠩᠭ᠎ᠠ
2026-02-11 10:31:54
ᠵᠣᠬᠢᠶᠠᠭ᠍ᠴᠢ᠄
ᠵᠠ᠊·ᠷᠢᠨᠴᠢᠨ
ᠣᠩᠱᠢᠭ᠍ᠰᠠᠨ ᠣᠳᠠᠭ᠎ᠠ᠄
★★★☆☆


ᠪᠡᠯᠭᠡᠳᠦ ᠴᠠᠰᠤᠨ ᠦᠯᠵᠡᠢᠳᠦ ᠬᠠᠪᠤᠷ᠎ᠢ ᠤᠭ᠍ᠳᠤᠨᠠᠮ

ᠪᠡᠶ᠎ᠡ ᠡᠷᠡᠬᠦᠯ ᠰᠡᠳᠭᠢᠯ ᠰᠠᠷᠠᠭᠤᠯ ᠵᠢᠷᠭᠠᠨᠠᠮ




ᠠᠵᠢᠨᠠᠢ ᠬᠦᠯᠦᠭ ᠠᠶᠠᠨ᠎ᠤ ᠲᠦᠷᠦᠭᠡ ᠬᠠᠩᠬᠢᠨᠠᠭᠤᠯᠬᠣᠢ

ᠠᠷᠠᠳ᠎ᠤᠨ ᠲᠦᠷᠦ᠍᠎ᠶ᠋ᠢᠨ ᠠᠯᠳᠠᠨ ᠵᠢᠯᠤᠭᠤ ᠰᠤᠩᠭᠠᠬᠤᠢ




ᠮᠢᠩᠭᠠᠨ ᠤᠰᠤ ᠲᠦᠮᠡᠨ ᠠᠭᠤᠯᠠ ᠵᠠᠯᠭᠠᠯᠳᠤᠵᠤ ᠮᠠᠰᠢ ᠦᠵᠡᠰᠭᠦᠯᠡᠩ ᠡᠬᠡ ᠤᠷᠤᠨ᠎ᠳᠤ ᠪᠦᠷᠢᠳᠦᠨᠡᠮ

ᠮᠢᠷᠠᠯᠵᠠᠬᠣ ᠡᠬᠦᠯᠡ ᠲᠡᠯᠭᠡᠷᠡᠬᠦ ᠴᠡᠴᠡᠭᠡᠰ ᠪᠦᠷᠢᠳᠴᠦ ᠦᠯᠡᠮᠵᠢ᠎ᠶᠢᠨ ᠰᠠᠢᠬᠠᠨ ᠠᠢᠯ ᠪᠣᠯᠭᠠᠨ᠎ᠢ ᠴᠢᠮᠡᠨᠡᠮ




ᠬᠣᠪᠢᠯᠭᠠᠨ ᠣᠷᠣᠨ ᠳ᠋ᠦ ᠬᠦᠭᠵᠢᠯ ᠪᠠᠲᠠᠷᠠᠯ ᠪᠢᠯᠬᠠᠵᠦ ᠬᠣᠲᠣᠬ ᠪᠣᠶᠠᠨ ᠦᠨᠢᠷ ᠵᠣᠵᠠᠭᠠᠨ ᠬᠣᠷᠠᠨᠠᠮ

ᠬᠣᠲᠠ ᠲᠦᠬᠦᠷᠡᠩ ᠪᠠᠶᠠᠷ ᠪᠠᠬᠠᠲᠣᠯ ᠴᠠᠯᠬᠢᠯᠠᠵᠦ ᠦᠯᠵᠡᠢ ᠬᠡᠰᠢᠭ ᠡᠩᠬᠡ ᠮᠦᠩᠬᠡ ᠲᠡᠯᠭᠡᠷᠡᠨᠡᠮ




ᠡᠭᠦᠳᠡ ᠡᠭᠦᠳᠡᠨ᠎ᠠᠴᠠ ᠴᠠᠭᠠᠨ ᠮᠦᠷ ᠲᠤᠷᠠᠢᠵᠤ ᠡᠷᠳᠡᠮ ᠨᠤᠮ᠎ᠤᠨ ᠵᠠᠮ ᠨᠡᠭᠡᠭᠡᠭ᠌ᠳᠡᠨᠡᠮ

ᠡᠷᠦᠭᠡ ᠡᠷᠦᠭᠡ᠎ᠠᠴᠠ ᠪᠠᠶᠠᠵᠢᠯ᠎ᠤᠨ ᠭᠡᠭᠡ ᠲᠠᠲᠠᠵᠤ ᠡᠷᠢᠨ᠎ᠤ ᠠᠢᠵᠠᠮ᠎ᠳᠤ ᠬᠥᠭ ᠨᠡᠮᠡᠨᠡᠮ




ᠨᠠᠰᠤᠳᠠᠨ ᠪᠤᠭᠤᠷᠤᠯ᠎ᠠᠴᠠ ᠢᠷᠦᠭᠡᠯ ᠭᠤᠶᠤᠵᠤ ᠨᠠᠨᠳᠢᠨ ᠰᠤᠷᠭᠠᠯ᠎ᠨᠢ ᠢᠷᠡᠭᠡᠳᠦᠢ᠎ᠶ᠋ᠢ ᠭᠡᠷᠡᠯᠳᠦᠭᠦᠯᠦᠨᠡᠮ

ᠨᠠᠷᠮᠠᠢ ᠲᠡᠯᠡᠭᠡᠢ᠎ᠳᠤ ᠬᠠᠢᠷ᠎ᠠ ᠵᠠᠷᠯᠠᠵᠤ ᠨᠠᠷᠠᠲᠤ᠎ᠶ᠋ᠢᠨ ᠵᠠᠢ᠎ᠳᠤ ᠪᠤᠯᠪᠠᠰᠤᠨ ᠴᠡᠴᠡᠭ᠌ᠯᠡᠨᠡᠮ




ᠤᠯᠤᠰ ᠬᠦᠴᠦᠷᠬᠡᠭ ᠠᠷᠠᠳ ᠪᠠᠶᠠᠨ

ᠡᠩᠭᠡ ᠲᠦᠪᠱᠢᠨ ᠦᠨᠢ ᠵᠢᠷᠭᠠᠯᠠᠩ




ᠨᠠᠷᠠᠨ ᠲᠤᠩᠭᠠᠯᠠᠭ ᠨᠠᠪᠴᠢ ᠴᠡᠯᠭᠡᠷ

ᠨᠠᠯᠠᠭᠠᠷ ᠬᠤᠷᠸ᠎ᠠ ᠨᠠᠢᠷᠰᠠᠭ ᠠᠮᠤᠭᠤᠯᠠᠩ




ᠤᠳᠤᠬᠢᠴᠢᠯᠠᠯᠳᠠ᠎ᠶ᠋ᠢᠨ ᠢᠯᠠᠭᠤᠭ᠍ᠰᠠᠨ ᠦᠵᠡᠮᠵᠢ ᠬᠠᠷᠠᠭ᠎ᠠ ᠰᠤᠨᠤᠷ᠎ᠢ ᠪᠠᠶᠠᠰᠭᠠᠵᠤ

ᠤᠷᠴᠢᠯᠠᠩ᠎ᠤᠨ ᠨᠢᠰᠭᠦ ᠤᠩᠭᠤᠴᠠ ᠱᠢᠨᠵᠢᠯᠡᠬᠦ᠌ ᠤᠬᠠᠭᠠᠨ᠎ᠢ ᠲᠤᠩᠬᠠᠭ᠍ᠯᠠᠨᠠᠮ




ᠨᠠᠷᠠᠰᠤᠨ᠎ᠤ ᠴᠢᠨᠠᠷ ᠮᠢᠩᠭᠠᠨ ᠵᠢᠯ ᠬᠥᠬᠡ

ᠨᠠᠮ᠎ᠤᠨ ᠭᠠᠪᠢᠶ᠎ᠠ ᠲᠦᠮᠡᠨ ᠤᠨ ᠮᠦᠩᠭᠡ




ᠲᠦᠮᠡᠨ᠎ᠤ ᠬᠦᠰᠡᠯ ᠲᠡᠷᠭᠡᠯᠰᠢᠬᠦ᠌ ᠱᠢᠨ᠎ᠡ ᠨᠡᠢᠭᠡᠮ᠎ᠢᠶᠠᠨ ᠮᠠᠭ᠍ᠳᠠᠨᠠᠮ

ᠲᠦᠷᠦ᠍᠎ᠶ᠋ᠢᠨ ᠬᠡᠱᠢᠭ ᠭᠡᠢᠭᠦᠬᠦ᠌ ᠡᠷᠢᠨ ᠴᠠᠭ᠎ᠢᠶᠠᠨ ᠲᠠᠭᠤᠯᠠᠨᠠᠮ




ᠠᠵᠢᠯᠴᠢ ᠬᠤᠶᠠᠷ ᠭᠠᠷ᠎ᠢᠶᠠᠷ ᠠᠮᠢᠳᠤᠷᠠᠯ ᠦᠢᠯᠡᠰ᠎ᠢᠶᠠᠨ ᠴᠤᠭ᠍ᠴᠠᠯᠠᠨᠠᠮ

ᠠᠷᠢᠭᠤᠨ ᠬᠦᠯᠦᠰᠦᠨ᠎ᠤ ᠲᠤᠰᠤᠯ᠎ᠢᠶᠠᠷ ᠠᠵᠠ ᠵᠢᠷᠭᠠᠯ᠎ᠢᠶᠠᠨ ᠪᠦᠳᠦᠭᠡᠨᠡᠮ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号