ᠲᠤᠮᠤ᠂ ᠲᠤᠮᠤ ᠪᠤᠤᠵᠠ
ᠲᠤᠭᠤᠭ᠎ᠠ ᠳᠦᠭᠦᠷᠡᠡᠭ ᠪᠤᠤᠵᠠ
ᠵᠢᠵᠢᠭ᠂ ᠵᠢᠵᠢᠭ ᠪᠤᠤᠵᠠ
ᠵᠢᠡᠭᠨᠡᠭᠦᠷ ᠳᠦᠬᠦᠷᠡᠡᠭ ᠪᠤᠤᠵᠠ
ᠲᠠᠷᠭᠤᠨ᠂ ᠲᠠᠷᠭᠤᠨ ᠪᠤᠤᠵᠠ
ᠳᠠᠪᠠᠭ ᠳᠦᠬᠦᠷᠡᠡᠭ ᠪᠤᠤᠵᠠ
ᠠᠮᠲᠠᠲᠠᠢ᠂ ᠠᠮᠲᠠᠲᠠᠢ ᠪᠤᠤᠵᠠ
ᠠᠮᠠ ᠳᠦᠬᠦᠷᠡᠡᠭ ᠪᠤᠤᠵᠠ
᠁
1 ᠰᠠᠷ᠎ᠠ ᠶ᠋ᠢᠨ 30 ᠤ᠋ ᠡᠳᠤᠷ᠂ ᠰᠤᠷᠪᠤᠯᠵᠢᠯᠠᠭᠴᠢ ᠶᠢᠰᠦᠳᠦᠭᠡᠷ ᠬᠤᠭᠤᠴᠠᠭᠠᠨ ᠤ᠋ ᠬᠦᠬᠡᠬᠤᠲᠠ ᠶ᠋ᠢᠨ ᠴᠠᠭᠠᠨ ᠰᠠᠷ᠎ᠠ ᠶ᠋ᠢᠨ ᠪᠠᠷᠠᠭᠠᠨ ᠤ᠋ ᠴᠤᠭᠯᠠᠭᠠᠨ ᠶ᠋ᠢᠡᠷ ᠦᠪᠦᠷ ᠮᠤᠡᠭᠭᠤᠯ ᠤ᠋ᠨ ᠤᠯᠠᠨ ᠤᠯᠤᠰ ᠤ᠋ᠨ ᠬᠤᠷᠠᠯ ᠦᠵᠡᠰᠭᠦᠯᠡᠡᠭ ᠤ᠋ᠨ ᠲᠦᠪ ᠲᠦ᠍ ᠬᠦᠷᠬᠦ ᠳ᠋ᠦ 《ᠨᠤ · ᠭᠤᠸᠠᠢ ᠶ᠋ᠢᠨ ᠨᠤᠶᠠᠨ ᠪᠤᠤᠵᠠ》 ᠶ᠋ᠢᠨ ᠪᠤᠷᠤᠯᠠᠭᠤᠯᠭ᠎ᠠ ᠶ᠋ᠢᠨ ᠪᠠᠢᠷᠢ ᠶ᠋ᠢᠨ ᠡᠮᠦᠨ᠎ᠡ ᠬᠦᠮᠦᠰ ᠱᠤᠤᠬᠢᠯᠳᠦᠨ ᠪᠦᠭᠡᠮᠨᠡᠷᠡᠵᠤ᠂ ᠮᠤᠡᠭᠭᠤᠯ ᠪᠤᠤᠵᠠ ᠶ᠋ᠢᠨ ᠦᠨᠦᠷ ᠰᠢᠯᠦᠰᠤ ᠬᠤᠷᠠᠭᠤᠯᠤᠨ᠎ᠠ᠃
ᠦᠵᠦᠮᠦᠴᠢᠨ ᠳᠡᠪᠡᠯ ᠶ᠋ᠢᠡᠷ ᠶ᠋ᠢᠡᠨ ᠭᠤᠶᠤᠯᠠᠭᠰᠠᠨ ᠨᠤᠷᠪᠤᠰᠠᠡᠭ ᠬᠠᠯᠠᠭᠤᠨ ᠠᠭᠤᠷ ᠰᠠᠪᠰᠠᠯᠠᠭᠰᠠᠨ ᠲᠤᠭᠤᠭ᠎ᠠ ᠲᠠᠢ ᠮᠤᠡᠭᠭᠤᠯ ᠪᠤᠤᠵᠠ ᠶ᠋ᠢᠨ ᠵᠢᠡᠨ ᠠᠷᠤ ᠳ᠋ᠦ ᠵᠤᠭᠰᠤᠭᠠᠳ 《ᠪᠠᠬᠠᠷᠤᠮ᠎ᠠ ᠰᠠᠢᠬᠠᠨ ᠪᠠᠷᠠᠭᠤᠨ ᠦᠵᠦᠮᠦᠴᠢᠨ᠂ ᠦᠯᠡᠮᠵᠢ ᠶ᠋ᠢᠨ ᠰᠠᠢᠬᠠᠨ ᠤᠯᠠᠭᠠᠨ ᠬᠠᠭᠠᠯᠭ᠎ᠠ ᠶ᠋ᠢᠨ ᠮᠤᠡᠭᠭᠤᠯ ᠪᠤᠤᠵᠠ ᠵᠢ ᠠᠮᠲᠠᠯᠠᠵᠤ ᠦᠵᠡᠭᠡᠷᠡᠢ !》 ᠭᠡᠵᠦ ᠤᠷᠠᠢᠯᠠᠨ ᠳᠠᠭᠤᠳᠠᠬᠤ ᠶ᠋ᠢᠨ ᠬᠠᠮᠲᠤ ᠬᠤᠷᠠᠭᠰᠠᠨ ᠬᠦᠮᠦᠰ ᠲᠦ᠍ ᠪᠤᠤᠵᠠ ᠪᠡᠨ ᠠᠮᠲᠠᠯᠠᠭᠤᠯᠤᠨ᠎ᠠ᠃

ᠦᠵᠦᠮᠦᠴᠢᠨ ᠤ᠋ ᠲᠠᠯ᠎ᠡ ᠨᠤᠲᠤᠭ
《ᠡᠨᠡ ᠪᠤᠤᠵᠠ ᠨᠡᠬᠡᠷᠡᠨ ᠠᠮᠲᠠᠲᠠᠢ᠂ ᠪᠠᠷᠠᠭᠠᠨ ᠤ᠋ ᠴᠤᠭᠯᠠᠭᠠᠨ ᠳ᠋ᠤ ᠤᠷᠤᠯᠴᠠᠬᠤ ᠪᠡᠷ ᠪᠠᠷᠠᠭ᠎ᠠ ᠪᠡᠨ ᠪᠡᠯᠡᠳᠴᠤ ᠪᠠᠢᠭ᠎ᠠ ᠦᠶ᠎ᠡ ᠳ᠋ᠤᠨᠢ ᠠᠮᠲᠠᠯᠠᠵᠤ ᠦᠡᠭᠭᠡᠷᠡᠵᠠᠢ᠃ ᠪᠢ ᠦᠪᠡᠷ ᠶ᠋ᠢᠡᠨ ᠪᠠᠰᠠ ᠲᠤᠭᠤᠭᠠᠴᠢ ᠶ᠋ᠢᠨ ᠮᠡᠷᠭᠡᠵᠢᠯ ᠶ᠋ᠢᠡᠷ ᠰᠤᠷᠭᠠᠭᠤᠯᠢ ᠲᠠᠭᠦᠰᠴᠦ᠂ ᠬᠡᠳᠦᠨ ᠵᠢᠯ ᠤ᠋ᠨ ᠲᠤᠭᠤᠭᠠᠴᠢ ᠬᠢᠭᠰᠡᠨ ᠪᠤᠯᠬᠤᠷ ᠡᠯ᠎ᠡ ᠭᠠᠵᠠᠷ ᠤ᠋ᠨ ᠤᠯᠠᠨ ᠵᠦᠢᠯ ᠤ᠋ᠨ ᠪᠤᠤᠵᠠ ᠵᠢ ᠠᠮᠲᠠᠯᠠᠭᠰᠠᠨ᠂ ᠬᠠᠰᠢᠯᠡ ᠮᠤᠡᠭᠭᠤᠯ ᠪᠤᠤᠵᠠ ᠠᠮᠲᠠᠲᠠᠢ ᠰᠠᠨᠠᠭᠳᠠᠨ᠎ᠠ》 ᠭᠡᠵᠦ ᠨᠤᠷᠪᠤᠰᠠᠡᠭ ᠤ᠋ᠨ ᠬᠠᠵᠠᠭᠤ ᠲᠠᠯ᠎ᠠ ᠶ᠋ᠢᠨ ᠪᠤᠷᠤᠯᠠᠭᠤᠯᠭ᠎ᠠ ᠶ᠋ᠢᠨ ᠪᠠᠢᠷᠢ ᠳ᠋ᠡᠬᠢ ᠵᠠᠯᠠᠭᠤ ᠵᠤᠯᠰᠠᠷᠠ ᠬᠡᠯᠡᠨ᠎ᠠ᠃
ᠨᠤᠷᠪᠤᠰᠠᠡᠭ ᠪᠤᠯ ᠰᠢᠯᠢ ᠶ᠋ᠢᠨ ᠭᠤᠤᠯ ᠠᠢᠮᠠᠭ ᠤ᠋ᠨ ᠪᠠᠷᠠᠭᠤᠨ ᠦᠵᠦᠮᠦᠴᠢᠨ ᠬᠤᠰᠢᠭᠤᠨ ᠤ᠋ ᠤᠯᠠᠭᠠᠨ ᠬᠠᠭᠠᠯᠭ᠎ᠠ ᠰᠤᠮᠤ ᠶ᠋ᠢᠨ ᠳᠠᠪᠰᠢᠯᠲᠠ ᠭᠠᠴᠠᠭᠠᠨ ᠤ᠋ ᠮᠠᠯᠴᠢᠨ ᠶᠤᠮ᠃ ᠲᠡᠷᠡ ᠪᠡᠷ ᠬᠠᠷᠠᠬᠠᠨ ᠪᠠᠭ᠎ᠠ ᠡᠴᠡ ᠪᠠᠨ ᠦᠵᠦᠮᠦᠴᠢᠨ ᠤ᠋ ᠦᠷᠭᠡᠨ ᠠᠭᠤᠳᠠᠮ ᠲᠠᠯ᠎ᠠ ᠨᠤᠲᠤᠭ ᠲᠤ᠌ ᠬᠤᠷᠠᠭ᠎ᠠ ᠲᠤᠭᠤᠯ ᠲᠠᠢ ᠪᠠᠨ ᠨᠤᠴᠤᠯᠳᠤᠨ ᠦᠰᠴᠦ᠂ 2002 ᠤᠨ ᠳ᠋ᠦ ᠦᠨᠳᠦᠷ ᠳᠤᠮᠳᠠᠳᠤ ᠪᠠᠨ ᠲᠡᠭᠦᠰᠦᠭᠰᠡᠨ ᠤ᠋ ᠳᠠᠷᠠᠭ᠎ᠠ ᠴᠡᠷᠢᠭ ᠡᠷ᠎ᠡ ᠶ᠋ᠢᠨ ᠤᠨᠠᠭᠠᠨ ᠬᠦᠰᠡᠯ ᠶ᠋ᠢᠡᠷ ᠨᠤᠲᠤᠭ ᠡᠴᠡ ᠪᠠᠨ ᠰᠠᠯᠵᠤ ᠴᠡᠷᠢᠭ ᠤ᠋ᠨ ᠠᠯᠪᠠ ᠬᠠᠭᠠᠵᠠᠢ᠃ 2004 ᠤᠨ ᠳ᠋ᠦ ᠴᠡᠷᠢᠭ ᠤ᠋ᠨ ᠡᠠᠯᠪᠠ ᠡᠴᠡ ᠬᠠᠯᠠᠭᠳᠠᠨ ᠶᠡᠬᠡ ᠬᠤᠲᠠ ᠪᠡᠷ ᠠᠵᠢᠯ ᠦᠢᠯᠡᠰ ᠤ᠋ᠨ ᠮᠦᠷ ᠬᠦᠭᠡᠭᠡᠵᠦ ᠶᠠᠪᠤᠭᠰᠠᠨ ᠪᠤᠯᠪᠠᠴᠤ ᠳᠡᠮᠡᠢ ᠬᠤᠶᠠᠷ ᠵᠢᠯ ᠪᠤᠯᠤᠯ ᠦᠭᠡᠢ ᠲᠦᠷᠦᠯ ᠰᠠᠳᠤᠨ ᠳᠦᠷᠦᠯᠬᠢ ᠨᠤᠲᠤᠭ ᠲᠦᠯ ᠮᠠᠯ ᠳ᠋ᠠᠭᠠᠨ ᠲᠠᠲᠠᠭᠳᠠᠨ ᠬᠦᠳᠡᠭᠡ ᠨᠤᠳᠤᠭ ᠲᠠᠭᠠᠨ ᠪᠤᠴᠠᠵᠤ᠂ ᠮᠠᠯ ᠤᠨᠤᠭ᠎ᠠ ᠪᠠᠨ ᠲᠤᠳᠤᠮᠳᠠᠨ ᠮᠠᠯᠵᠢᠬᠤ ᠠᠮᠢᠳᠤᠷᠠᠯ ᠵᠢᠡᠨ ᠡᠳ᠋ᠯᠡᠪᠡ᠃
ᠨᠤᠲᠤᠭ ᠲᠠᠭᠠᠨ ᠪᠤᠴᠠᠭᠰᠠᠨ ᠤ᠋ ᠳᠠᠷᠠᠭ᠎ᠠ᠂ ᠨᠤᠷᠪᠤᠰᠠᠡᠭ ᠤᠯᠠᠮᠵᠢᠯᠠᠯᠳᠤ ᠮᠠᠯ ᠠᠵᠤ ᠠᠬᠤᠢ ᠶ᠋ᠢᠨ ᠡᠵᠡᠡᠭᠨᠡᠯᠲᠡ ᠶ᠋ᠢᠨ ᠠᠷᠭ᠎ᠠ ᠬᠡᠯᠪᠡᠷᠢ ᠶ᠋ᠢ ᠬᠤᠪᠢᠷᠠᠭᠤᠯᠵᠤ᠂ ᠴᠦᠬᠡᠨ ᠮᠠᠯᠵᠢᠵᠤ ᠴᠢᠨᠠᠷᠲᠠᠢ ᠮᠠᠯᠵᠢᠬᠤ ᠵᠠᠮ ᠢ᠋ ᠬᠠᠢᠵᠤ᠂ ᠲᠤᠭ᠎ᠠ ᠲᠤᠯᠤᠭᠠᠢ ᠵᠢ ᠦᠯᠦ ᠬᠦᠭᠡᠭᠡᠴᠡᠯᠳᠦᠨ᠂ ᠠᠦ᠋ᠰᠲ᠋ᠷᠡᠯᠢᠶᠡ ᠡᠴᠡ ᠰᠢᠯᠢᠳᠡᠭ ᠡᠭᠦᠯᠳᠡᠷ ᠤ᠋ᠨ ᠬᠠᠢᠹᠦ᠋ᠲ ᠦᠬᠡᠷ ᠢ᠋ ᠤᠷᠤᠭᠤᠯᠤᠨ ᠠᠪᠴᠢᠷᠠᠵᠤ ᠦᠬᠡᠷ ᠵᠢᠡᠨ ᠡᠭᠦᠯᠳᠡᠷ ᠰᠠᠢᠵᠢᠷᠠᠭᠤᠯᠬᠤ ᠶ᠋ᠢᠨ ᠵᠡᠷᠭᠡ ᠪᠡᠷ ᠪᠡᠯᠴᠢᠭᠡᠷ ᠤ᠋ᠨ ᠳᠠᠷᠤᠭᠠᠰᠤ ᠵᠢ ᠬᠦᠡᠭᠭᠡᠷᠡᠭᠦᠯᠪᠡ᠃ ᠡᠭᠦᠨ ᠤ᠋ ᠬᠠᠮᠳᠤ ᠰᠢᠨ᠎ᠡ ᠬᠡᠯᠪᠡᠷᠢ ᠶ᠋ᠢᠨ ᠤᠯᠠᠨ ᠬᠡᠷᠡᠭᠴᠡᠭᠡᠲᠦ ᠳᠤᠯᠠᠭᠠᠨ ᠰᠠᠷᠠᠪᠴᠢ᠂ ᠡᠪᠡᠰᠦ ᠪᠤᠷᠳᠤᠭᠠᠨ ᠤ᠋ ᠰᠠᠷᠠᠪᠴᠢ᠂ ᠲᠦᠯ ᠮᠠᠯ ᠤ᠋ᠨ ᠬᠤᠷᠤᠭ᠎ᠠ ᠵᠡᠷᠭᠡ ᠵᠢ ᠢᠵᠢ ᠪᠦᠷᠢᠳᠦᠭᠦᠯᠵᠤ᠂ ᠤᠳᠤ 2080 ᠮᠦ᠍ ᠪᠡᠯᠴᠢᠭᠡᠷ ᠲᠡᠭᠡᠨ 100 ᠭᠠᠷᠤᠢ ᠬᠤᠨᠢ᠂ 30 ᠭᠠᠷᠤᠢ ᠦᠬᠡᠷ᠂ 10 ᠭᠠᠷᠤᠢ ᠠᠳᠤᠭᠤ ᠮᠠᠯᠵᠢᠵᠤ᠂ ᠠᠢᠮᠠᠭ ᠤ᠋ᠨ ᠳᠡᠰ ᠤ᠋ᠨ ᠮᠢᠬᠠᠨ ᠤ᠋ ᠦᠬᠡᠷ ᠮᠠᠯᠵᠢᠬᠤ ᠭᠤᠤᠯᠳᠠᠯᠭᠠᠲᠤ ᠡᠷᠦᠬᠡ ᠪᠤᠯᠵᠤ ᠶᠠᠪᠤᠨ᠎ᠠ᠃

ᠮᠠᠯᠴᠢᠨ ᠨᠤᠷᠪᠤᠰᠠᠡᠭ
ᠨᠤᠷᠪᠤᠰᠠᠡᠭ 2022 ᠤᠨ ᠳ᠋ᠦ ᠭᠡᠷ ᠪᠦᠯᠢ ᠶ᠋ᠢᠨ ᠮᠠᠯᠵᠢᠯ ᠤ᠋ᠨ ᠲᠠᠯᠠᠪᠠᠢ ᠪᠠᠢᠭᠤᠯᠵᠤ᠂ 2023 ᠤᠨ ᠳ᠋ᠦ 8000 ᠰᠢᠬᠠᠮ ᠨᠤᠮ ᠬᠠᠳᠠᠭᠠᠯᠠᠵᠤ ᠪᠠᠢᠭ᠎ᠠ 《ᠡᠷᠳᠡᠮ ᠤ᠋ᠨ ᠬᠡᠳᠡ ᠨᠤᠮ ᠤ᠋ᠨ ᠦᠷᠦᠭᠡ》 ᠪᠡᠨ ᠠᠰᠢᠭᠯᠠᠨ ᠵᠢᠭᠤᠯᠴᠢᠯᠠᠯ ᠤ᠋ᠨ ᠭᠠᠵᠠᠷ ᠪᠠᠢᠭᠤᠯᠵᠤ᠂ ᠦᠬᠡᠷ ᠲᠡᠷᠭᠡᠨ ᠳ᠋ᠦ ᠰᠠᠭᠤᠬᠤ᠂ ᠮᠤᠷᠢ ᠤᠨᠤᠬᠤ᠂ ᠰᠤᠷ ᠬᠠᠷᠪᠤᠬᠤ᠂ ᠪᠦᠬᠡ ᠪᠠᠷᠢᠯᠳᠤᠬᠤ᠂ ᠦᠨᠢᠶ᠎ᠡ ᠰᠠᠭᠠᠬᠤ᠂ ᠪᠤᠤᠵᠠ ᠪᠠᠷᠢᠬᠤ ᠵᠡᠷᠭᠡ ᠲᠠᠯ᠎ᠠ ᠨᠤᠲᠤᠭ ᠤ᠋ᠨ ᠠᠮᠢᠳᠤᠷᠠᠯ᠂ ᠨᠡᠭᠦᠳᠡᠯ ᠮᠠᠯᠵᠢᠯ ᠤ᠋ᠨ ᠰᠤᠶᠤᠯ ᠢ᠋ ᠵᠢᠭᠤᠯᠴᠢᠯᠠᠭᠰᠠᠳ ᠲᠦ᠍ ᠬᠠᠷᠠᠭᠤᠯᠤᠨ ᠲᠠᠨᠢᠯᠴᠠᠭᠤᠯᠵᠤ᠂ ᠪᠡᠭᠡᠵᠢᠡᠭ᠂ ᠱᠠᠡᠭᠬᠠᠢ᠂ ᠭᠤᠸᠠᠡᠭᠳᠦ᠋ᠡᠭ᠂ ᠱᠠᠨᠳᠦ᠋ᠡᠭ᠂ ᠰᠢᠶᠠᠡᠭᠭᠠᠡᠭ ᠵᠡᠷᠭᠡ ᠭᠠᠵᠠᠷ ᠤ᠋ᠨ ᠵᠢᠭᠤᠯᠴᠢᠯᠠᠭᠰᠠᠳ ᠢ᠋ ᠤᠯᠠᠨ ᠲᠤᠰᠴᠤ᠂ ᠵᠢᠯ ᠤ᠋ᠨ 10 ᠲᠦᠮᠡ ᠭᠠᠷᠤᠢ ᠲᠦᠭᠦᠷᠢᠭ ᠤ᠋ᠨ ᠵᠢᠭᠤᠯᠴᠢᠯᠠᠯ ᠤ᠋ᠨ ᠤᠷᠤᠯᠭ᠎ᠠ ᠡᠭᠦᠳᠴᠦ ᠪᠠᠢᠨ᠎ᠠ᠃ ᠲᠡᠳᠡᠨ ᠤ᠋ ᠬᠢ ᠪᠤᠯ ᠨᠠᠮ ᠤ᠋ᠨ ᠭᠡᠰᠢᠭᠦᠨ ᠤ᠋ ᠭᠤᠤᠯᠯᠠᠬᠤ ᠡᠷᠦᠬᠡ ᠪᠠᠢᠵᠤ᠂ ᠨᠤᠷᠪᠤᠰᠠᠡᠭ ᠦᠪᠡᠷ ᠶ᠋ᠢᠡᠨ ᠪᠠᠰᠠ ᠴᠠᠭᠠᠨ ᠮᠤᠷᠢᠲᠤ ᠡᠷᠦᠬᠡ ᠶ᠋ᠢᠨ ᠴᠡᠷᠢᠭ ᠤ᠋ᠨ ᠨᠢᠭᠡ ᠭᠡᠰᠢᠭᠦᠨ ᠪᠤᠯᠬᠤᠷ ᠨᠠᠮ ᠤ᠋ᠨ ᠴᠢᠭᠯᠡᠯᠲᠡ ᠲᠦᠷᠦ ᠶ᠋ᠢᠨ ᠪᠤᠳᠤᠯᠭ᠎ᠠ᠂ ᠮᠠᠯ ᠠᠵᠤ ᠠᠬᠤᠢ ᠶ᠋ᠢᠨ ᠮᠡᠳᠡᠯᠭᠡ ᠮᠡᠷᠭᠡᠵᠢᠯ ᠢ᠋ ᠤᠬᠠᠭᠤᠯᠤᠨ ᠲᠠᠨᠢᠯᠴᠠᠭᠤᠯᠬᠤ ᠠᠵᠢᠯᠯᠠᠭ᠎ᠠ ᠵᠢ ᠵᠢᠯ ᠤ᠋ᠨ 20 ᠭᠠᠷᠤᠢ ᠤᠳᠠᠭ᠎ᠠ ᠦᠷᠨᠢᠭᠦᠯᠦᠨ᠂ ᠭᠠᠮᠰᠢᠭ ᠲᠠᠢ ᠲᠡᠮᠡᠴᠡᠬᠦ᠂ ᠠᠶᠤᠯ ᠡᠴᠡ ᠠᠪᠤᠷᠠᠬᠤ᠂ ᠴᠠᠭᠳᠠᠨ ᠪᠠᠢᠴᠠᠭᠠᠬᠤ ᠵᠡᠷᠭᠡ ᠨᠤᠲᠤᠭ ᠤᠰᠤ ᠬᠢᠯᠢ ᠬᠢᠵᠠᠭᠠᠷ ᠶ᠋ᠢᠡᠨ ᠬᠠᠮᠠᠭᠠᠯᠠᠬᠤ ᠠᠵᠢᠯᠯᠠᠭ᠎ᠠ ᠳ᠋ᠦ ᠦᠷᠬᠦᠯᠵᠢ ᠤᠷᠤᠯᠴᠠᠵᠤ᠂ ᠨᠤᠲᠤᠭ ᠤᠰᠤᠨ ᠤ᠋ ᠪᠠᠨ ᠪᠠᠶᠠᠵᠢᠯ ᠤ᠋ᠨ ᠳᠠᠭᠠᠭᠤᠯᠤᠭᠴᠢ ᠪᠦᠭᠡᠳ ᠡᠬᠡ ᠤᠯᠤᠰ ᠤ᠋ᠨ ᠬᠢᠯᠢ ᠬᠢᠵᠠᠭᠠᠷ ᠤ᠋ᠨ ᠳᠠᠷᠬᠠᠨ ᠬᠠᠮᠠᠭᠠᠯᠠᠭᠴᠢ ᠪᠤᠯᠵᠤ ᠶᠠᠪᠤᠨ᠎ᠠ᠃
ᠨᠤᠷᠪᠤᠰᠠᠡᠭ ᠪᠤᠯ ᠤᠯᠠᠨ ᠢ᠋ ᠦᠵᠡᠵᠦ ᠨᠢᠳᠦ ᠨᠡᠭᠡᠭᠡᠭᠰᠡᠨ ᠰᠤᠶᠤᠯ ᠮᠡᠳᠡᠯᠭᠡ ᠲᠠᠢ ᠤᠷᠤᠯᠳᠤᠯᠭ᠎ᠠ ᠰᠠᠢᠲᠠᠢ ᠰᠢᠨ᠎ᠡ ᠴᠠᠭ ᠦᠶ᠎ᠡ ᠶ᠋ᠢᠨ 《ᠰᠢᠨ᠎ᠡ ᠮᠠᠯᠴᠢᠨ》 ᠶᠤᠮ᠃ ᠤᠢᠷ᠎ᠡ ᠶ᠋ᠢᠨ ᠬᠤᠶᠠᠷ ᠵᠢᠯ ᠳ᠋ᠤ ᠵᠠᠬ᠎ᠠ ᠳᠡᠯᠭᠡᠭᠦᠷ ᠤ᠋ᠨ ᠮᠠᠯ ᠤ᠋ᠨ ᠦᠨ᠎ᠡ ᠬᠠᠡᠭᠰᠢ ᠬᠠᠷᠢᠴᠠᠡᠭᠭᠤᠢ ᠠᠨᠠᠢ ᠪᠠᠢᠬᠤ ᠪᠠᠢᠳᠠᠯ ᠳ᠋ᠦ ᠴᠢᠭᠯᠡᠭᠦᠯᠵᠤ᠂ ᠲᠡᠷᠡ 2024 ᠤᠨ ᠡᠴᠡ ᠡᠬᠢᠯᠡᠨ ᠨᠤᠲᠤᠭ ᠤ᠋ᠨ ᠶ᠋ᠢᠡᠨ ᠦᠬᠡᠷ ᠬᠤᠨᠢᠨ ᠮᠢᠬ᠎ᠠ ᠶ᠋ᠢ ᠪᠦᠲᠦᠭᠡᠭᠳᠡᠭᠦᠨ ᠪᠤᠯᠭᠠᠨ ᠬᠤᠪᠢᠷᠠᠭᠤᠯᠵᠤ᠂ ᠤᠷᠤᠯᠭ᠎ᠠ ᠪᠠᠨ ᠨᠡᠮᠡᠭᠳᠡᠭᠦᠯᠬᠦ ᠰᠢᠨ᠎ᠡ ᠵᠠᠮ ᠢ᠋ ᠬᠠᠢᠪᠠ᠃ 《ᠪᠦᠲᠦᠭᠡᠭᠳᠡᠭᠦᠨ ᠪᠤᠯᠭᠠᠨ ᠪᠤᠷᠤᠯᠠᠭᠤᠯᠬᠤ ᠪᠡᠷ ᠮᠠᠯᠴᠢᠨ ᠪᠢᠳᠡ ᠤᠳᠤ ᠶᠠᠭᠤ ᠬᠢᠬᠦ ᠪᠤᠢ︖ ᠪᠤᠳᠤᠵᠤ ᠪᠤᠳᠤᠭᠠᠳ ᠪᠤᠤᠵᠠ ᠬᠢᠬᠦ ᠪᠡᠷ ᠪᠤᠯᠵᠠᠢ᠃ ᠡᠨᠡ ᠨᠢ ᠮᠠᠯᠴᠢᠨ ᠪᠢᠳᠡᠨ ᠤ᠋ ᠮᠡᠳᠡᠳᠡᠭ ᠴᠢᠳᠠᠳᠠᠭ ᠵᠦᠢᠯ ᠪᠤᠯᠬᠤ ᠮᠦᠷᠲᠡᠭᠡᠨ ᠲᠠᠯ᠎ᠠ ᠨᠤᠲᠤᠭ ᠤ᠋ᠨ ᠤᠯᠠᠮᠵᠢᠯᠠᠯᠲᠤ ᠢᠳᠡᠭᠡᠨ ᠶ᠋ᠢᠡᠨ ᠪᠠᠰᠠ ᠵᠠᠬ᠎ᠠ ᠳᠡᠯᠭᠡᠭᠦᠷ ᠲᠦ᠍ ᠪᠤᠷᠤᠯᠠᠭᠤᠯᠵᠤ᠂ ᠨᠡᠡᠭ ᠤᠯᠠᠨ ᠬᠦᠮᠦᠨ ᠳ᠋ᠦ ᠮᠡᠳᠡᠭᠦᠯᠵᠦ ᠲᠠᠨᠢᠭᠤᠯᠵᠤ ᠴᠢᠳᠠᠨ᠎ᠠ》 ᠭᠡᠵᠦ ᠲᠡᠷᠡ ᠤᠷᠮᠠᠳᠠᠢ ᠶᠠᠷᠢᠨ᠎ᠠ᠃

ᠵᠠᠬᠢᠶᠠᠯᠠᠭ᠎ᠠ ᠲᠤᠰᠤᠨ᠎ᠠ
《ᠪᠤᠳᠤᠭᠰᠠᠨ ᠤᠯᠠᠨ ᠵᠦᠢᠯ ᠡᠴᠡ ᠪᠦᠲᠦᠭᠡᠭᠰᠡᠨ ᠨᠢᠭᠡ ᠵᠦᠢᠯ ᠨᠢ ᠳᠡᠭᠡᠷ᠎ᠠ》 ᠭᠡᠳᠡᠭᠴᠢᠯᠡᠨ᠂ ᠪᠤᠤᠵᠠ ᠬᠢᠬᠦ ᠪᠡᠷ ᠵᠤᠷᠢᠭ ᠰᠢᠭᠤᠳᠤᠭᠰᠠᠨ ᠲᠡᠷᠡ ᠴᠠᠭ ᠡᠴᠡ ᠡᠬᠢᠯᠡᠨ ᠨᠤᠷᠪᠤᠰᠠᠡᠭ ᠡᠯ᠎ᠡ ᠵᠦᠢᠯ ᠤ᠋ᠨ ᠠᠵᠢᠯ ᠶ᠋ᠢᠡᠨ ᠭᠠᠷᠳᠠᠨ ᠪᠡᠯᠡᠳᠭᠡᠵᠦ᠂ 2024 ᠤᠨ ᠤ᠋ 10 ᠰᠠᠷ᠎ᠠ ᠳ᠋ᠦ 8 ᠲᠦᠮᠡᠨ ᠲᠦᠭᠦᠷᠢᠭ ᠵᠠᠷᠤᠴᠠᠭᠤᠯᠤᠨ 60 ᠲᠡᠭᠰᠢ ᠳᠦᠷᠪᠡᠯᠵᠢᠨ ᠮᠸᠲᠷ ᠪᠦᠬᠦᠢ ᠦᠢᠯᠡᠳᠪᠦᠷᠢ ᠶ᠋ᠢᠨ ᠲᠠᠰᠤᠭ ᠪᠠᠢᠭᠤᠯᠵᠤ᠂ 《ᠨᠤ · ᠭᠤᠸᠠᠢ ᠶ᠋ᠢᠨ ᠨᠤᠶᠠᠨ ᠪᠤᠤᠵᠠ》 ᠭᠡᠬᠦ ᠲᠠᠸᠠᠷ ᠤ᠋ᠨ ᠲᠡᠮᠲᠡᠭ ᠳᠠᠡᠭᠰᠠᠯᠠᠭᠤᠯᠬᠤ ᠵᠢᠨ ᠬᠠᠮᠳᠤ ᠬᠠᠮᠢᠶ᠎ᠠ ᠪᠦᠬᠦᠢ ᠭᠠᠷ ᠬᠦᠢᠴᠡᠳᠬᠡᠯ ᠢ᠋ ᠪᠦᠷᠢᠳᠦᠬᠦᠯᠵᠤ ᠠᠪᠤᠭᠠᠳ ᠮᠤᠡᠭᠭᠤᠯ ᠪᠤᠤᠵᠠ ᠶ᠋ᠢᠨ ᠭᠠᠷ ᠦᠢᠯᠡᠳᠭᠡᠯ ᠤ᠋ᠨ ᠭᠠᠵᠠᠷ ᠤ᠋ᠨ ᠡᠵᠡᠡᠭᠨᠡᠯᠲᠡ ᠪᠠᠨ ᠡᠬᠢᠯᠡᠭᠦᠯᠪᠠ᠃
ᠠᠵᠠ ᠳᠤᠬᠢᠶᠠᠯ ᠬᠡᠵᠢᠶᠡᠲᠡ ᠪᠡᠯᠡᠳᠭᠡᠯ ᠲᠠᠢ ᠬᠦᠮᠦᠨ ᠳ᠋ᠦ ᠢᠷᠡᠳᠡᠭ ᠪᠦᠭᠡᠳ ᠠᠵᠠ ᠳᠤᠬᠢᠶᠠᠯ ᠢ᠋ ᠶᠡᠷᠦ ᠨᠢ ᠬᠦᠯᠢᠶᠡᠵᠦ ᠪᠢᠰᠢ ᠬᠠᠢᠵᠤ ᠪᠠᠢᠵᠤ ᠤᠯᠳᠠᠭ ᠶᠤᠮ᠃ ᠨᠤᠷᠪᠤᠰᠠᠡᠭ ᠪᠠᠷᠢᠭᠰᠠᠨ ᠪᠤᠤᠵᠠ ᠪᠠᠨ ᠵᠠᠬ᠎ᠠ ᠳᠡᠯᠭᠡᠭᠦᠷ ᠲᠦ᠍ ᠪᠤᠷᠤᠯᠠᠭᠤᠯᠬᠤ ᠭᠡᠵᠦ ᠤᠯᠠᠨ ᠬᠦᠮᠦᠨ ᠡᠴᠡ ᠠᠰᠠᠭᠤᠨ ᠰᠤᠷᠤᠯᠴᠠᠵᠤ᠂ ᠠᠷᠭ᠎ᠠ ᠰᠦᠪᠡᠭᠴᠢᠯᠡᠨ ᠲᠤᠷᠰᠢᠯᠭ᠎ᠠ ᠬᠤᠷᠠᠮᠳᠤᠭᠤᠯᠵᠤ ᠶᠠᠪᠤᠲᠠᠯ᠎ᠠ 《2025 ᠤᠨ ᠤ᠋ ᠨᠠᠢ᠍ᠮᠠᠳᠤᠭᠠᠷ ᠬᠤᠭᠤᠴᠠᠭᠠᠨ ᠤ᠋ ᠬᠦᠬᠡᠬᠤᠲᠠ ᠶ᠋ᠢᠨ ᠴᠠᠭᠠᠨ ᠰᠠᠷ᠎ᠠ ᠶ᠋ᠢᠨ ᠪᠠᠷᠠᠭᠠᠨ ᠤ᠋ ᠴᠤᠭᠯᠠᠭᠠᠨ ᠤᠳᠠᠯ ᠦᠭᠡᠢ ᠶᠠᠪᠤᠭᠳᠠᠬᠤ ᠪᠡᠷ ᠪᠠᠢᠭ᠎ᠠ》 ᠴᠢᠮᠡᠭᠡ ᠲᠤᠭᠤᠯᠳᠠᠵᠠᠢ᠃ ᠲᠡᠷᠡ ᠪᠡᠷ 《ᠲᠤᠬᠠᠢ ᠶ᠋ᠢᠨ ᠲᠠᠯᠠᠪᠠᠢ ᠳ᠋ᠤᠨᠢ ᠬᠦᠷᠴᠦ᠂ ᠦᠵᠡᠭᠦᠯᠵᠦ ᠠᠮᠲᠠᠯᠠᠭᠤᠯᠵᠤ ᠪᠠᠢᠭᠠᠳ 〈ᠨᠤ · ᠭᠤᠸᠠᠢ ᠶ᠋ᠢᠨ ᠨᠤᠶᠠᠨ ᠪᠤᠤᠵᠠ〉 ᠶ᠋ᠢᠨ ᠶ᠋ᠢᠡᠨ ᠨᠡᠷ᠎ᠡ ᠨᠦᠯᠦᠭᠡ ᠵᠢ ᠵᠢᠭᠠᠬᠠᠨ ᠴᠦ᠍ ᠭᠡᠰᠡᠨ ᠦᠷᠭᠡᠳᠬᠡᠶᠡ》 ᠭᠡᠬᠦ ᠪᠤᠳᠤᠯ ᠢ᠋ ᠡᠪᠦᠷᠯᠡᠨ ᠤᠷᠢᠳᠴᠢᠯᠠᠨ ᠪᠠᠵᠠᠭᠠᠵᠤ ᠪᠡᠯᠡᠳᠭᠡᠭᠰᠡᠨ ᠴᠤᠯ ᠬᠤᠨᠢᠨ ᠮᠢᠬ᠎ᠠ ᠶ᠋ᠢᠨ᠂ ᠴᠤᠯ ᠦᠬᠡᠷ ᠤ᠋ᠨ ᠮᠢᠬ᠎ᠠ ᠶ᠋ᠢᠨ᠂ ᠬᠤᠨᠢᠨ ᠮᠢᠬ᠎ᠠ ᠪᠤᠯᠤᠨ ᠬᠦᠮᠡᠯᠢ ᠲᠠᠢ᠂ ᠬᠤᠨᠢᠨ ᠮᠢᠬ᠎ᠠ ᠪᠤᠯᠤᠨ ᠬᠠᠯᠠᠭᠠᠢ ᠲᠠᠢ᠂ ᠦᠬᠡᠷ ᠤ᠋ᠨ ᠮᠢᠬ᠎ᠠ ᠪᠤᠯᠤᠨ ᠴᠤᠭᠤᠷ ᠨᠤᠭᠤᠭ᠎ᠠ ᠲᠠᠢ ᠭᠡᠵᠦ 5 ᠵᠦᠢᠯ ᠤ᠋ᠨ ᠢᠳᠡᠭᠡ ᠪᠡᠷ ᠬᠢᠭᠰᠡᠨ ᠮᠤᠡᠭᠭᠤᠯ ᠪᠤᠤᠵᠠ ᠪᠠᠨ ᠠᠪᠴᠤ ᠬᠦᠬᠡᠬᠤᠲᠠ ᠵᠢ ᠵᠤᠷᠢᠵᠤ ᠢᠷᠠᠯ᠎ᠠ᠃ ᠰᠠᠨᠠᠭᠰᠠᠨ ᠡᠴᠡ ᠭᠠᠳᠠᠭᠤᠷ ᠲᠡᠭᠦᠨ ᠤ᠋ 《ᠨᠤ · ᠭᠤᠸᠠᠢ ᠶ᠋ᠢᠨ ᠨᠤᠶᠠᠨ ᠪᠤᠤᠵᠠ》 ᠨᠢ ᠪᠠᠢᠭᠠᠯᠢ ᠵᠢᠨ ᠦᠬᠡᠷ ᠬᠤᠨᠢᠨ ᠮᠢᠬ᠎ᠠ ᠶ᠋ᠢᠨ ᠠᠮᠳᠠ ᠰᠢᠮᠳᠠ ᠪᠤᠯᠤᠨ ᠤᠯᠠᠮᠵᠢᠯᠠᠯᠲᠤ ᠭᠠᠷ ᠦᠢᠯᠡᠳᠭᠡᠯ ᠤ᠋ᠨ ᠤᠷ᠎ᠠ ᠮᠡᠷᠭᠡᠵᠢᠯ ᠶ᠋ᠢᠡᠷ ᠶ᠋ᠢᠡᠨ ᠤᠨᠴᠠᠯᠠᠭᠳᠠᠵᠤ᠂ ᠬᠦᠬᠡᠬᠤᠲᠠ ᠶ᠋ᠢᠨ ᠬᠡᠷᠡᠭᠯᠡᠭᠴᠢᠳ ᠤ᠋ᠨ ᠬᠠᠯᠠᠭᠤᠨ ᠬᠦᠷᠢᠶᠡᠯᠡᠯ ᠢ᠋ ᠤᠯᠵᠤ᠂ ᠠᠷᠪᠠᠭᠠᠳ ᠡᠳᠦᠷ ᠲᠦ᠍ 1.2 ᠲᠦᠮᠡ ᠭᠠᠷᠤᠢ ᠪᠤᠤᠵᠠ ᠬᠤᠳᠠᠯᠳᠤᠨ᠂ 6 ᠲᠦᠮᠡ ᠰᠢᠬᠠᠮ ᠲᠦᠬᠦᠷᠢᠭ ᠤ᠋ᠨ ᠤᠷᠤᠯᠭ᠎ᠠ ᠡᠪᠦᠷᠳᠤᠯᠠᠵᠦ᠂ 《ᠨᠤ · ᠭᠤᠸᠠᠢ ᠶ᠋ᠢᠨ ᠨᠤᠶᠠᠨ ᠪᠤᠤᠵᠠ》 ᠤᠯᠠᠨ ᠳ᠋ᠦ ᠮᠡᠳᠡᠷᠡᠭᠳᠡᠭᠰᠡᠨ ᠵᠢᠡᠷ ᠪᠠᠷᠠᠬᠤ ᠦᠬᠡᠢ ᠪᠤᠷᠤᠯᠠᠭᠤᠯᠭ᠎ᠠ ᠶ᠋ᠢᠨ ᠵᠠᠮ ᠨᠢ ᠴᠦ᠍ ᠦᠷᠭᠡᠵᠢᠵᠠᠢ᠃

ᠮᠠᠯᠵᠢᠬᠤ ᠠᠮᠢᠳᠤᠷᠠᠯ ᠢ᠋ ᠤᠢᠯᠠᠭᠠᠭᠤᠯᠤᠨᠠ
ᠲᠡᠭᠦᠨ ᠡᠴᠡ ᠬᠤᠢᠰᠢ ᠨᠤᠷᠪᠤᠰᠠᠡᠭ ᠤ᠋ᠨ ᠪᠤᠤᠵᠠ ᠶ᠋ᠢᠨ ᠵᠠᠬᠢᠶᠠᠯᠠᠭ᠎ᠠ ᠡᠳᠦᠷ ᠢᠷᠡᠬᠦᠶ᠎ᠡ ᠤᠯᠠᠰᠢᠷᠠᠵᠤ᠂ ᠤᠳᠤ ᠪᠡᠭᠡᠵᠢᠡᠭ ᠤ᠋ᠨ 1 ᠳᠡᠯᠭᠡᠭᠦᠷ᠂ ᠬᠦᠬᠡᠬᠤᠲᠠ ᠶ᠋ᠢᠨ 10 ᠭᠠᠷᠤᠢ ᠳᠡᠯᠭᠡᠭᠦᠷ ᠪᠠ ᠬᠤᠭᠤᠯᠠᠨ ᠭᠡᠷ᠂ ᠰᠢᠯᠢ ᠶ᠋ᠢᠨ ᠭᠤᠤᠯ ᠠᠢᠮᠠᠭ ᠤ᠋ᠨ 10 ᠭᠠᠷᠤᠢ ᠳᠡᠯᠭᠡᠭᠦᠷ ᠲᠠᠢ ᠬᠤᠷᠰᠢᠨ ᠠᠵᠢᠯᠯᠠᠵᠤ ᠪᠠᠢᠬᠤ ᠪᠦᠭᠡᠳ ᠵᠢᠷᠬᠢᠶ᠎ᠠ ᠪᠠ ᠡᠯᠸᠺᠲᠷᠤᠨ ᠬᠤᠳᠠᠯᠳᠤᠭᠠᠨ ᠤ᠋ ᠲᠠᠪᠴᠠᠡᠭ ᠶ᠋ᠢᠡᠷ ᠳᠠᠮᠵᠢᠨ ᠪᠡᠭᠡᠵᠢᠡᠭ᠂ ᠱᠠᠡᠭᠬᠠᠢ᠂ ᠭᠤᠸᠠᠡᠭᠳᠦ᠋ᠡᠭ ᠵᠡᠷᠭᠡ ᠭᠠᠵᠠᠷ ᠤᠷᠤᠨ ᠶ᠋ᠢᠡᠷ ᠪᠤᠤᠵᠠ ᠪᠡᠨ ᠪᠠᠢᠩᠭᠤ ᠪᠤᠷᠤᠯᠠᠭᠤᠯᠵᠤ᠂ 2025 ᠤᠨ ᠤ᠋ ᠰᠡᠭᠦᠯᠴᠢ ᠪᠤᠯᠲᠠᠯ᠎ᠠ ᠨᠢᠭᠡᠨᠲᠡ 50 ᠲᠦᠮᠡ ᠭᠠᠷᠤᠢ ᠲᠦᠬᠦᠷᠢᠭ ᠤ᠋ᠨ ᠤᠷᠤᠯᠭ᠎ᠠ ᠤᠯᠴᠢᠬᠠᠵᠠᠢ᠃
《ᠪᠢᠳᠡ ᠬᠤᠨᠢ ᠦᠬᠡᠷ ᠤ᠋ᠨ ᠮᠢᠬ᠎ᠠ ᠪᠠᠨ ᠤᠯᠠᠮᠵᠢᠯᠠᠯᠲᠤ ᠠᠷᠭ᠎ᠠ ᠪᠡᠷ ᠪᠠᠵᠠᠭᠠᠵᠤ᠂ ᠮᠢᠬ᠎ᠠ ᠶ᠋ᠢ ᠭᠠᠷ ᠶ᠋ᠢᠡᠷ ᠭᠡᠷᠴᠢᠨ᠂ ᠪᠤᠤᠵᠠ ᠶ᠋ᠢ ᠭᠠᠷ ᠶ᠋ᠢᠡᠷ ᠶ᠋ᠢᠡᠨ ᠪᠠᠷᠢᠵᠤ ᠪᠠᠢᠬᠤ ᠪᠤᠯᠬᠤᠷ ᠵᠠᠬᠢᠶᠠᠯᠠᠭ᠎ᠠ ᠤᠯᠠᠰᠢᠷᠠᠬᠤ ᠪᠡᠷ ᠬᠦᠮᠦᠨ ᠤ᠋ ᠬᠦᠴᠦᠨ ᠬᠦᠷᠦᠯᠴᠡᠬᠦ ᠦᠭᠡᠢ ᠪᠤᠯᠤᠭᠰᠠᠨ ᠳ᠋ᠤ ᠤᠢᠷ᠎ᠡ ᠬᠠᠪᠢ ᠶ᠋ᠢᠨ ᠮᠠᠯᠴᠢᠳ ᠶ᠋ᠢᠡᠨ ᠤᠷᠢᠵᠤ᠂ ᠪᠤᠤᠵᠠ ᠪᠠᠷᠢᠬᠤ᠂ ᠮᠢᠬ᠎ᠠ ᠬᠡᠷᠴᠢᠬᠦ᠂ ᠪᠦᠲᠦᠭᠡᠭᠳᠡᠭᠦᠨ ᠢ᠋ ᠪᠤᠭᠤᠳᠠᠯᠯᠠᠬᠤ ᠵᠡᠷᠭᠡ ᠠᠵᠢᠯ ᠳ᠋ᠦ ᠬᠠᠮᠵᠢᠭᠤᠯᠵᠤ᠂ ᠬᠠᠮᠤᠭ ᠤ᠋ᠨ ᠤᠯᠠᠨ ᠳ᠋ᠠᠭᠠᠨ 18 ᠬᠦᠮᠦᠨ ᠬᠡᠷᠡᠭᠯᠡᠳᠡᠭ》 ᠭᠡᠵᠦ ᠨᠤᠷᠪᠤᠰᠠᠡᠭ ᠶᠠᠷᠢᠵᠤ ᠪᠠᠢᠯ᠎ᠠ᠃
ᠳᠠᠪᠰᠢᠯᠲᠠ ᠭᠠᠴᠠᠭᠠᠨ ᠤ᠋ ᠮᠠᠯᠴᠢᠨ ᠭᠡᠭᠡᠨᠲᠠᠨ᠎ᠠ ᠪᠤᠯ ᠨᠤᠷᠪᠤᠰᠠᠡᠭ ᠤ᠋ᠨ ᠬᠢᠨ ᠳ᠋ᠦ ᠦᠷᠬᠦᠯᠵᠢ ᠬᠠᠮᠵᠢᠯᠴᠠᠳᠠᠭ ᠬᠦᠮᠦᠨ ᠤ᠋ ᠨᠢᠭᠡ ᠨᠢ ᠶᠤᠮ᠃ 《ᠪᠤᠤᠵᠠ ᠪᠠᠷᠢᠬᠤ ᠨᠢ ᠨᠠᠳᠠ ᠳ᠋ᠦ ᠠᠪᠴᠤ ᠬᠡᠯᠡᠪᠡᠯ ᠡᠪ ᠡᠡᠭ ᠤ᠋ᠨ ᠶᠠᠪᠤᠳᠠᠯ᠂ ᠬᠠᠷᠠᠬᠠᠨ ᠪᠠᠭ᠎ᠠ ᠡᠴᠡ ᠪᠠᠨ ᠮᠤᠡᠭᠭᠤᠯ ᠪᠤᠤᠵᠠ ᠪᠠᠨ ᠪᠠᠵᠠᠭᠠᠭᠠᠳ ᠯᠡ ᠢᠷᠡᠵᠠᠢ᠃ ᠦᠩᠬᠡᠷᠡᠭᠰᠡᠨ ᠳ᠋ᠤ ᠠᠵᠢᠯ ᠤ᠋ᠨ ᠰᠡᠯᠡᠭᠦᠦ ᠴᠠᠭ ᠲᠠᠭᠠᠨ ᠭᠡᠷ ᠳᠡᠭᠡᠨ ᠵᠦᠬᠡᠷ ᠰᠠᠭᠤᠳᠠᠭ ᠪᠠᠢᠭᠰᠠᠨ᠂ ᠤᠳᠤ ᠬᠠᠷᠢᠨ ᠡᠳ᠋ᠡᠨ ᠤ᠋ ᠬᠢᠨ ᠳ᠋ᠦ ᠠᠵᠢᠯ ᠬᠠᠮᠵᠢᠨ᠂ ᠠᠢᠯ ᠰᠠᠭᠠᠬᠠᠯᠲᠠ ᠲᠠᠢ ᠪᠠᠨ ᠶᠠᠷᠢᠶ᠎ᠠ ᠬᠦᠭᠡᠷᠦᠭᠡ ᠡᠭᠦᠰᠭᠡᠵᠦ ᠶᠠᠳᠠᠷᠠᠭ᠎ᠠ ᠴᠢᠯᠡᠭᠡ ᠪᠠᠨ ᠲᠠᠢᠯᠵᠤ᠂ ᠪᠠᠰᠠ ᠡᠳᠦᠷ ᠤ᠋ᠨ 200 ᠰᠢᠬᠠᠮ ᠲᠦᠭᠦᠷᠢᠭ ᠤ᠋ᠨ ᠬᠦᠯᠦᠰᠦ ᠮᠦᠡᠭᠬᠦ ᠤᠯᠴᠢᠬᠠᠨ᠎ᠠ》 ᠭᠡᠵᠦ ᠲᠠᠷᠡ ᠶᠡᠬᠡ ᠪᠠᠶᠠᠷᠳᠠᠢ ᠬᠡᠯᠡᠨ᠎ᠡ᠃

ᠴᠠᠭᠠᠨ ᠰᠠᠷ᠎ᠠ ᠶ᠋ᠢᠨ ᠪᠠᠷᠠᠭᠠᠨ ᠤ᠋ ᠴᠤᠭᠯᠠᠭᠠᠨ ᠳ᠋ᠤ
ᠵᠠᠬᠢᠶᠠᠯᠠᠭ᠎ᠠ ᠤᠯᠠᠰᠢᠷᠠᠵᠤ ᠪᠤᠷᠤᠯᠠᠭᠤᠯᠭ᠎ᠠ ᠰᠠᠢᠵᠢᠷᠠᠭᠠᠳ ᠢᠷᠡᠬᠦ ᠪᠡᠷ ᠦᠬᠡᠷ ᠬᠤᠨᠢᠨ ᠮᠢᠬ᠎ᠠ ᠵᠢᠨ ᠬᠡᠷᠡᠭᠴᠡᠭᠡ ᠨᠢ ᠴᠦ᠍ ᠶᠡᠬᠡ ᠪᠡᠷ ᠨᠡᠮᠡᠭᠳᠡᠪᠠ᠃ ᠪᠤᠤᠵᠠ ᠪᠠᠨ ᠵᠠᠪᠠᠯ ᠴᠢᠨᠠᠷᠯᠢᠭ ᠬᠢᠵᠦ᠂ ᠢᠮᠠᠭᠳᠠ ᠴᠢᠨᠠᠷ ᠢ᠋ ᠨᠢ ᠪᠠᠳᠤᠯᠠᠬᠤ ᠵᠢ ᠵᠤᠷᠢᠭᠰᠠᠨ ᠨᠤᠷᠪᠤᠰᠠᠡᠭ 2025 ᠤᠨ ᠳ᠋ᠦ ᠨᠤᠲᠤᠭ ᠤ᠋ᠨ ᠶ᠋ᠢᠡᠨ 6 ᠮᠠᠯᠵᠢᠬᠤ ᠡᠷᠦᠭᠡ ᠲᠠᠢ ᠬᠠᠮᠲᠤᠷᠠᠨ 《ᠠᠮᠤᠭᠤᠯᠠᠡᠭ ᠬᠦᠳᠡᠭᠡ》 ᠮᠠᠯᠴᠢᠳ ᠤ᠋ᠨ ᠲᠤᠰᠬᠠᠢ ᠬᠤᠷᠰᠢᠶ᠎ᠠ ᠵᠢ ᠡᠭᠦᠰᠭᠡᠨ ᠪᠠᠢᠭᠤᠯᠵᠤ᠂ ᠦᠬᠡᠷ ᠬᠤᠨᠢᠨ ᠮᠢᠬ᠎ᠠ ᠶ᠋ᠢᠨ ᠬᠠᠡᠭᠭᠠᠯᠭ᠎ᠠ ᠪᠠᠨ ᠲᠤᠭᠲᠠᠪᠤᠷᠢᠵᠢᠭᠤᠯᠤᠨ ᠬᠠᠮᠳᠤ ᠪᠡᠷ ᠪᠠᠶᠠᠵᠢᠬᠤ ᠵᠠᠮ ᠢ᠋ ᠡᠯᠭᠦᠯᠠ᠃ 《ᠦᠩᠬᠡᠷᠡᠭᠰᠡᠨ ᠤ᠋ ᠬᠢ ᠲᠠᠢ ᠠᠳᠠᠯᠢ ᠬᠤᠨᠢ ᠪᠡᠨ ᠠᠮᠢᠳᠤ ᠪᠡᠷ ᠨᠢ ᠶᠠᠪᠤᠭᠤᠯ ᠮᠠᠢᠮᠠᠢᠴᠢᠨ ᠪᠤᠶᠤ ᠭᠦᠢᠲᠡᠨ ᠬᠦᠮᠦᠷᠭᠡ ᠳ᠋ᠦ ᠵᠠᠷᠤᠬᠤ ᠲᠠᠢ ᠬᠠᠷᠢᠴᠠᠭᠤᠯᠪᠠᠯ᠂ ᠦᠪᠡᠷ ᠵᠢᠡᠨ ᠪᠠᠵᠠᠭᠠᠭᠰᠠᠨ ᠤ᠋ ᠳᠠᠷᠠᠭ᠎ᠠ ᠪᠤᠤᠵᠠ ᠪᠠᠷᠢᠵᠤ ᠪᠤᠷᠤᠯᠠᠭᠤᠯᠪᠠᠯ ᠬᠤᠨᠢ ᠨᠢᠬᠡᠪᠦᠷᠢ ᠡᠴᠡ ᠢᠯᠡᠬᠦᠤ 500 — 700 ᠲᠦᠭᠦᠷᠢᠭ ᠤ᠋ᠨ ᠤᠷᠤᠯᠭ᠎ᠠ ᠤᠯᠵᠤ ᠪᠠᠢᠨ᠎ᠠ᠃ ᠵᠢᠯ ᠭᠠᠷᠤᠢ ᠶ᠋ᠢᠨ ᠬᠤᠭᠤᠴᠠᠭᠠᠨ ᠳ᠋ᠦ ᠪᠢᠳᠡ ᠨᠢᠭᠡᠨᠲᠡ 150 ᠰᠢᠬᠠᠮ ᠬᠤᠨᠢ᠂ 5 ᠦᠬᠡᠷ ᠵᠠᠷᠤᠪᠠ》 ᠭᠡᠵᠦ ᠨᠤᠷᠪᠤᠰᠠᠡᠭ ᠰᠤᠷᠪᠤᠯᠵᠢᠯᠠᠭᠴᠢ ᠳ᠋ᠤ ᠬᠡᠯᠡᠵᠦ ᠪᠠᠢᠯ᠎ᠠ᠃
ᠨᠤᠷᠪᠤᠰᠠᠩ ᠤ᠋ᠨ 《ᠴᠦᠬᠡᠨ ᠮᠠᠯᠵᠢᠵᠤ ᠴᠢᠨᠠᠷᠳᠠᠢ ᠮᠠᠯᠵᠢᠬᠤ ︱ ᠡᠬᠢ ᠪᠠᠶᠠᠯᠢᠭ ᠶ᠋ᠢᠡᠨ ᠠᠰᠢᠭᠯᠠᠨ ᠮᠠᠯᠴᠢᠨ ᠠᠢᠯ ᠤ᠋ᠨ ᠵᠢᠭᠤᠯᠴᠢᠯᠠᠯ ᠡᠷᠬᠢᠯᠡᠬᠦ ︱ ᠮᠠᠯ ᠤ᠋ᠨ ᠠᠰᠢᠭ ᠰᠢᠮ᠎ᠠ ᠪᠡᠨ ᠪᠦᠲᠦᠭᠡᠭᠳᠡᠭᠦᠨ ᠪᠤᠯᠭᠠᠨ ᠬᠤᠪᠢᠷᠠᠭᠤᠯᠵᠤ ᠦᠷᠳᠡᠭ ᠢ᠋ ᠨᠢ ᠨᠡᠮᠡᠭᠳᠡᠭᠦᠯᠬᠦ ︱ ᠪᠦᠲᠦᠭᠡᠭᠳᠡᠭᠦᠨ ᠤ᠋ ᠪᠡᠨ ᠨᠠᠷᠠ ᠨᠦᠯᠦᠭᠡ ᠶ᠋ᠢ ᠦᠷᠭᠡᠳᠭᠡᠨ ᠬᠤᠯᠠ ᠤᠢᠷ᠎ᠠ ᠳ᠋ᠤ ᠪᠤᠷᠤᠯᠠᠭᠤᠯᠬᠤ》 ᠡᠢᠨ ᠬᠦ᠌ ᠠᠷᠭ᠎ᠠ ᠨᠢ ᠠᠰᠢᠭ ᠤᠷᠤᠯᠭ᠎ᠠ ᠪᠡᠨ ᠨᠡᠮᠡᠭᠳᠡᠭᠦᠯᠬᠦ ᠠᠰᠢᠳᠠᠢ ᠠᠷᠭ᠎ᠠ ᠵᠠᠮ ᠪᠤᠯᠤᠭᠰᠠᠨ ᠶ᠋ᠢᠡᠷ ᠪᠠᠷᠠᠬᠤ ᠦᠭᠡᠢ᠂ ᠪᠡᠯᠴᠢᠭᠡᠷ ᠤ᠋ᠨ ᠮᠠᠯ ᠠᠵᠤ ᠠᠬᠤᠢ ᠶ᠋ᠢᠨ ᠬᠡᠯᠪᠡᠷᠢ ᠶ᠋ᠢ ᠬᠤᠪᠢᠷᠠᠭᠤᠯᠵᠤ ᠳᠡᠰ ᠳᠡᠪᠰᠢᠭᠦᠯᠬᠦ ᠪᠦᠲᠦᠮᠵᠢᠳᠠᠢ ᠰᠦᠪᠡᠭᠴᠢᠯᠡᠯᠳᠡ ᠪᠤᠯᠵᠠᠢ᠃ ᠡᠨᠡ ᠵᠢᠯ ᠲᠡᠷᠡ ᠰᠢᠨ᠎ᠡ ᠪᠤᠭᠤᠳᠠᠯ ᠪᠠᠭᠯᠠᠭ᠎ᠠ ᠲᠠᠢ 《ᠨᠤ ·ᠭᠤᠸᠠᠢ ᠶ᠋ᠢᠨ ᠨᠤᠶᠠᠨ ᠪᠤᠤᠵᠠ》 ᠵᠢᠴᠢ ᠨᠤᠲᠤᠭ ᠤ᠋ᠨ ᠶ᠋ᠢᠡᠨ ᠦᠬᠡᠷ ᠬᠤᠨᠢᠨ ᠮᠢᠬ᠎ᠠ᠂ ᠴᠠᠭᠠᠨ ᠢᠳᠡᠭᠡᠨ ᠢ᠋ ᠠᠪᠴᠤ ᠳᠠᠬᠢᠨᠲᠠ ᠬᠦᠬᠡᠬᠤᠲᠠ ᠳ᠋ᠤ ᠢᠷᠡᠵᠦ᠂ 2026 ᠤᠨ ᠤ᠋ ᠶᠢᠰᠦᠳᠦᠭᠡᠷ ᠬᠤᠭᠤᠴᠠᠭᠠᠨ ᠤ᠋ ᠬᠦᠬᠡᠬᠤᠲᠠ ᠶ᠋ᠢᠨ ᠴᠠᠭᠠᠨ ᠰᠠᠷ᠎ᠠ ᠶ᠋ᠢᠨ ᠪᠠᠷᠠᠭᠠᠨ ᠤ᠋ ᠴᠤᠭᠯᠠᠭᠠᠨ ᠳ᠋ᠦ ᠤᠷᠤᠯᠴᠠᠵᠤ᠂13 ᠡᠳᠦᠷ ᠤ᠋ᠨ ᠲᠤᠳᠤᠷ᠎ᠠ 6 ᠲᠦᠮᠡ ᠰᠢᠬᠠᠮ ᠲᠦᠭᠦᠷᠢᠭ ᠤ᠋ᠨ ᠤᠷᠤᠯᠭ᠎ᠠ ᠡᠪᠤᠷᠳᠦᠯᠡᠭᠰᠡᠨ ᠠᠵᠢ᠃
ᠬᠦᠬᠡᠬᠤᠲᠠ ᠶ᠋ᠢᠨ ᠴᠠᠭᠠᠨ ᠰᠠᠷ᠎ᠠ ᠶ᠋ᠢᠨ ᠪᠠᠷᠠᠭᠠᠨ ᠤ᠋ ᠴᠤᠭᠯᠠᠭᠠᠨ ᠡᠴᠡ ᠭᠠᠨᠵᠤᠭ᠎ᠠ ᠳᠦᠭᠦᠷᠡᠡᠭ ᠪᠤᠴᠠᠭᠰᠠᠨ ᠨᠤᠷᠪᠤᠰᠠᠡᠭ ᠰᠦᠯᠵᠢᠶᠡᠨ ᠬᠡᠷᠡᠭᠯᠡᠭᠴᠢᠳ ᠤ᠋ᠨ ᠵᠠᠬᠢᠶᠠᠯᠠᠭ᠎ᠠ ᠵᠢ ᠭᠦᠢᠴᠡᠳᠭᠡᠵᠤ᠂ ᠠᠮᠳᠠ ᠰᠢᠮ᠎ᠠ ᠳᠠᠢ 《ᠨᠤ · ᠭᠤᠸᠠᠢ ᠶ᠋ᠢᠨ ᠨᠤᠶᠠᠨ ᠪᠤᠤᠵᠠ》 ᠪᠡᠨ ᠦᠢ ᠤᠯᠠᠨ ᠠᠢᠯ ᠡᠷᠦᠬᠡ ᠶ᠋ᠢᠨ ᠰᠠᠷ᠎ᠠ ᠰᠢᠨ᠎ᠠ ᠶ᠋ᠢᠨ ᠰᠢᠷᠡᠭᠡᠨ ᠳ᠋ᠤ ᠬᠠᠡᠭᠬᠤᠯᠤᠭᠤᠯᠬᠤ ᠪᠡᠷ ᠤᠷᠮ᠎ᠠ ᠲᠠᠢ ᠠᠵᠢᠯᠯᠠᠭᠰᠠᠭᠠᠷ ᠁