— ᠤᠯᠠᠭᠠᠨ ᠮᠤᠷᠢᠨ ᠵᠢᠯᠤᠨ ᠴᠠᠭᠠᠨ ᠰᠠᠷᠠᠳᠤ ᠵᠤᠷᠢᠭᠤᠯᠤᠭᠰᠠᠨ ᠤᠨᠴᠠ ᠤᠬᠠᠭᠠᠯᠠᠯ ( ᠳᠥᠷᠪᠡ)

ᠠᠳᠤᠭᠤ ᠨᠢ ᠬᠦᠴᠦᠨ ᠴᠢᠳᠠᠯ᠂ ᠡᠷᠡᠯᠬᠡᠭ ᠪᠠᠭᠠᠲᠤᠷ ᠪᠠ ᠦᠨᠡᠨᠴᠢ ᠱᠢᠳᠤᠷᠭᠤᠶ᠋ᠢᠨ ᠪᠡᠯᠭᠡᠳᠡᠯ ᠪᠤᠯᠵᠤ᠂ ᠦᠢᠯᠡᠳᠪᠦᠷᠢᠯᠡᠯ ᠠᠮᠢᠳᠤᠷᠠᠯᠠᠴᠠ ᠤᠶᠤᠨ ᠰᠠᠨᠠᠭᠠᠨᠤ᠋ ᠬᠦᠨ ᠳ᠋ᠤ ᠬᠦᠷᠲᠡᠯ᠎ᠡ᠂ ᠪᠣᠳᠠᠰᠤᠨ ᠠᠴᠢᠶᠠᠯᠠᠪᠤᠷᠢᠠᠴᠠ ᠰᠣᠶᠣᠯᠤᠨ ᠢᠮ ᠲᠠᠮᠠᠭ᠎ᠠ ᠪᠤᠯᠲᠠᠯ᠎ᠠ ᠳᠤᠮᠳᠠᠳᠤ ᠢ᠋ᠢᠨ ᠦᠨᠳᠦᠰᠦᠲᠡᠨ ᠤ᠋ ᠰᠡᠳᠬᠢᠯ ᠵᠢᠷᠦᠭᠡᠨ ᠳ᠋ᠤ ᠬᠠᠳᠠᠡᠭᠰᠢᠵᠡᠢ᠃ ᠠᠳᠤᠭᠤ ᠢ᠋ᠢ ᠭᠠᠷᠰᠢᠭᠤᠯᠵᠤ᠂ ᠠᠷᠠᠴᠢᠯᠠᠨ ᠮᠠᠯᠵᠢᠵᠤ᠂ ᠡᠳ᠋ᠯᠡᠵᠤ ᠠᠰᠢᠭᠯᠠᠬᠰᠠᠨ ᠲᠡᠤᠬᠡ ᠢ᠋ᠢᠨ ᠤᠷᠲᠤ ᠠᠶᠠᠨ ᠳ᠋ᠤ ᠳᠤᠮᠳᠠᠳᠤ ᠢ᠋ᠢᠨ ᠦᠨᠳᠦᠰᠦᠲᠡᠨ ᠠᠳᠤᠭᠤ ᠲᠠᠢ ᠳᠤᠲᠤᠨᠤ ᠢ᠋ᠢᠨ ᠠᠨᠳᠠ ᠵᠢᠡᠭᠬᠢᠨᠢ ᠬᠠᠨᠢ ᠪᠤᠯᠵᠦ᠂ ᠠᠳᠤᠭᠤ ᠮᠠᠯ ᠢ᠋ ᠡᠳ᠋ᠯᠡᠵᠤ ᠬᠡᠷᠡᠭᠯᠡᠬᠦ ᠳ᠋ᠤ ᠲᠤᠬᠢᠷᠠᠮᠵᠢᠲᠠᠢ ᠤᠯᠠᠨ ᠠᠷᠪᠢᠨ ᠡᠳ᠋ᠯᠡᠯ ᠬᠡᠷᠡᠭᠰᠡᠯ ᠢ᠋ ᠡᠭᠦᠳᠦᠨ ᠪᠦᠲᠦᠭᠡᠵᠤ᠂ ᠦᠡᠭᠭᠡ ᠵᠢᠰᠤᠮ ᠢ᠋ ᠲᠤᠳᠤᠷᠬᠠᠢᠯᠠᠨ ᠨᠡᠷᠡᠢᠳᠴᠤ᠂ ᠠᠳᠤᠭᠤᠨ ᠤ᠋ ᠲᠤᠬᠠᠢ ᠢᠷᠦᠭᠡᠯ ᠮᠠᠭᠲᠠᠭᠠᠯ᠂ ᠳᠠᠭᠤᠤ ᠰᠢᠯᠦᠭ᠂ ᠦᠯᠢᠭᠡᠷ ᠳᠤᠮᠤᠭ᠂ ᠵᠦᠢᠷ ᠰᠠᠴᠠᠨ ᠦᠭᠡ ᠬᠦᠷᠳᠡᠯ᠎ᠡ ᠮᠠᠰᠢ ᠤᠯᠠᠨ ᠵᠤᠬᠢᠶᠠᠬᠳᠠᠨ᠂ ᠦᠪᠡᠷᠮᠢᠴᠠ ᠤᠨᠴᠠᠯᠢᠭ ᠲᠠᠢ ᠦᠨᠳᠦᠰᠤᠲᠠᠨ ᠤ᠋ ᠰᠤᠶᠤᠯ ᠢ᠋ ᠪᠦᠷᠢᠯᠳᠦᠭᠦᠯᠦᠭᠡᠳ᠂ ᠬᠦᠮᠦᠨ ᠲᠦᠷᠦᠯᠬᠢᠳᠡᠨᠤ ᠰᠤᠶᠤᠯ ᠪᠤᠯᠪᠠᠰᠤᠨᠤ ᠨᠢᠭᠡᠨ ᠲᠠᠯᠠᠰᠳᠤ ᠪᠤᠯᠵᠦ᠂ ᠤᠳᠤ ᠬᠦᠷᠲᠡᠯ᠎ᠠ ᠦᠪᠯᠡᠨ ᠤᠯᠠᠮᠵᠢᠯᠠᠭᠰᠠᠭᠠᠷ ᠪᠠᠢᠭ᠎ᠠ ᠪᠢᠯᠡ᠃
ᠠᠳᠤᠭᠤᠨ ᠵᠢᠰᠤᠮ
ᠠᠳᠤᠭᠤᠨ ᠰᠤᠶᠤᠯ ᠳ᠋ᠤ ᠠᠳᠤᠭᠤ ᠢ᠋ᠢ ᠵᠢᠰᠤᠯᠠᠬᠦ᠂ ᠨᠡᠷᠡᠯᠡᠬᠦ ᠨᠢ ᠪᠠᠰᠠ ᠨᠢᠭᠡᠨ ᠬᠡᠯᠡ ᠰᠢᠨᠵᠢᠯᠡᠯ ᠤ᠋ᠨ ᠤᠬᠠᠭᠠᠨ ᠪᠢᠯᠡ᠃ ᠬᠠᠰᠢᠷ ᠲᠤᠷᠰᠢᠯᠭ᠎ᠠ ᠲᠠᠢ ᠮᠠᠯᠴᠢᠳ ᠠᠳᠤᠭᠤᠨ ᠤ᠋ ᠦᠰᠦ ᠪᠠ ᠲᠡᠮᠳᠡᠭ ᠤ᠋ᠨ ᠬᠢᠨᠢ ᠦᠡᠭᠭᠡ ᠵᠢᠰᠤ ᠢ᠋ᠢ ᠦᠨᠳᠦᠰᠦᠯᠡᠨ ᠲᠤᠰ ᠲᠤᠰ ᠲᠤᠨᠢ ᠢᠯᠭᠠᠨ ᠨᠡᠷᠡᠯᠡᠳᠡᠭ᠃ ᠠᠳᠤᠭᠤᠨ ᠤ᠋ ᠵᠢᠰᠤᠮ ᠢ᠋ ᠶᠡᠬᠡᠡᠭᠬᠢ ᠳ᠋ᠡᠭᠡᠨ ᠠᠯᠤᠰ ᠡᠴᠡ ᠪᠠᠷᠠᠯᠠᠬᠤ ᠵᠢᠰᠤᠮ᠂ ᠳᠠᠡᠭ ᠵᠢᠰᠤᠮ᠂ ᠳᠠᠪᠬᠤᠷ ᠵᠢᠰᠤᠮ᠂ ᠲᠡᠮᠳᠡᠭ ᠵᠢᠰᠤᠮ᠂ ᠲᠤᠳᠤᠳᠬᠠᠯ ᠵᠢᠰᠤᠮ ᠳᠦᠷᠪᠡᠨ ᠲᠦᠷᠦᠯ ᠬᠤᠪᠢᠶᠠᠳᠠᠭ᠃ ᠠᠳᠤᠭᠤᠨ ᠵᠢᠰᠤᠮᠤᠨ ᠨᠡᠷᠡᠢᠳᠦᠯ ᠨᠢ ᠪᠠᠢᠭᠠᠯᠢ ᠵᠢᠨ ᠬᠠᠮᠤᠭᠤᠨ ᠪᠦᠷᠢᠨ ᠬᠦᠢᠴᠡᠳ ᠦᠩᠭᠡ ᠵᠢ ᠢᠯᠭᠠᠭᠰᠠᠨ ᠨᠡᠷ᠎ᠡ ᠪᠤᠯᠤᠭᠰᠨᠨ ᠪᠠᠢᠳᠠᠭ᠃

1. ᠠᠯᠤᠰ ᠡᠴᠡ ᠪᠠᠷᠠᠯᠠᠬᠤ ᠵᠢᠰᠤᠮ ᠢ᠋ ᠪᠠᠷᠠᠭᠠᠨ ᠵᠢᠰᠤᠮ ᠪᠠ ᠴᠠᠢᠪᠤᠷ ᠵᠢᠰᠤᠮ ᠭᠡᠵᠤ ᠬᠤᠪᠢᠶᠠᠨ᠎ᠠ᠃
ᠴᠠᠢᠪᠤᠷ ᠵᠢᠰᠤᠮ — ᠴᠠᠭᠠᠨ᠂ ᠰᠠᠷᠠᠯ᠂ ᠴᠠᠪᠢᠳᠠᠷ᠂ ᠰᠢᠷᠭ᠎ᠠ᠂ ᠬᠤᠯᠠ᠂ ᠬᠤᠸᠠ᠂ ᠵᠠᠭᠠᠯ ᠵᠡᠷᠭᠡ ᠨᠢ ᠴᠠᠭᠠᠪᠲᠤᠷᠬᠠᠨ ᠴᠠᠢᠷᠡᠵᠤ ᠦᠵᠡᠭᠳᠡᠳᠡᠭ ᠤᠴᠢᠷ ᠡᠴᠡ ᠴᠠᠢᠪᠤᠷ ᠵᠢᠰᠤᠮ ᠳ᠋ᠤ ᠲᠤᠭᠠᠴᠠᠭᠳᠠᠳᠠᠭ᠃
ᠪᠠᠷᠠᠭᠠᠨ ᠵᠢᠰᠤᠮ — ᠬᠠᠷ᠎ᠠ᠂ ᠬᠡᠭᠡᠷ᠂ ᠬᠠᠯᠲᠠᠷ᠂ ᠬᠦᠷᠡᠡᠭ᠂ ᠵᠠᠭᠡᠷᠳᠡ᠂ ᠪᠤᠷᠤ᠂ ᠬᠠᠯᠢᠭᠤᠨ᠂ ᠤᠯᠠᠭᠠᠨ ᠵᠡᠷᠭᠡ ᠵᠢᠰᠤᠮ ᠬᠠᠷᠠᠪᠳᠤᠷᠬᠠᠨ ᠪᠠᠷᠠᠭᠠᠨ ᠦᠡᠭᠭᠡᠲᠡᠢ ᠦᠵᠡᠭᠳᠡᠳᠡᠭ ᠡᠴᠡ ᠪᠠᠷᠠᠭᠠᠨ ᠵᠢᠰᠤᠮ ᠳ᠋ᠤ ᠲᠤᠭᠠᠴᠠᠭᠳᠠᠳᠠᠭ᠃

2. ᠤᠢᠷ᠎ᠠ ᠢ᠋ᠢᠨ ᠬᠠᠷᠠᠭᠠᠨ ᠳ᠋ᠤ ᠦᠵᠡᠭᠳᠡᠬᠦ ᠠᠳᠤᠭᠤ ᠢ᠋ᠢ ᠲᠠᠡᠭ ᠵᠢᠰᠤᠮ ᠪᠠ ᠳᠠᠪᠬᠤᠷ ᠵᠢᠰᠤᠮ ᠭᠡᠵᠤ ᠬᠤᠪᠢᠶᠠᠨ᠎ᠠ᠃
ᠲᠠᠡᠭ ᠵᠢᠰᠤᠮ — ᠪᠤᠰᠤᠳ ᠦᠡᠭᠭᠡ ᠬᠤᠯᠢᠯᠳᠤᠬᠰᠠᠨ ᠦᠭᠡᠢ᠂ ᠭᠠᠭᠴᠠ ᠦᠡᠭᠭᠡ ᠢ᠋ᠢᠨ ᠵᠢᠰᠤᠮ ᠢ᠋ ᠬᠡᠯᠡᠵᠤ ᠪᠤᠢ᠃ ᠡᠭᠦᠨ ᠳ᠋ᠤ ᠴᠠᠭᠠᠨ᠂ ᠬᠠᠷ᠎ᠠ᠂ ᠬᠡᠭᠡᠷ᠂ ᠵᠡᠭᠡᠷᠳᠡ᠂ ᠰᠢᠷᠭ᠎ᠠ᠂ ᠬᠦᠷᠡᠡᠭ ᠵᠡᠷᠭᠡ ᠵᠢᠰᠤᠮ ᠪᠤᠢ᠃
ᠳᠠᠪᠬᠤᠷ ᠵᠢᠰᠤᠮ — ᠬᠤᠶᠠᠷ ᠪᠤᠶᠤ ᠬᠤᠶᠠᠷ ᠡᠴᠡ ᠳᠡᠭᠡᠭᠰᠢ ᠲᠤᠭᠠᠨ ᠤ᠋ ᠦᠡᠭᠭᠡ ᠢ᠋ᠢᠨ ᠦᠰᠤ ᠨᠡᠢᠯᠡᠯᠳᠤᠵᠤ ᠪᠠᠢᠪᠠᠯ ᠳᠠᠪᠬᠤᠷ ᠵᠢᠰᠦᠮ ᠲᠠᠢ ᠭᠡᠨ᠎ᠠ᠃ ᠡᠭᠦᠨ ᠳ᠋ᠤ ᠠᠯᠠᠭ᠂ ᠴᠤᠬᠤᠷ᠂ ᠪᠤᠭᠤᠷᠤᠯ᠂ ᠰᠠᠭᠠᠷᠠᠯ᠂ ᠬᠤᠯᠠ᠂ ᠬᠠᠯᠢᠭᠤᠨ᠂ ᠴᠠᠪᠢᠳᠠᠷ ᠵᠡᠷᠭᠡ ᠵᠢᠰᠤᠮ ᠪᠤᠢ᠃

3. ᠲᠡᠮᠳᠡᠭ ᠵᠢᠰᠤᠮ — ᠮᠤᠷᠢᠨ ᠤ᠋ ᠳᠡᠯ᠂ ᠰᠡᠭᠦᠯ᠂ ᠲᠤᠯᠤᠭᠠᠢ᠂ ᠮᠠᠡᠭᠨᠠᠢ᠂ ᠴᠢᠬᠢ᠂ ᠨᠢᠳᠤ᠂ ᠰᠢᠬᠢᠷ᠎ᠠ ᠲᠤᠭᠤᠷᠠᠢ᠂ ᠨᠢᠷᠤᠭᠤ᠂ ᠭᠡᠳᠡᠰᠤ ᠵᠡᠷᠭᠡ ᠭᠠᠵᠠᠷ ᠲᠤᠨᠢ ᠪᠠᠢᠭ᠎ᠠ ᠦᠰᠦᠨ ᠤ᠋ ᠦᠡᠭᠭᠡ ᠪᠤᠶᠤ ᠲᠡᠮᠳᠡᠭ ᠢ᠋ ᠨᠢ ᠪᠡᠶ᠎ᠠ ᠢ᠋ᠢᠨ ᠬᠢᠨᠢ ᠵᠢᠰᠤᠮ ᠲᠠᠢ ᠬᠤᠯᠪᠤᠵᠤ ᠨᠡᠷᠡᠯᠡᠬᠦ ᠢ᠋ᠢ ᠬᠡᠯᠡᠵᠤ ᠪᠠᠢᠨ᠎ᠠ᠃ ᠵᠢᠱ᠌ᠢᠶᠡᠯᠡᠪᠡᠯ᠂ ᠬᠠᠮᠠᠷ ᠴᠠᠭᠠᠨ ᠬᠤᠯᠠ᠂ ᠲᠠᠯ ᠴᠠᠭᠠᠨ ᠰᠢᠷᠭ᠎ᠠ ᠭᠡᠭᠦ ᠮᠡᠲᠤ᠃

4. ᠲᠤᠳᠤᠳᠬᠠᠯ ᠵᠢᠰᠤᠮ — ᠮᠤᠷᠢᠨ ᠤ᠋ ᠦᠨᠳᠦᠰᠦᠨ ᠵᠢᠰᠤᠮ ᠳᠡᠭᠡᠷ᠎ᠠ ᠲᠤᠳᠤᠳᠬᠠᠯ ᠨᠡᠮᠡᠵᠤ ᠨᠡᠷᠡᠯᠡᠬᠦ ᠢ᠋ᠢ ᠬᠡᠯᠡᠵᠤ ᠪᠤᠢ᠃ ᠵᠢᠱ᠌ᠢᠶᠡᠯᠡᠪᠡᠯ ᠰᠢᠪᠠᠭᠤᠨ ᠰᠡᠷᠡᠯ᠂ ᠭᠠᠡᠭᠭᠠᠡᠭ ᠬᠠᠷ᠎ᠠ᠂ ᠡᠭᠦᠯᠡᠨ ᠪᠤᠷᠤ ᠭᠡᠭᠦ ᠮᠡᠲᠤ᠃

ᠠᠳᠤᠭᠤᠨ ᠤ᠋ ᠡᠳ᠋ᠯᠡᠯ ᠬᠡᠷᠡᠭᠰᠡᠯ
ᠠᠳᠤᠭᠤ ᠵᠢ ᠭᠠᠷᠰᠢᠭᠤᠯᠤᠭᠰᠠᠨ ᠤᠷᠳᠤ ᠬᠤᠭᠤᠴᠠᠭᠠᠨᠤ ᠲᠡᠦᠭᠡᠨ ᠶᠠᠪᠤᠴᠠᠳᠤ᠂ ᠮᠤᠩᠭᠤᠯᠴᠤᠳ ᠠᠳᠤᠭᠤ ᠵᠢ ᠦᠪᠡᠷᠤᠨ ᠵᠢᠡᠨ ᠰᠠᠨᠠᠭ᠎ᠠ ᠪᠠᠷ ᠤᠷᠤᠭᠤᠯᠵᠦ᠂ ᠦᠢᠯᠡᠳᠪᠦᠷᠢᠯᠡᠯ ᠠᠮᠢᠳᠤᠷᠠᠯᠳᠠᠭᠠᠨ ᠦᠢᠯᠡᠴᠢᠯᠡᠬᠦᠯᠬᠦ ᠵᠢᠨ ᠲᠦᠯᠦᠭᠡ ᠮᠠᠰᠢ ᠤᠯᠠᠨ ᠡᠳ᠋ᠯᠡᠯ ᠭᠡᠷᠡᠭᠰᠡᠯᠢ ᠡᠭᠦᠳᠦᠨ ᠪᠦᠲᠦᠭᠡᠭᠰᠡᠨ ᠪᠦᠭᠡᠳ ᠡᠳᠡᠭᠡᠷ ᠡᠳ᠋ᠯᠡᠯ ᠭᠡᠷᠡᠭᠰᠡᠯᠳᠤ ᠤᠨᠴᠠᠯᠢᠬᠳᠤ ᠨᠡᠷ᠎ᠡ ᠦᠭᠡ ᠬᠠᠢᠷᠠᠯᠠᠨ᠂ ᠦᠭᠡ ᠬᠡᠯᠡᠨᠤ ᠦᠭᠡᠰᠤᠨ ᠰᠠᠩ ᠵᠢᠡᠨ ᠪᠠᠶᠠᠯᠢᠬᠵᠢᠭᠤᠯᠤᠭᠰᠠᠨ ᠶᠤᠮ᠃
ᠨᠠᠷᠠᠨ ᠰᠡᠷᠡᠨ ᠪᠦᠭᠦᠷᠭᠡ ᠲᠠᠢ
ᠨᠠᠶᠠᠨ ᠬᠤᠶᠠᠷ ᠭᠠᠨᠵᠤᠭ᠎ᠠ ᠲᠠᠢ
ᠨᠠᠪᠴᠢᠨ ᠰᠠᠢᠬᠠᠨ ᠬᠦᠯᠢᠮ ᠲᠠᠢ
ᠨᠠᠷᠢᠨ ᠨᠤᠤᠰᠤᠨ ᠲᠤᠬᠤᠮ ᠲᠠᠢ
ᠲᠤᠯᠢ ᠳᠦᠭᠦᠷᠢᠭ ᠬᠠᠵᠠᠭᠠᠷ ᠲᠠᠢ
ᠲᠤᠷᠭᠠᠨ ᠤᠲᠠᠰᠤᠨ ᠤᠯᠤᠡᠭ ᠲᠠᠢ
ᠬᠦᠷᠡᠯ ᠪᠤᠯᠤᠳ ᠳᠦᠷᠦᠭᠡ ᠲᠠᠢ
ᠬᠦᠮᠦᠯᠳᠦᠷᠭᠡ ᠬᠤᠳᠠᠷᠭ᠎ᠠ ᠴᠢᠮᠡᠭ ᠲᠠᠢ ᠁
ᠠᠳᠤᠭᠤᠨ ᠤ᠋ ᠡᠳ᠋ᠯᠡᠯ ᠬᠡᠷᠡᠭᠰᠡᠯ ᠤ᠋ᠨ ᠨᠢᠭᠡ ᠪᠤᠯᠬᠤ 《ᠡᠮᠡᠭᠡᠯ》 ᠢ᠋ ᠮᠤᠡᠭᠭᠤᠯᠴᠤᠳ ᠡᠢᠨ ᠬᠦ᠌ ᠮᠠᠭᠲᠠᠲᠠᠭ᠃ ᠡᠮᠡᠭᠡᠯᠳᠤ ᠬᠤᠷᠴᠢᠨ᠂ ᠪᠠᠷᠭᠤ᠂ ᠦᠵᠦᠮᠦᠴᠢᠨ᠂ ᠰᠦᠨᠢᠳ᠂ ᠠᠪᠠᠭ᠎ᠠ᠂ ᠴᠠᠬᠠᠷ᠂ ᠤᠷᠳᠤᠰᠤᠨ ᠡᠮᠡᠭᠡᠯ ᠨᠢ ᠪᠦᠷ ᠦᠪᠡᠷ ᠦᠪᠡᠷᠤᠨ ᠵᠢᠡᠨ ᠤᠨᠴᠠᠯᠢᠬ ᠲᠠᠢ᠂ ᠠᠳᠠᠯᠢ ᠪᠤᠰᠤ ᠪᠠᠢᠳᠠᠭ᠃ ᠡᠮᠡᠭᠡᠯ ᠭᠡᠳᠡᠭ ᠪᠤᠯ ᠮᠤᠷᠢᠨ ᠤ᠋ ᠨᠢᠷᠤᠭᠤᠨ ᠳ᠋ᠤ ᠲᠤᠬᠤᠳᠠᠭ᠂ ᠪᠦᠬᠦᠷᠭᠡ᠂ ᠬᠠᠪᠲᠠᠰᠤ᠂ ᠬᠤᠡᠭᠭᠤ᠂ ᠬᠢᠷ᠎ᠠ᠂ ᠳᠦᠷᠦᠭᠡ᠂ ᠤᠯᠤᠡᠭ᠂ ᠵᠢᠷᠢᠮ᠂ ᠪᠠᠭᠠᠪᠤᠷ᠂ ᠭᠠᠨᠵᠤᠭ᠎ᠠ᠂ ᠲᠤᠪᠤᠷᠤᠤ᠂ ᠲᠤᠬᠤᠮ᠂ ᠬᠦᠯᠢᠮ ᠵᠡᠷᠭᠡ ᠡᠴᠡ ᠪᠦᠷᠢᠳᠦᠭᠰᠡᠨ ᠤᠨᠤᠵᠤ ᠡᠳ᠋ᠯᠡᠬᠦ ᠬᠡᠷᠡᠭᠯᠡᠯ ᠶᠤᠮ᠃ ᠡᠭᠦᠨ ᠡᠴᠡ ᠭᠠᠳᠠᠨ᠎ᠠ ᠠᠳᠤᠭᠤᠨ ᠤ᠋ ᠡᠳ᠋ᠯᠡᠯ ᠬᠡᠷᠡᠭᠰᠡᠯ ᠳ᠋ᠤ ᠤᠷᠭ᠎ᠠ᠂ ᠴᠠᠯᠮ᠎ᠠ᠂ ᠪᠤᠭᠤᠢᠯᠢ ᠵᠡᠷᠭᠡ ᠪᠠᠷᠢᠬᠤ ᠬᠡᠷᠡᠭᠯᠡᠯ; ᠨᠤᠭᠲᠤ᠂ ᠬᠠᠵᠠᠭᠠᠷ᠂ ᠴᠢᠳᠤᠷ ᠵᠡᠷᠭᠡ ᠲᠤᠭᠲᠠᠭᠠᠬᠤ ᠬᠡᠷᠡᠭᠯᠡᠯ; ᠱᠤᠡᠭ᠂ ᠵᠠᠯ᠎ᠠ᠂ ᠠᠷᠭᠠᠮᠵᠢᠶ᠎ᠠ ᠵᠡᠷᠭᠡ ᠪᠠᠢᠡᠭᠭᠤᠯᠠᠬᠤ ᠬᠡᠷᠡᠭᠯᠡᠯ ᠪᠠᠢᠳᠠᠭ᠃
ᠤᠷᠭ᠎ᠠ — ᠠᠳᠤᠭᠤ ᠬᠠᠷᠢᠭᠤᠯᠬᠤ ᠪᠤᠶᠤ ᠮᠤᠷᠢ ᠪᠠᠷᠢᠬᠤ ᠳ᠋ᠤ ᠬᠡᠷᠡᠭᠯᠡᠳᠡᠭ ᠦᠵᠦᠭᠦᠷ ᠲᠡᠭᠡᠨ ᠬᠤᠢᠪᠢ ᠲᠠᠢ ᠨᠠᠷᠢᠨ ᠤᠷᠲᠤ ᠮᠤᠳᠤ᠃
ᠵᠠᠯ᠎ᠠ — ᠮᠤᠷᠢ ᠤᠨᠤᠭ᠎ᠠ ᠤᠶᠠᠬᠤ ᠳ᠋ᠤ ᠪᠡᠯᠡᠳᠬᠡᠭᠰᠡᠨ ᠱᠤᠡᠭ᠂ ᠮᠤᠳᠤ᠂ ᠳᠡᠭᠡᠰᠤ ᠵᠠᠷᠭᠡ ᠬᠡᠷᠡᠭᠰᠡᠯ᠃
ᠨᠤᠭᠲᠤ — ᠠᠳᠤᠭᠤᠨ ᠤ᠋ ᠲᠤᠯᠤᠭᠠᠢ ᠳ᠋ᠤ ᠵᠠᠭᠦᠯᠭᠡᠵᠤ᠂ ᠤᠶᠠᠬᠤ ᠪᠤᠶᠤ ᠬᠦᠳᠦᠯᠵᠤ ᠶᠠᠪᠤᠬᠤ ᠳ᠋ᠤ ᠵᠤᠷᠢᠭᠤᠯᠤᠨ ᠵᠠᠡᠭᠭᠢᠳᠴᠤ ᠬᠢᠭᠰᠡᠨ ᠰᠢᠯᠢ᠂ ᠬᠠᠴᠠᠷ᠂ ᠰᠠᠭᠠᠯᠳᠤᠷᠭ᠎ᠠ᠂ ᠡᠷᠡᠤᠪᠴᠢ᠂ ᠴᠤᠯᠪᠤᠭᠤᠷ᠂ ᠭᠤᠭᠴᠤᠭ᠎ᠠ ᠵᠡᠷᠭᠡ ᠪᠡᠷ ᠪᠦᠷᠢᠯᠳᠦᠭᠰᠡᠨ ᠬᠡᠷᠡᠭᠰᠡᠯ᠃
ᠬᠠᠵᠠᠭᠠᠷ — ᠮᠤᠷᠢᠨ ᠤ᠋ ᠲᠤᠯᠤᠭᠠᠢ ᠳ᠋ᠤ ᠤᠭᠯᠠᠵᠤ᠂ ᠠᠮᠠᠭᠠᠢᠯᠠᠵᠤ ᠵᠠᠯᠠᠬᠤ ᠵᠤᠷᠢᠯᠭ᠎ᠠ ᠪᠡᠷ ᠬᠢᠭᠰᠡᠨ ᠠᠮᠠᠭᠠᠢ᠃
ᠴᠢᠳᠤᠷ — ᠮᠤᠷᠢ ᠮᠠᠯ ᠢ᠋ ᠬᠤᠯᠠ ᠶᠠᠪᠤᠬᠤ ᠡᠴᠡ ᠰᠡᠷᠭᠡᠢᠯᠡᠵᠤ᠂ ᠭᠤᠷᠪᠠᠨ ᠬᠦᠯ (ᠡᠮᠦᠨ᠎ᠠ ᠬᠤᠶᠠᠷ ᠬᠦᠯ ᠪᠠ ᠵᠦᠪ ᠲᠠᠯ᠎ᠠ ᠢ᠋ᠢᠨ ᠬᠤᠢᠳᠤ ᠬᠦᠯ) ᠢ᠋ ᠨᠢ ᠲᠤᠷᠭᠤᠵᠤ ᠴᠢᠭᠲᠠᠯᠠᠬᠤ ᠬᠡᠷᠡᠭᠰᠡᠯ᠃
ᠠᠷᠭᠠᠮᠵᠢᠶ᠎ᠠ — ᠮᠤᠷᠢ ᠢ᠋ᠢ ᠢᠳᠡᠰᠢᠯᠡᠭᠦᠯᠬᠦ ᠳ᠋ᠡᠭᠡᠨ ᠬᠡᠷᠡᠭᠯᠡᠬᠦ ᠭᠠᠳᠠᠰᠤ ᠲᠠᠢ ᠤᠷᠲᠤ ᠤᠶᠠᠭ᠎ᠠ (ᠰᠤᠷ ᠪᠤᠶᠤ ᠳᠡᠭᠡᠰᠤ᠂ ᠤᠯᠤᠰᠤ ᠵᠡᠷᠭᠡ)
ᠲᠠᠰᠢᠭᠤᠷ — ᠮᠤᠷᠢ ᠢ᠋ᠢ ᠲᠦᠷᠭᠡᠨ ᠶᠠᠪᠤᠭᠤᠯᠬᠤ ᠳ᠋ᠤ ᠵᠤᠷᠢᠭᠤᠯᠤᠭᠰᠠᠨ ᠡᠰᠢ ᠂ ᠰᠤᠷ᠂ ᠰᠡᠭᠡᠯᠳᠦᠷᠭᠡ ᠪᠦᠬᠦᠢ ᠬᠡᠷᠡᠭᠰᠡᠯ᠃
ᠠᠳᠤᠭᠤᠨ ᠤ᠋ ᠶᠠᠪᠤᠳᠠᠯ
ᠠᠳᠤᠭᠤᠨ ᠤ᠋ ᠬᠦᠯ ᠤ᠋ᠨ ᠬᠢᠰᠬᠢᠳᠡᠯ᠂ ᠬᠦᠳᠡᠯᠭᠡᠭᠡᠨ ᠢ᠋ ᠶᠠᠪᠤᠳᠠᠯ ᠭᠡᠵᠤ ᠬᠡᠯᠡᠳᠡᠭ᠃
ᠠᠳᠤᠭᠤᠨ ᠤ᠋ ᠶᠠᠪᠤᠳᠠᠯ ᠢ᠋ ᠠᠯᠬᠤᠬᠤ ᠢ᠋ᠢᠨ ᠠᠳᠠᠯᠢ ᠦᠭᠡᠢ ᠡᠴᠡ ᠠᠯᠬᠤᠭ᠎ᠠ᠂ ᠱᠤᠭᠰᠢᠶ᠎ᠠ᠂ ᠳᠦᠡᠭᠰᠢᠶᠠ᠂ ᠶᠦᠷᠭᠡᠭᠡ᠂ ᠬᠠᠲᠠᠷᠢᠶ᠎ᠠ᠂ ᠴᠤᠬᠬᠢᠶᠠ᠂ ᠳᠠᠪᠬᠢᠶ᠎ᠠ᠂ ᠵᠢᠷᠤᠭ᠎ᠠ ᠭᠡᠭᠦᠴᠢᠯᠡᠨ ᠠᠡᠭᠭᠢᠯᠡᠵᠤ ᠨᠡᠷᠡᠯᠡᠳᠡᠭ᠃ ᠬᠠᠷᠢᠨ ᠤᠳᠤᠬᠠᠨᠤ ᠤᠯᠠᠨ ᠤᠯᠤᠰᠤᠨ ᠮᠤᠷᠢᠨᠤ ᠤᠷᠤᠯᠳᠤᠭᠠᠨᠳᠤ ᠬᠤᠷᠳᠤᠨ ᠮᠤᠷᠢᠨᠤ ᠤᠷᠤᠯᠳᠤᠭᠠᠨ ᠡᠴᠡ ᠭᠠᠳᠠᠨ᠎ᠠ ᠬᠠᠳᠠᠷᠢᠶ᠎ᠠ ᠮᠤᠷᠢᠨᠤ ᠤᠷᠤᠯᠳᠤᠭᠠᠨ᠂ ᠵᠢᠷᠤᠭ᠎ᠠ ᠮᠤᠷᠢᠨᠤ ᠤᠷᠤᠯᠳᠤᠭᠠᠨ ᠶᠠᠪᠤᠭᠳᠠᠭᠤᠯᠳᠠᠬ ᠪᠦᠭᠡᠳ ᠬᠠᠳᠠᠷᠢᠶ᠎ᠠ ᠵᠢᠷᠤᠭ᠎ᠠ ᠵᠢ ᠨᠢ ᠪᠠᠰᠠ ᠤᠷᠤᠰᠤᠮ᠎ᠠ ᠵᠢᠷᠤᠭ᠎ᠠ᠂ ᠤᠨᠠᠭᠠᠨ ᠵᠢᠷᠤᠭ᠎ᠠ ᠭᠡᠬᠦ ᠮᠡᠳᠤ ᠪᠡᠷ ᠲᠤᠳᠤᠳᠬᠠᠨ ᠨᠡᠷᠡᠯᠡᠳᠡᠭ᠃
ᠠᠯᠬᠤᠭ᠎ᠠ — ᠠᠯᠬᠤᠯᠠᠬᠤ ᠬᠦᠳᠡᠯᠦᠯ ᠨᠢ ᠬᠡᠯᠳᠦᠷᠢᠬᠦ ᠢ᠋ᠢ ᠪᠤᠳᠤᠪᠠᠯ ᠠᠷᠠᠢ ᠳᠦᠷᠭᠡᠨ ᠪᠦᠭᠡᠳ ᠬᠦᠡᠭᠭᠡᠨ ᠴᠤᠪᠤᠭᠤ ᠪᠠᠢᠬᠤ ᠢ᠋ᠢ ᠬᠡᠯᠡᠨ᠎ᠠ᠃ ᠠᠳᠤᠭᠤᠨ ᠤ᠋ ᠠᠯᠬᠤᠭ᠎ᠠ ᠢ᠋ᠢ ᠡᠡᠭ ᠤ᠋ᠨ ᠠᠯᠬᠤᠭ᠎ᠠ᠂ ᠬᠦᠡᠭᠭᠡᠨ ᠬᠠᠷ᠎ᠠ ᠠᠯᠬᠤᠭ᠎ᠠ᠂ ᠭᠦᠨ ᠬᠠᠷ᠎ᠠ ᠠᠯᠬᠤᠭ᠎ᠠ᠂ ᠭᠦᠶᠦᠮᠠ ᠬᠠᠷ᠎ᠠ ᠠᠯᠬᠤᠭ᠎ᠠ ᠭᠡᠵᠤ ᠬᠤᠪᠢᠶᠠᠨ᠎ᠠ᠃
ᠱᠤᠭᠰᠢᠶ᠎ᠠ — ᠱᠤᠭᠰᠢᠬᠤ ᠨᠢ ᠳᠦᠡᠭᠰᠢᠬᠦ ᠡᠴᠡ ᠲᠦᠷᠭᠡᠨ ᠪᠦᠭᠡᠳ ᠪᠡᠶ᠎ᠠ ᠰᠡᠭᠰᠦᠷᠬᠦ ᠨᠢ ᠰᠢᠷᠦᠭᠦᠨ᠃
ᠲᠦᠡᠭᠰᠢᠶᠠ — ᠬᠠᠲᠠᠭᠤ ᠱᠤᠭᠰᠢᠶ᠎ᠠ᠃
ᠶᠦᠷᠭᠡᠭᠡ — ᠮᠤᠷᠢᠨ ᠤ᠋ ᠵᠢᠭᠳᠡᠬᠡᠨ ᠰᠢᠷᠦᠭᠦᠨ ᠶᠠᠪᠤᠳᠠᠯ᠂ ᠱᠤᠭᠰᠢᠬᠤ ᠬᠠᠲᠠᠷᠢᠬᠤ ᠬᠤᠶᠠᠷ ᠤ᠋ᠨ ᠬᠤᠭᠤᠷᠤᠨᠳᠤᠬᠢ ᠶᠠᠪᠤᠳᠠᠯ᠃
ᠬᠠᠲᠠᠷᠢᠶ᠎ᠠ — ᠱᠤᠭᠰᠢᠶ᠎ᠠ ᠡᠴᠡ ᠲᠦᠷᠭᠡᠨ ᠶᠠᠪᠤᠳᠠᠯ᠃
ᠴᠤᠬᠬᠢᠶᠠ — ᠡᠮᠦᠨ᠎ᠠ ᠬᠤᠶᠠᠷ ᠬᠦᠯ ᠵᠡᠷᠭᠡᠪᠡᠷ ᠬᠤᠢᠳᠤ ᠬᠤᠶᠠᠷ ᠬᠦᠯ ᠵᠡᠷᠭᠡᠪᠡᠷ ᠡᠭᠡᠯᠵᠢᠯᠡᠨ ᠬᠠᠷᠠᠢᠯᠡᠵᠤ ᠲᠦᠭᠡᠯᠡᠵᠤ ᠶᠠᠪᠤᠬᠤ ᠨᠢᠭᠡᠨ ᠵᠦᠢᠯ ᠤ᠋ᠨ ᠶᠠᠪᠤᠳᠠᠯ᠃
ᠳᠠᠪᠬᠢᠶ᠎ᠠ — ᠮᠤᠷᠢᠨ ᠤ᠋ ᠬᠠᠮᠤᠭ ᠤ᠋ᠨ ᠬᠤᠷᠳᠤᠨ ᠶᠠᠪᠤᠳᠠᠯ᠃
ᠵᠢᠷᠤᠭ᠎ᠠ — ᠨᠢᠭᠡ ᠲᠠᠯ᠎ᠠ ᠢ᠋ᠢᠨ ᠤᠷᠳᠤ ᠬᠤᠢᠳᠤ ᠬᠦᠯ ᠢ᠋ᠢᠡᠨ ᠵᠡᠷᠭᠡ ᠪᠡᠷ ᠡᠷᠭᠦᠭᠦ ᠪᠤᠶᠤ ᠵᠡᠷᠭᠡ ᠪᠡᠷ ᠭᠠᠵᠠᠷ ᠲᠤᠰᠬᠠᠬᠤ ᠶᠠᠪᠤᠳᠠᠯ᠃
ᠬᠤᠷᠳᠤᠨ ᠮᠤᠷᠢᠨ ᠤ᠋ ᠴᠤᠯᠠ
ᠨᠠᠢᠷ ᠨᠠᠭᠠᠳᠤᠮ ᠳ᠋ᠤ 《ᠠᠢᠷᠠᠭ ᠤ᠋ᠨ ᠲᠠᠪᠤ》 ᠳ᠋ᠤ ᠤᠷᠤᠬᠰᠠᠨ ᠮᠤᠷᠢᠳ ᠢ᠋ ᠬᠠᠮᠤᠭ ᠤ᠋ᠨ ᠪᠡᠯᠭᠡ ᠲᠡᠢ ᠰᠠᠢᠬᠠᠨ ᠦᠭᠡᠰ ᠢ᠋ᠢᠡᠷ ᠢᠷᠦᠭᠡᠨ ᠮᠠᠭᠲᠠᠬᠤ ᠢ᠋ᠢ ᠬᠤᠷᠳᠤᠨ ᠮᠤᠷᠢᠨ ᠤ᠋ ᠴᠤᠯᠠ ᠳᠠᠭᠤᠳᠠᠬᠤ ᠭᠡᠨ᠎ᠠ᠃ ᠬᠤᠷᠳᠤᠨ ᠮᠤᠷᠢᠨᠤ ᠴᠤᠯᠠ ᠵᠢᠨ ᠢᠷᠦᠭᠡᠯ ᠨᠢ ᠤᠷᠠᠨ ᠵᠤᠬᠢᠶᠠᠯᠤᠨ ᠰᠲ᠋ᠢᠯᠢ ᠵᠢ ᠪᠠᠶᠠᠯᠢᠬᠵᠢᠭᠤᠯᠤᠭᠰᠠᠨ ᠵᠢᠡᠷ ᠪᠠᠷᠠᠬᠤ ᠦᠭᠡᠢ᠂ ᠮᠤᠷᠢᠨ ᠴᠤᠯᠠ ᠳᠠᠭᠤᠳᠠᠬᠤ ᠢᠷᠦᠭᠡᠯᠴᠢ ᠵᠢ ᠬᠦᠮᠦᠵᠢᠬᠦᠯᠦᠭᠰᠡᠨ ᠶᠤᠮ᠃
** ᠠᠢᠮᠠᠭ ᠤ᠋ᠨ ** ᠰᠤᠮᠤᠨ ᠤ᠋ ** ᠭᠠᠴᠠᠭᠠᠨ ᠤ᠋ ** ᠤ᠋ ᠦᠨᠢᠷ ᠰᠦᠷᠦᠭ ᠤ᠋ᠨ ᠭᠡᠭᠦᠦ ᠵᠢᠨ ᠤᠨᠠᠭ᠎ᠠ
ᠬᠠᠨ ᠳᠡᠯᠡᠬᠡᠢ ᠳ᠋ᠤ ᠪᠠᠭᠲᠠᠰᠢ ᠦᠭᠡᠢ ᠬᠠᠮᠤᠭ ᠰᠦᠷᠦᠭ ᠤ᠋ᠨ ᠲᠡᠷᠢᠭᠦᠨ
ᠬᠠᠮᠤᠭ ᠠᠮᠢᠲᠠᠨ ᠤ᠋ ᠬᠠᠨᠤᠰᠢ ᠦᠭᠡᠢ ᠪᠠᠶᠠᠷ ᠴᠠᠡᠭᠭᠡᠯ ᠤ᠋ᠨ ᠮᠠᠡᠭᠯᠡᠢ
ᠲᠠᠯ᠎ᠠ ᠢ᠋ᠢᠨ ᠴᠠᠭᠠᠨ᠎ᠠ ᠡᠴᠡ ᠳᠡᠪᠬᠢᠭᠠᠳ ᠢᠷᠡᠳᠡᠭ
ᠲᠡᠰ ᠪᠦᠷᠭᠦᠳ ᠰᠢᠭ ᠱᠤᠡᠭᠭᠤᠭᠠᠳ ᠢᠷᠡᠳᠡᠭ
ᠲᠠᠪᠤᠨ ᠵᠠᠭᠤ ᠡᠴᠡ ᠲᠠᠰᠤᠷᠠᠭᠠᠳ ᠢᠷᠡᠳᠡᠭ
ᠲᠠᠯᠠᠪᠠᠢ ᠢ᠋ᠢᠨ ᠤᠯᠠᠨ ᠢ᠋ ᠪᠠᠶᠠᠰᠬᠠᠭᠠᠳ ᠢᠷᠡᠳᠡᠭ
ᠬᠠᠡᠭᠭᠠᠢ ᠢ᠋ᠢᠨ ᠴᠠᠭᠠᠨ᠎ᠠ ᠡᠴᠡ ᠬᠠᠷᠠᠢᠭᠠᠳ ᠢᠷᠡᠳᠡᠭ
ᠬᠠᠷᠪᠤᠭᠰᠠᠨ ᠰᠤᠮᠤ ᠰᠢᠬ ᠰᠤᠮᠤᠳᠠᠭᠠᠳ ᠢᠷᠡᠳᠡᠭ
᠁
ᠮᠠᠭᠲᠠᠵᠤ ᠪᠠᠷᠠᠰᠢ ᠦᠭᠡᠢ ᠡᠷᠳᠡᠮ ᠲᠠᠢ
ᠮᠠᠡᠭᠯᠡᠢᠯᠡᠵᠤ ᠪᠠᠷᠠᠰᠢ ᠦᠭᠡᠢ ᠬᠦᠶᠤᠳᠠᠯ ᠲᠠᠢ
ᠮᠢᠡᠭᠭᠠᠨ ᠰᠢᠨᠵᠢᠯᠡᠭᠡ ᠢ᠋ᠢ ᠲᠡᠭᠦᠰ ᠪᠦᠷᠢᠳᠦᠭᠦᠯᠦᠭᠰᠡᠨ
ᠮᠦᠡᠭᠭᠡ ᠠᠮᠤᠭᠤᠯᠠᠡᠭ ᠡᠡᠭᠭᠡ ᠵᠢᠷᠭᠠᠯᠠᠡᠭ
ᠲᠦᠮᠡᠨ ᠤ᠋ ᠡᠭᠡ
ᠲᠦᠷᠭᠡᠨ ᠴᠠᠬᠢᠯᠭᠠᠨ
ᠲᠤᠳᠤ ᠮᠠᠡᠭᠨᠠᠢ ᠭᠦᠯᠭᠡ ᠡᠨᠡ ᠪᠢᠯᠡ᠁ ᠭᠡᠵᠤ 《ᠲᠡᠷᠢᠭᠦᠨ ᠮᠤᠷᠢ》 ᠪᠡᠨ ᠴᠤᠯᠯᠠᠨᠠ᠃
ᠬᠤᠷᠳᠤ ᠴᠢᠳᠠᠯ ᠢ᠋ᠢᠡᠨ ᠰᠤᠷᠢᠨ ᠤᠷᠤᠯᠳᠤᠭᠰᠠᠨ ᠬᠦᠯᠦᠭ ᠮᠤᠷᠢᠳ ᠤ᠋ᠨ ᠳᠤᠲᠤᠷ᠎ᠠ ᠡᠴᠡ ᠬᠦᠴᠦ ᠪᠡᠷ ᠢ᠋ᠢᠡᠨ ᠳᠠᠪᠠᠭᠤ᠂ ᠬᠤᠷᠳᠤ ᠪᠡᠷ ᠢ᠋ᠢᠡᠨ ᠠᠭᠤᠤ᠂ ᠰᠢᠨᠳᠠᠰᠤ ᠰᠠᠢᠲᠤ᠂ ᠱᠠᠯᠠᠮᠠᠭ ᠬᠦᠳᠡᠯᠭᠡᠭᠡᠨᠲᠤ ᠬᠤᠷᠳᠤᠨ ᠬᠦᠯᠦᠭ ᠢ᠋ᠢᠡᠨ ᠬᠦᠨᠳᠤᠲᠤ ᠨᠠᠭᠠᠳᠤᠮᠴᠢᠳ ᠤ᠋ᠨ ᠡᠮᠦᠨ᠎ᠠ ᠢᠷᠠᠭᠤ ᠰᠠᠢᠬᠠᠨ ᠴᠤᠯᠠ ᠦᠭᠴᠤ ᠢᠯᠭᠤᠮ ᠰᠠᠢᠬᠠᠨ ᠮᠠᠭᠲᠠᠲᠠᠭ᠃ ᠲᠡᠷᠢᠭᠦᠨ ᠮᠤᠷᠢᠨ ᠳ᠋ᠤ 《ᠲᠦᠮᠡᠨ ᠤ᠋ ᠡᠬᠡ》 ᠴᠤᠯᠠ ᠦᠭᠴᠤ᠂ ᠲᠠᠪᠤ ᠡᠴᠡ ᠳᠡᠭᠡᠭᠰᠢ ᠳ᠋ᠤ ᠤᠷᠤᠬᠰᠠᠨ ᠮᠤᠷᠢ ᠢ᠋ᠢ 《ᠠᠢᠷᠠᠬ ᠤ᠋ᠨ ᠲᠠᠪᠤ》 ᠬᠡᠵᠤ᠂ ᠠᠳᠠᠭ ᠮᠤᠷᠢ ᠢ᠋ᠢ 《ᠪᠠᠶᠠᠨ ᠬᠤᠳᠤᠭᠤᠳᠤ》 ᠭᠡᠬᠦ ᠮᠡᠲᠤ ᠪᠡᠷ ᠨᠡᠷᠡᠯᠡᠳᠡᠭ᠃
ᠠᠳᠤᠭᠤᠨ ᠤ᠋ ᠲᠤᠬᠠᠢ ᠢᠷᠦᠭᠡᠯ ᠮᠠᠭᠲᠠᠭᠠᠯ
ᠠᠳᠤᠭᠤᠨ ᠤ᠋ ᠲᠤᠬᠠᠢ ᠢᠷᠦᠭᠡᠯ ᠮᠠᠭᠲᠠᠭᠠᠯ ᠪᠤᠯ ᠠᠳᠤᠭᠤᠨ ᠰᠤᠶᠤᠯ ᠤ᠋ᠨ ᠳᠤᠲᠤᠷᠡᠬᠢ ᠬᠡᠯᠡ ᠤᠷᠠᠯᠢᠭ ᠢ᠋ᠢᠡᠷ ᠢᠯᠡᠷᠡᠬᠦ ᠤᠯᠠᠨ ᠬᠡᠯᠪᠡᠷᠢ ᠵᠢᠨ ᠨᠢᠭᠡ ᠶᠤᠮ᠃ ᠠᠳᠤᠭᠤᠨ ᠤ᠋ ᠲᠤᠬᠠᠢ ᠢᠷᠦᠭᠡᠯ ᠳ᠋ᠤ 《ᠠᠳᠤᠭᠤᠨ ᠰᠦᠷᠦᠭ ᠤ᠋ᠨ ᠢᠷᠦᠭᠡᠯ》᠂ 《ᠤᠨᠠᠭᠠᠨ ᠤ᠋ ᠢᠷᠦᠭᠡᠯ》᠂ 《ᠠᠵᠢᠷᠭᠠᠨ ᠤ᠋ ᠢᠷᠦᠭᠡᠯ》᠂ 《ᠭᠡᠭᠦᠤ ᠪᠠᠷᠢᠬᠤ ᠢᠷᠦᠭᠡᠯ》᠂ 《ᠬᠦᠡᠭᠭᠡᠯᠡᠵᠤ ᠵᠠᠰᠠᠬᠤ ᠢᠷᠦᠭᠡᠯ》᠂ 《ᠢᠮᠨᠠᠵᠤ ᠲᠠᠮᠠᠭᠠᠯᠠᠬᠤ ᠢᠷᠦᠭᠡᠯ》᠂ 《ᠮᠤᠷᠢ ᠤᠡᠭᠭᠤᠯᠠᠬᠤ ᠢᠷᠦᠭᠡᠯ》᠂ 《ᠡᠮᠡᠭᠡᠯ ᠲᠤᠬᠤᠮ ᠮᠢᠯᠢᠶᠡᠬᠤ ᠢᠷᠦᠭᠡᠯ》᠂ 《ᠵᠢᠷᠤᠭ᠎ᠠ ᠮᠤᠷᠢᠨ ᠤ᠋ ᠢᠷᠦᠭᠡᠯ》᠂ 《ᠮᠤᠷᠢᠨ ᠤ᠋ ᠬᠡᠤᠬᠡᠳ ᠤ᠋ᠨ ᠢᠷᠦᠭᠡᠯ》 ᠭᠡᠭᠦᠴᠢᠯᠡᠨ ᠤᠯᠠᠨ ᠪᠠᠢᠵᠤ᠂ 《ᠬᠤᠷᠳᠤᠨ ᠬᠦᠯᠦᠭ ᠤ᠋ᠨ ᠮᠠᠭᠲᠠᠭᠠᠯ》᠂ 《ᠰᠡᠯᠬᠢᠨ ᠵᠡᠭᠡᠷᠲᠡ ᠢ᠋ᠢᠨ ᠮᠠᠭᠲᠠᠭᠠᠯ》᠂ 《ᠰᠢᠪᠠᠭᠤᠨ ᠰᠠᠷᠠᠯ ᠤ᠋ᠨ ᠮᠠᠭᠲᠠᠭᠠᠯ》 ᠭᠡᠭᠦᠴᠢᠯᠡᠨ ᠬᠤᠷᠳᠤᠨ ᠮᠤᠷᠢᠤᠨ ᠤ᠋ᠨ ᠲᠤᠬᠠᠢ ᠮᠠᠭᠲᠠᠭᠠᠯ ᠴᠤ᠌ ᠤᠯᠠᠨ ᠪᠠᠢᠳᠠᠭ᠃
《 ᠵᠠ —
ᠤᠮ ᠰᠠᠢᠨ ᠠᠮᠤᠭᠤᠯᠠᠡᠭ ᠪᠤᠯᠲᠤᠭᠠᠢ \ ᠰᠡᠷᠢᠭᠦᠨ ᠰᠠᠢᠬᠠᠨ ᠲᠡᠨᠢᠭᠡᠷ ᠲᠠᠯ᠎ᠠ ᠳ᠋ᠡᠬᠢ \ ᠰᠡᠷᠭᠦᠯᠡᠡᠭ ᠴᠤᠪᠤᠭᠤ ᠡᠷᠳᠡᠨᠢᠲᠤ ᠰᠦᠷᠦᠭ \ ᠤᠰᠤᠨ ᠤ᠋ ᠲᠤᠡᠭᠭᠠᠯᠠᠭ ᠡᠴᠡ ᠤᠤᠭᠤᠵᠤ ᠨᠤᠲᠤᠭᠰᠢᠬᠰᠠᠨ \ ᠤᠷᠭᠤᠮᠠᠯ ᠤ᠋ᠨ ᠰᠤᠷ ᠲᠤ᠌ ᠪᠡᠯᠴᠢᠭᠡᠷᠯᠡᠵᠤ ᠶᠠᠪᠤᠬᠰᠠᠨ \ ᠤᠷᠠᠨ ᠰᠠᠢᠪᠤᠷ ᠭᠢᠰᠬᠢᠳᠡᠯ ᠲᠠᠢ \ ᠤᠨᠠᠭᠠᠨ ᠵᠢᠷᠤᠭ᠎ᠠ ᠶᠠᠪᠤᠳᠠᠯ ᠲᠠᠢ \ ᠤᠶᠠᠨ ᠵᠦᠭᠡᠯᠡᠨ ᠬᠠᠲᠠᠷᠢᠶ᠎ᠠ ᠪᠡᠷ \ ᠤᠨᠤᠬᠰᠠᠨ ᠡᠵᠡᠨ ᠢ᠋ᠢᠡᠨ ᠪᠠᠶᠠᠷᠯᠠᠭᠤᠯᠳᠠᠭ \ ᠤᠷᠤᠰᠤᠮ᠎ᠠ ᠬᠤᠷᠳᠤᠨ ᠠᠯᠬᠤᠳᠠᠯ ᠢ᠋ᠢᠡᠷ \ ᠤᠷᠲᠤ ᠢ᠋ᠢᠨ ᠵᠠᠮ ᠢ᠋ ᠲᠤᠭᠤᠯᠳᠠᠭ \ ᠤᠶᠠᠬᠠᠨ ᠰᠠᠢᠬᠠᠨ ᠢᠨᠴᠠᠭ᠎ᠠ ᠪᠡᠷ \ ᠠᠭᠤᠯᠠ ᠭᠤᠪᠢ ᠢ᠋ᠢ ᠨᠠᠷᠭᠢᠭᠤᠯᠳᠠᠭ ᠃
᠁
ᠤᠷᠤᠰᠬᠠᠯ ᠲᠤᠡᠭᠭᠠᠯᠠᠭ ᠭᠤᠤᠯ ᠤ᠋ᠨ
ᠦᠨᠳᠦᠷ ᠰᠠᠢᠬᠠᠨ ᠳᠡᠨᠵᠢᠨ ᠳᠡᠭᠡᠷ᠎ᠠ
ᠠᠭᠤᠳᠠᠮ ᠲᠡᠨᠢᠭᠡᠷ ᠲᠠᠯ᠎ᠠ ᠢ᠋ᠢᠨ
ᠤᠷᠭᠤᠮᠠᠯ ᠰᠠᠢᠲᠠᠢ ᠵᠦᠯᠭᠡᠨ ᠳᠡᠭᠡᠷ᠎ᠠ
ᠲᠡᠭᠷᠢ ᠢ᠋ᠢᠨ ᠤᠳᠤ ᠰᠢᠬ
ᠲᠤᠭ᠎ᠠ ᠦᠭᠡᠢ ᠤᠯᠠᠨ ᠪᠤᠯᠵᠤ
ᠪᠤᠯᠠᠭ ᠤ᠋ᠨ ᠤᠰᠤ ᠰᠢᠬ
ᠪᠤᠮ ᠰᠠᠶ᠎ᠠ ᠪᠡᠷ ᠦᠷᠡᠵᠢᠬᠦ ᠪᠤᠯᠲᠤᠭᠠᠢ!》
ᠬᠡᠮᠡᠨ ᠠᠳᠤᠭᠤᠨ ᠰᠦᠷᠦᠭ ᠢ᠋ᠢᠡᠨ ᠢᠷᠦᠭᠡᠳᠡᠭ᠃
ᠠᠳᠤᠭᠤᠨ ᠤ᠋ ᠲᠤᠬᠠᠢ ᠵᠦᠢᠷ ᠰᠠᠴᠠᠨ ᠦᠭᠡ
ᠠᠳᠤᠭᠤ ᠲᠠᠢ ᠬᠤᠯᠪᠤᠭᠳᠠᠭᠰᠠᠨ ᠵᠦᠢᠷ ᠰᠡᠴᠡᠨ ᠦᠭᠡ ᠮᠠᠰᠢ ᠤᠯᠠᠨ ᠪᠤᠢ᠃ ᠠᠭᠤᠯᠭ᠎ᠠ ᠵᠢᠨ ᠲᠠᠯ᠎ᠠ ᠪᠠᠷ ᠦᠢᠯᠡᠳᠪᠦᠷᠢᠯᠡᠯ ᠠᠮᠢᠳᠤᠷᠠᠯ᠂ ᠠᠵᠦ ᠤᠨᠳᠤᠷᠤᠯᠭ᠎ᠠ᠂ ᠰᠤᠷᠭᠠᠯ ᠬᠦᠮᠦᠵᠢᠯ᠂ ᠪᠡᠯᠭᠡ ᠲᠡᠮᠪᠡᠷᠢᠯ᠂ ᠵᠤᠷᠢᠭ ᠬᠠᠢᠷᠠᠯᠠᠬᠤ ᠵᠡᠷᠭᠡ ᠵᠦᠢᠷ ᠰᠡᠴᠡᠨ ᠦᠭᠡ ᠪᠦᠷ ᠪᠠᠢᠳᠠᠭ᠃ ᠡᠳᠡᠭᠡᠷ ᠵᠦᠢᠷ ᠦᠭᠡᠨᠤ ᠪᠤᠢ ᠪᠤᠯᠤᠭᠰᠠᠨ ᠢᠷᠡᠯᠳᠡ ᠨᠢ ᠮᠤᠩᠭᠤᠯ ᠮᠤᠷᠢᠨᠤ ᠵᠤᠷᠢᠭ ᠰᠠᠨᠠᠭ᠎ᠠ ᠡᠴᠡ ᠢᠷᠡᠯᠳᠡᠢ ᠦᠭᠡᠰᠤᠨ ᠰᠠᠩᠤᠨ ᠡᠷᠳᠡᠨᠢᠰᠤᠨ ᠬᠦᠮᠦᠷᠭᠡ ᠪᠤᠯᠬᠤ ᠶᠤᠮ᠃
ᠠᠪᠤ ᠢ᠋ᠢᠨ ᠪᠤᠢ ᠳ᠋ᠤ ᠬᠦᠮᠦᠨ ᠲᠠᠨᠢᠬᠤ
ᠠᠭᠲᠠ ᠢ᠋ᠢᠨ ᠪᠤᠢ ᠳ᠋ᠤ ᠭᠠᠵᠠᠷ ᠲᠠᠨᠢᠬᠤ
ᠠᠪᠤ ᠢ᠋ᠢᠨ ᠬᠦᠤ ᠢ᠋ᠢᠨ ᠵᠤᠷᠢᠭ ᠬᠤᠷᠴᠠ
ᠠᠳᠤᠭᠤᠨ ᠰᠦᠷᠦᠭ ᠤ᠋ᠨ ᠲᠤᠭᠤᠷᠠᠢ ᠬᠤᠷᠴᠠ
ᠠᠭᠲᠠ ᠠᠯᠳᠠᠪᠠᠯ ᠪᠠᠷᠢᠵᠤ ᠪᠤᠯᠳᠠᠭ
ᠠᠮᠠ ᠠᠯᠳᠠᠪᠠᠯ ᠪᠠᠷᠢᠵᠤ ᠪᠤᠯᠳᠠᠭ ᠦᠭᠡᠢ
ᠠᠳᠤᠭᠤᠨ ᠤ᠋ ᠪᠡᠨ ᠬᠢᠷᠢ ᠪᠡᠷ ᠢᠰᠭᠢᠷᠴᠤ
ᠬᠦᠨᠵᠢᠯᠡ ᠢ᠋ᠢᠨ ᠢ᠋ᠢᠡᠨ ᠬᠢᠷᠢ ᠪᠡᠷ ᠬᠦᠯ ᠢ᠋ᠢᠡᠨ ᠵᠢᠬᠢ
ᠠᠶᠠᠭᠠᠨ ᠤ᠋ ᠬᠠᠷᠢᠭᠤ ᠡᠳᠦᠷ ᠲᠡᠭᠡᠨ
ᠠᠭᠲᠠ ᠢ᠋ᠢᠨ ᠬᠠᠷᠢᠭᠤ ᠵᠢᠯ ᠳ᠋ᠡᠭᠡᠨ
ᠠᠶᠠᠭᠠᠨ ᠤ᠋ ᠠᠯᠠᠭ ᠡᠴᠡ
ᠠᠳᠤᠭᠤᠨ ᠤ᠋ ᠠᠯᠠᠭ ᠳᠡᠭᠡᠷ᠎ᠠ
ᠠᠭᠤᠯᠠ ᠮᠤᠷᠢ ᠢ᠋ᠢ ᠵᠤᠪᠠᠭᠠᠵᠤ
ᠠᠭᠤᠷ ᠪᠡᠶ᠎ᠠ ᠢ᠋ᠢ ᠵᠤᠪᠠᠭᠠᠨ᠎ᠠ
ᠠᠭᠲᠠ ᠢ᠋ᠢᠨ ᠰᠠᠢᠨ ᠢ᠋ ᠤᠨᠤᠨ ᠪᠠᠢᠵᠤ ᠮᠠᠳᠡᠨ᠎ᠠ
ᠠᠨᠳᠠ ᠢ᠋ᠢᠨ ᠰᠠᠢᠨ ᠢ᠋ ᠬᠠᠨᠢᠯᠠᠨ ᠪᠠᠢᠵᠤ ᠮᠡᠳᠡᠨ᠎ᠠ
ᠠᠷᠤ ᠳᠠᠪᠠᠵᠤ ᠬᠦᠯᠦᠭ ᠪᠤᠯᠳᠠᠭ
ᠠᠵᠢᠯ ᠬᠢᠵᠤ ᠬᠦᠮᠦᠨ ᠪᠤᠯᠳᠠᠭ
ᠠᠯᠲᠠ ᠮᠦᠡᠭᠭᠦ ᠪᠡᠶ᠎ᠠ ᠢ᠋ᠢᠨ ᠴᠢᠮᠡᠭ
ᠠᠳᠤᠭᠤ ᠮᠠᠯ ᠲᠠᠯ᠎ᠠ ᠢ᠋ᠢᠨ ᠴᠢᠮᠡᠭ
ᠡᠷ᠎ᠠ ᠬᠦᠮᠦᠨ ᠤ᠋ ᠴᠡᠭᠡᠵᠢᠨ ᠳ᠋ᠤ
ᠡᠮᠡᠭᠡᠯ ᠬᠠᠵᠠᠭᠠᠷ ᠲᠠᠢ ᠮᠤᠷᠢ ᠡᠷᠭᠢᠯᠳᠤᠨᠠ
ᠤᠨᠤᠭ᠎ᠠ ᠰᠠᠢᠲᠠᠢ ᠢ᠋ᠢᠨ ᠶᠠᠪᠤᠳᠠᠯ ᠪᠦᠲᠦᠨᠠ
ᠤᠬᠠᠭᠠᠨ ᠰᠠᠢᠲᠠᠢ ᠢ᠋ᠢᠨ ᠠᠵᠢᠯ ᠲᠦᠬᠦᠷᠦᠨᠠ
ᠤᠷᠤᠭᠰᠢ ᠭᠢᠰᠬᠢᠬᠦ ᠳ᠋ᠤ ᠤᠷᠭᠤᠭ᠎ᠠ ᠬᠠᠳᠠ
ᠤᠤᠭᠤᠵᠤ ᠢᠳᠡᠬᠦ ᠳ᠋ᠤ ᠤᠷᠭ᠎ᠠ ᠢ᠋ᠢᠨ ᠮᠤᠷᠢ
ᠦᠷᠭᠦᠭᠰᠡᠨ ᠮᠤᠷᠢᠨ ᠳ᠋ᠤ ᠲᠠᠰᠢᠭᠤᠷ ᠤᠯᠠᠨ
ᠦᠨᠤᠴᠢᠨ ᠬᠡᠤᠬᠡᠳ ᠲᠤ᠌ ᠡᠵᠡᠨ ᠤᠯᠠᠨ
ᠠᠳᠤᠭᠤᠨ ᠤ᠋ ᠨᠡᠷᠡᠢᠳᠦᠯ
ᠠᠳᠤᠭᠤ ᠢ᠋ᠢ ᠨᠠᠰᠤ ᠰᠢᠳᠤ᠂ ᠬᠦᠢᠰᠤ ᠴᠢᠨᠠᠷ᠂ ᠦᠡᠭᠭᠡ ᠵᠢᠰᠤᠮ᠂ ᠶᠠᠪᠤᠳᠠᠯ ᠬᠢᠳᠡᠯ᠂ ᠠᠯᠳᠠᠷ ᠴᠤᠯᠠ ᠵᠡᠷᠭᠡ ᠤᠯᠠᠨ ᠲᠠᠯ᠎ᠠ ᠪᠡᠷ ᠢᠯᠭᠠᠨ ᠨᠡᠷᠡᠯᠡᠳᠡᠭ᠃ ᠡᠭᠦᠨ ᠳ᠋ᠤ ᠨᠠᠰᠤ ᠰᠢᠳᠤ ᠪᠡᠷ ᠨᠢ ᠢᠯᠭᠠᠨ ᠨᠡᠷᠡᠯᠡᠬᠦ ᠭᠡᠳᠡᠭ ᠨᠢ ᠮᠤᠷᠢᠨ ᠤ᠋ ᠨᠠᠰᠤᠨ ᠤ᠋ ᠲᠤᠭ᠎ᠠ ᠪᠡᠷ ᠨᠡᠷᠡᠯᠡᠬᠦ ᠢ᠋ᠢ ᠬᠡᠯᠡᠵᠤ ᠪᠠᠢᠭ᠎ᠠ ᠶᠤᠮ᠃ ᠮᠤᠩᠭᠤᠯ ᠬᠡᠯᠡᠨᠤ ᠦᠭᠡᠰᠤᠨ ᠰᠠᠩᠳᠤ ᠬᠦᠮᠦᠨᠤ ᠨᠠᠰᠤᠨ ᠡᠴᠡ ᠪᠤᠰᠤᠳ ᠠᠮᠢᠳᠠᠨᠤ ᠨᠠᠰᠤ ᠵᠢ ᠨᠡᠷᠡᠯᠡᠭᠰᠡᠨ ᠨᠡᠷ᠎ᠡ ᠲᠤᠳᠤᠷ᠎ᠠ ᠠᠳᠤᠭᠤᠨᠤ ᠨᠠᠰᠤᠨ ᠨᠡᠷᠡᠢᠳᠦᠯ ᠬᠠᠮᠤᠭᠤᠨ ᠪᠦᠷᠢᠨ ᠬᠦᠢᠴᠡᠳ ᠪᠠᠢᠳᠠᠬ᠃

ᠤᠨᠠᠭ᠎ᠠ — ᠲᠤᠰ ᠵᠢᠯ ᠤ᠋ᠨ ᠲᠦᠯ (ᠡᠷ᠎ᠠ ᠤᠨᠠᠭ᠎ᠠ᠂ ᠦᠬᠢᠨ ᠤᠨᠠᠭ᠎ᠠ)᠃
ᠰᠡᠷᠪᠠ — ᠡᠪᠤᠯ ᠤ᠋ᠨ ᠡᠬᠢᠨ ᠡᠴᠡ ᠳᠠᠷᠠᠭ᠎ᠠ ᠬᠠᠪᠤᠷ ᠤ᠋ᠨ ᠰᠡᠭᠦᠯᠴᠢ ᠳ᠋ᠤ ᠭᠠᠷᠤᠭᠰᠠᠨ ᠤᠨᠠᠭ᠎ᠠ᠂ ᠪᠠᠰᠠ ᠪᠦᠬᠦᠯᠢ ᠵᠢᠯ ᠤ᠋ᠨ ᠤᠢ ᠬᠦᠷᠦᠭᠡᠳᠦᠢ ᠤᠨᠠᠭ᠎ᠠ ᠢ᠋ᠢ ᠰᠡᠷᠪᠠ ᠭᠡᠳᠡᠭ᠃
ᠳᠠᠭ᠎ᠠ — ᠬᠤᠶᠠᠷ ᠨᠠᠰᠤᠨ ᠤ᠋ ᠠᠳᠤᠭᠤ (ᠡᠷ᠎ᠠ ᠳᠠᠭ᠎ᠠ᠂ ᠦᠭᠢᠨ ᠳᠠᠭ᠎ᠠ)᠃
ᠰᠢᠳᠦᠯᠡᠡᠭ — ᠭᠤᠷᠪᠠᠨ ᠨᠠᠰᠤᠨ ᠤ᠋ ᠠᠳᠤᠭᠤ (ᠰᠢᠳᠦᠯᠡᠡᠭ ᠦᠷᠢᠶ᠎ᠠ᠂ ᠰᠢᠳᠦᠯᠡᠡᠭ ᠪᠠᠢᠳᠠᠰᠤ)
ᠬᠢᠵᠠᠭᠠᠯᠠᠡᠭ — ᠳᠦᠷᠪᠡᠨ ᠨᠠᠰᠤᠨ ᠤ᠋ ᠠᠳᠤᠭᠤ (ᠬᠢᠵᠠᠭᠠᠯᠠᠡᠭ ᠦᠷᠢᠶ᠎ᠠ᠂ ᠬᠢᠵᠠᠭᠠᠯᠠᠡᠭ ᠪᠠᠢᠳᠠᠰᠤ)
ᠦᠷᠢᠶ᠎ᠠ — ᠭᠤᠷᠪᠠ ᠡᠴᠡ ᠳᠦᠷᠪᠡᠨ ᠨᠠᠰᠤᠨ ᠤ᠋ ᠡᠷ᠎ᠠ ᠠᠳᠤᠭᠤ᠃
ᠪᠠᠢᠳᠠᠰᠤ — ᠭᠤᠷᠪᠠ ᠡᠴᠡ ᠳᠦᠷᠪᠡᠨ ᠨᠠᠰᠤᠨ ᠤ᠋ ᠡᠮ᠎ᠠ ᠠᠳᠤᠭᠤ᠃
ᠰᠤᠶᠤᠭᠠᠯᠠᠡᠭ — ᠲᠠᠪᠤᠨ ᠨᠠᠰᠤᠨ ᠤ᠋ ᠠᠳᠤᠭᠤ᠃
ᠮᠤᠷᠢ (ᠠᠭᠲᠠ) — ᠳᠦᠷᠪᠡᠨ ᠨᠠᠰᠤᠨ ᠡᠴᠡ ᠳᠡᠭᠡᠭᠰᠢᠬᠢ ᠠᠭᠲᠠᠯᠠᠭᠰᠠᠨ ᠠᠳᠤᠭᠤ᠃
ᠠᠵᠢᠷᠭ᠎ᠠ — ᠳᠦᠷᠪᠡᠨ ᠨᠠᠰᠤᠨ ᠡᠴᠡ ᠳᠡᠭᠡᠭᠰᠢᠬᠢ ᠠᠭᠲᠠᠯᠠᠭᠰᠠᠨ ᠦᠭᠡᠢ ᠡᠷ᠎ᠠ ᠠᠳᠤᠭᠤ᠃
ᠭᠡᠬᠦᠦ — ᠳᠦᠷᠪᠡᠨ ᠨᠠᠰᠤᠨ ᠡᠴᠡ ᠳᠡᠭᠡᠭᠰᠢᠬᠢ ᠨᠠᠰᠤ ᠭᠦᠢᠴᠡᠭᠰᠡᠨ ᠡᠮ᠎ᠡ ᠠᠳᠤᠭᠤ᠃
ᠠᠳᠤᠭᠤ — ᠲᠠᠪᠤᠨ ᠬᠤᠰᠢᠭᠤ ᠮᠠᠯ ᠤ᠋ᠨ ᠨᠢᠭᠡ᠂ ᠪᠢᠲᠡᠭᠦᠤ ᠲᠤᠭᠤᠷᠠᠢ ᠲᠠᠢ ᠪᠤᠳᠠ ᠮᠠᠯ ᠤ᠋ᠨ ᠶᠡᠷᠦᠡᠭᠬᠡᠢᠯᠡᠭᠰᠡᠨ ᠨᠡᠷᠡᠢᠳᠤᠯ᠃
ᠪᠤᠰᠤᠳ ᠳᠠᠭᠤᠳᠠᠯᠭ᠎ᠠ᠄
ᠬᠦᠯᠦᠭ — ᠮᠤᠷᠢᠨ ᠤ᠋ ᠬᠦᠨᠳᠦᠳᠬᠡᠯ ᠨᠡᠷ᠎ᠠ
ᠠᠷᠭᠤᠮᠠᠭ — ᠬᠦᠴᠦ ᠴᠢᠳᠠᠯ ᠰᠠᠢᠲᠠᠢ ᠭᠤᠶᠤᠮᠰᠤᠭ ᠴᠡᠪᠡᠷ ᠠᠵᠢᠨᠠᠢ
ᠠᠷᠠᠨᠵᠠᠯ — ᠬᠤᠤᠰ ᠦᠭᠡᠢ ᠬᠤᠷᠳᠤᠨ ᠬᠦᠯᠦᠭ ᠮᠤᠷᠢ
ᠠᠵᠢᠨᠠᠢ — ᠰᠢᠨᠲᠠᠰᠤ ᠰᠠᠢᠲᠠᠢ ᠬᠤᠷᠳᠤᠨ ᠬᠦᠯᠦᠭ
(《 ᠮᠤᠡᠭᠭᠤᠯᠮᠤᠷᠢᠨᠤ ᠡᠷᠳᠡᠨᠢ ᠵᠢᠨ ᠲᠤᠪᠴᠢᠶᠠᠨ 》 ᠵᠡᠷᠭᠡ ᠮᠠᠲᠸᠷᠢᠶᠠᠯ ᠡᠴᠡ ᠡᠰᠢᠯᠡᠪᠡ)