ᠦᠭᠡᠷᠡᠴᠢᠯᠡᠯᠳᠡ ᠰᠢᠨᠠᠴᠢᠯᠠᠯᠳᠠ᠎ᠳᠤ ᠡᠴᠦᠰ ᠲᠡᠭᠦᠰᠭᠡᠯ ᠬᠡᠵᠦ ᠠᠯᠠᠭ᠎ᠠ
2026-02-14 10:07:03
ᠵᠣᠬᠢᠶᠠᠭ᠍ᠴᠢ᠄
ᠬᠡᠰᠢᠭᠪᠠᠶᠠᠷ
ᠣᠩᠱᠢᠭ᠍ᠰᠠᠨ ᠣᠳᠠᠭ᠎ᠠ᠄
★★★☆☆

ᠤᠨ ᠵᠢᠯ ᠤᠷᠴᠢᠨ ᠤᠯᠠᠷᠢᠵᠦ᠂ ᠶᠢᠷᠳᠢᠨᠴᠦ ᠵᠢᠨ ᠬᠡᠷᠡᠭ ᠪᠤᠳᠠᠰ ᠲᠠᠰᠤᠷᠠᠯᠳᠠ ᠦᠭᠡᠢ ᠬᠤᠪᠢᠷᠠᠨ ᠬᠤᠪᠢᠰᠴᠤ ᠯᠠ ᠪᠠᠢᠳᠠᠭ᠂ ᠬᠤᠪᠢᠷᠠᠬᠤ ᠦᠭᠡᠢ ᠶᠠᠭᠤᠮ᠎ᠠ ᠬᠡᠵᠦ ᠠᠯᠠᠭ᠎ᠠ᠃ ᠡᠨᠡ ᠨᠢ ᠪᠢᠳᠠᠨ᠎ᠦ ᠴᠠᠭ ᠢᠮᠠᠭᠳᠠ ᠪᠠᠢᠳᠠᠯ᠎ᠢ ᠠᠵᠢᠭᠯᠠᠨ ᠬᠡᠷᠡᠭ᠎ᠢ ᠲᠤᠨᠭᠭᠠᠵᠦ᠂ ᠤᠢᠯᠠᠭᠠᠯᠳᠠ ᠲᠠᠨᠢᠯᠳᠠ ᠪᠠᠨ ᠲᠠᠰᠤᠷᠠᠯᠳᠠ ᠦᠭᠡᠢ ᠬᠦᠨᠵᠡᠭᠡᠢᠷᠠᠭᠦᠯᠵᠦ᠂ ᠠᠵᠢᠯᠯᠠᠬᠤ ᠠᠷᠭ᠎ᠠ ᠪᠠᠷᠢᠯ ᠵᠢᠡᠨ ᠲᠠᠰᠤᠷᠠᠯᠳᠠ ᠦᠭᠡᠢ ᠰᠢᠨᠠᠴᠢᠯᠠᠵᠦ᠂ ᠦᠭᠡᠷᠡᠴᠢᠯᠠᠯᠳᠠ ᠬᠢᠵᠤ ᠪᠠᠢᠬᠤ ᠵᠢ ᠱᠠᠭᠠᠷᠳᠠᠳᠠᠭ᠃

ᠦᠭᠡᠷᠡᠴᠢᠯᠠᠯᠳᠠ ᠨᠢ ᠮᠠᠨ᠎ᠦ ᠡᠭᠡᠯ ᠵᠢᠷ᠎ᠤᠨ ᠬᠦᠮᠦᠰ ᠲᠠᠢ ᠬᠤᠯᠪᠤᠭ᠎ᠠ ᠦᠭᠡᠢ᠂ ᠪᠢᠳᠠᠨ ᠡᠴᠡ ᠮᠠᠰᠢ ᠬᠤᠯᠠ᠂ ᠤᠯᠤᠰ ᠤᠷᠤᠨ᠎ᠦ ᠲᠤᠮᠤ ᠶᠠᠪᠤᠳᠠᠯ ᠮᠠᠳᠤ ᠰᠠᠨᠠᠭᠳᠠᠳᠠᠭ᠃ ᠦᠨᠡᠨ ᠳ᠋ᠡᠭᠡᠨ ᠲᠠᠢᠮᠦ ᠪᠢᠰᠢ᠂ ᠪᠢᠳᠠ ᠢᠮᠠᠬᠳᠠ ᠦᠭᠡᠷᠡᠴᠢᠯᠠᠯᠳᠠ ᠵᠢᠨ ᠲᠤᠮᠳᠠ ᠠᠮᠢᠳᠤᠷᠠᠵᠦ᠂ ᠦᠭᠡᠷᠡᠴᠢᠯᠠᠯᠳᠠ ᠵᠢᠨ ᠲᠤᠮᠳᠠ ᠦᠰᠦᠨ ᠪᠤᠢᠵᠢᠵᠤ᠂ ᠦᠭᠡᠷᠡᠴᠢᠯᠠᠯᠳᠠ ᠵᠢᠨ ᠮᠠᠰᠢ ᠤᠯᠠᠨ ᠶᠠᠪᠤᠳᠠᠯ᠎ᠤᠳ᠎ᠢ ᠪᠠᠶ᠎ᠠ ᠪᠠᠨ ᠵᠢᠡᠷ ᠦᠨᠭᠭᠡᠷᠡᠬᠦᠯᠦᠭᠰᠡᠨ ᠮᠦᠷᠳᠡᠭᠡᠨ ᠦᠭᠡᠷᠡᠴᠢᠯᠠᠯᠳᠠ ᠵᠢ ᠪᠠᠶ᠎ᠠ ᠪᠠᠷ ᠵᠢᠡᠨ ᠬᠢᠵᠦ᠂ ᠦᠭᠡᠷᠡᠴᠢᠯᠡᠯᠳᠠ ᠵᠢᠨ ᠠᠬᠢᠭᠤᠯᠤᠭᠴᠢ ᠪᠤᠯᠬᠤ ᠶᠤᠰᠤᠳᠠᠢ᠃ ᠡᠨᠡ ᠲᠠᠯ᠎ᠠ ᠪᠡᠷ ᠵᠢᠱ᠌ᠢᠶᠡᠯᠡᠬᠦ ᠎ᠳᠦ ᠬᠤᠵᠢᠮ ᠨᠢ ᠪᠦᠬᠦ ᠤᠯᠤᠰ᠎ᠤᠨ ᠬᠡᠪᠴᠢᠶᠠᠨ᠎ᠳᠤ ᠲᠡᠯᠭᠡᠷᠡᠬᠦᠯᠦᠨ ᠲᠦᠭᠡᠮᠡᠯᠵᠢᠬᠦᠯᠵᠤ ᠪᠦᠬᠦ ᠤᠯᠤᠰ᠎ᠤᠨ ᠦᠭᠡᠷᠡᠴᠢᠯᠠᠯᠳᠠ ᠵᠢ ᠬᠦᠳᠡᠭᠡ ᠲᠤᠰᠬᠤᠨ ᠡᠴᠡ ᠡᠬᠢᠯᠡᠬᠦᠯᠵᠦ ᠲᠤᠤᠷ᠎ᠠ ᠡᠴᠡ ᠲᠡᠭᠡᠭᠰᠢ ᠠᠬᠢᠭᠤᠯᠤᠭᠰᠠᠨ 《ᠬᠤᠷᠢᠶᠠᠯᠳᠠ ᠲᠠᠢ ᠨᠢ ᠬᠤᠯᠪᠤᠭᠳᠠᠭᠤᠯᠤᠨ ᠲᠠᠭᠠᠭᠠᠴᠢᠯᠠᠬᠤ ᠲᠦᠷᠢᠮ》 ᠢ᠋ ᠲᠤᠬᠠᠢ ᠵᠢᠨ ᠦᠶ᠎ᠠ᠎ᠳᠤ ᠠᠨᠾᠦ᠋ᠢ ᠮᠤᠵᠢ ᠵᠢᠨ ᠰᠢᠶᠤᠤ ᠭᠠᠩ ᠲᠤᠰᠬᠤᠨ᠎ᠦ 18 ᠲᠠᠷᠢᠶᠠᠴᠢᠨ ᠰᠠᠳᠤᠵᠤ ᠡᠬᠢᠯᠡᠬᠦᠯᠦᠭᠰᠡᠨ ᠪᠠᠢᠳᠠᠭ ᠪᠢᠰᠢ ᠤᠤ᠃

ᠬᠡᠷᠡᠭ ᠶᠠᠭᠤᠮ᠎ᠠ ᠦᠭᠡᠷᠠᠴᠢᠯᠠᠯᠳᠠ ᠰᠢᠨᠠᠴᠢᠯᠠᠯᠳᠠ ᠪᠠᠷ ᠲᠠᠮᠵᠢᠨ ᠬᠦᠭᠵᠢᠵᠦ ᠲᠡᠭᠦᠯᠳᠡᠷᠵᠢᠳᠡᠭ ᠤᠴᠢᠷᠳᠠᠢ᠃ ᠦᠨᠦ ᠵᠢᠨ ᠲᠡᠯᠡᠭᠡᠢ ᠲᠠᠶᠠᠭᠠᠷ ᠲᠸ᠋ ᠲᠠᠮᠢᠷ᠎ᠤᠨ ᠬᠦᠳᠡᠯᠭᠡᠭᠡᠨ᠂ ᠢᠯᠠᠨᠭᠭᠤᠶ᠎ᠠ ᠪᠦᠮᠪᠦᠭᠡᠨ᠎ᠦ ᠲᠦᠷᠦᠯ ᠵᠦᠢᠯ᠎ᠤᠨ ᠨᠢᠭᠡ ᠬᠡᠵᠦ ᠲᠠᠨᠢᠭᠳᠠᠳᠠᠭ ᠰᠠᠭᠰᠤᠨ ᠪᠦᠮᠪᠦᠭᠡ ᠵᠢᠨ ᠲᠦᠷᠦᠯ ᠵᠦᠢᠯ ᠵᠢᠡᠷ ᠵᠢᠱ᠌ᠢᠶᠠᠯᠡᠬᠦ᠎ᠳᠤ᠂ ᠠᠨᠭᠬ᠎ᠠ ᠡᠬᠢᠨ ᠳ᠋ᠡᠭᠡᠨ 3.05 ᠮᠸᠲᠷ᠎ᠤᠨ ᠦᠨᠳᠦᠷ ᠲᠸ᠋ ᠰᠠᠭᠰᠤ ᠡᠯᠬᠦᠭᠡᠳ ᠪᠦᠮᠪᠦᠭᠡ ᠤᠷᠤᠭᠤᠯᠳᠠᠭ ᠪᠠᠢᠬᠰᠠᠨ ᠪᠦᠭᠡᠳ ᠡᠭᠦᠪᠡᠷ ᠵᠢᠡᠨ ᠰᠠᠭᠰᠤᠨ ᠪᠦᠮᠪᠦᠭᠡ ᠬᠡᠰᠡᠨ ᠨᠠᠷ᠎ᠠ ᠲᠠᠢ ᠪᠤᠯᠵᠠᠢ᠃ ᠬᠡᠪᠡᠴᠦ ᠤᠳᠠᠭᠰᠠᠨ ᠦᠭᠡᠢ ᠬᠦᠮᠦᠰ ᠵᠠᠪᠠᠯ ᠰᠠᠭᠰᠤ ᠪᠠᠢᠬᠤ ᠱᠠᠭᠠᠷᠳᠠᠯᠭ᠎ᠠ ᠦᠭᠡᠢ ᠪᠠᠢᠬᠤ ᠵᠢ ᠲᠠᠨᠢᠵᠦ ᠤᠯᠤᠭᠠᠳ ᠰᠠᠭᠰᠤᠨ᠎ᠦ ᠢᠷᠤᠭᠠᠷ᠎ᠢ ᠨᠢ ᠠᠪᠴᠤ ᠬᠠᠶᠠᠬᠤ ᠵᠢ ᠰᠠᠨᠠᠭᠠᠴᠢᠯᠠᠵᠠᠢ᠃ ᠬᠡᠪᠡᠴᠦ ᠲᠤᠰ ᠦᠭᠡᠷᠡᠴᠢᠯᠠᠯᠳᠠ ᠨᠢ ᠵᠠᠷᠢᠮ ᠬᠦᠮᠦᠰ᠎ᠤᠨ ᠡᠰᠡᠷᠭᠦᠴᠡᠯ᠎ᠢ ᠤᠯᠤᠭᠰᠠᠨ ᠪᠠᠢᠳᠠᠭ᠃ ᠤᠴᠢᠷ ᠨᠢ ᠪᠦᠮᠪᠦᠭᠡ ᠤᠷᠤᠴᠢᠬᠠᠪᠠᠯ ᠤᠳᠠᠭ᠎ᠠ ᠪᠤᠯᠭᠠᠨ ᠱᠠᠳᠤ ᠪᠠᠨ ᠲᠠᠮᠨᠠᠵᠦ ᠠᠪᠠᠴᠢᠭᠠᠳ ᠠᠪᠠᠷᠢᠵᠤ ᠭᠠᠷᠤᠭᠠᠳ ᠪᠦᠮᠪᠦᠭᠡ ᠵᠢ ᠨᠢ ᠭᠠᠷᠭᠠᠨ ᠠᠪᠴᠤ ᠦᠭᠳᠡᠭ ᠪᠠᠢᠬᠰᠠᠨ ᠲᠡᠳᠡᠭᠡᠷ ᠬᠦᠮᠦᠰ᠎ᠡᠩ ᠲᠡᠷᠢᠬᠦᠨ᠎ᠳᠤ ᠠᠵᠢᠯ ᠠᠯᠳᠠᠬᠤ ᠪᠠᠢᠭᠰᠠᠨ ᠨᠢ ᠮᠡᠳᠡᠭᠡᠵᠢ᠃ ᠬᠡᠪᠡᠴᠤ ᠴᠦᠭᠡᠨ ᠬᠡᠳᠦᠨ ᠬᠦᠮᠦᠨ᠎ᠦ ᠠᠰᠢᠭ ᠲᠤᠰᠠ ᠬᠤᠬᠢᠷᠠᠬᠤ ᠡᠴᠡ ᠪᠤᠯᠵᠤ ᠦᠭᠡᠷᠡᠴᠢᠯᠠᠯᠳᠠ ᠵᠤᠭᠰᠤᠴᠢᠬᠠᠨ᠎ᠠ ᠬᠡᠵᠦ ᠪᠠᠢᠬᠤ ᠦᠭᠡᠢ᠂ ᠤᠯᠠᠨ ᠬᠦᠮᠦᠨ᠎ᠦ ᠲᠦᠯᠦᠭᠡ᠂ ᠠᠷᠠᠳ ᠲᠦᠮᠠᠨ᠎ᠦ ᠲᠦᠯᠦᠭᠡ ᠪᠠᠢᠬᠰᠠᠨ ᠴᠠᠭ ᠲᠸ᠋ ᠦᠭᠡᠷᠡᠴᠢᠯᠠᠯᠳᠠ ᠬᠠᠷᠰᠢᠯᠠᠬᠳᠠᠬᠤ ᠶᠤᠰᠤ ᠦᠭᠡᠢ᠃

ᠤᠳᠠᠵᠤ ᠬᠦᠰᠢᠭᠦᠷᠡᠭᠰᠡᠨ ᠶᠠᠭᠤᠮ᠎ᠠ᠎ᠳᠤ ᠦᠭᠡᠷᠡᠴᠢᠯᠠᠯᠳᠠ ᠬᠢᠨ᠎ᠠ ᠬᠡᠬᠦ᠎ᠳᠤ ᠬᠦᠮᠦᠰ ᠰᠠᠨᠠᠯ ᠦᠭᠡᠢ ᠪᠤᠯᠪᠠᠴᠤ ᠰᠢᠨ᠎ᠠ ᠶᠠᠭᠤᠮ᠎ᠠ ᠵᠢ ᠦᠭᠡᠷᠡᠴᠢᠯᠠᠬᠦ ᠱᠠᠭᠠᠷᠳᠠᠯᠭ᠎ᠠ ᠦᠭᠡᠢ ᠬᠡᠵᠦ ᠬᠠᠷᠢᠨ ᠵᠠᠷᠢᠮ ᠬᠦᠮᠦᠨ ᠡᠨᠳᠡᠬᠦᠦ ᠤᠢᠯᠠᠭᠠᠳᠠᠭ᠂ ᠵᠢᠱ᠌ᠢᠶᠠᠯᠠᠪᠠᠯ《ᠲᠦᠷᠦᠭᠦᠭᠡᠨ ᠰᠢᠨᠡᠭᠡᠨ ᠲᠤᠭᠳᠠᠭᠠᠭᠰᠠᠨ ᠲᠦᠷᠦ ᠵᠢᠨ ᠪᠤᠳᠤᠯᠭ᠎ᠠ ᠠᠷᠭ᠎ᠠ ᠬᠡᠮᠵᠢᠶ᠎ᠠ᠂ ᠲᠦᠷᠢᠮ ᠲᠤᠭᠳᠠᠭᠠᠯ ᠶᠤᠮ》ᠬᠡᠵᠤ ᠶᠠᠷᠢᠬᠤ ᠬᠦᠮᠦᠨ ᠪᠤᠢ᠃ ᠬᠡᠪᠠᠴᠤ ᠪᠦᠬᠦ ᠲᠠᠯ᠎ᠠ ᠵᠢ ᠬᠠᠮᠤᠷᠴᠤ ᠶᠠᠷᠦᠨᠭᠭᠡᠢᠯᠡᠵᠦ ᠴᠢᠳᠠᠬᠰᠠᠨ ᠦᠭᠡᠢ ᠶᠤᠮ ᠤᠤ᠂ ᠠᠯᠢ ᠨᠢᠭᠡ ᠲᠠᠯ᠎ᠠ ᠳ᠋ᠤᠨᠢ ᠲᠦᠭᠦᠭᠡᠢ ᠱᠢᠬᠦᠷᠭᠡᠢ ᠵᠦᠢᠯ ᠤᠷᠤᠰᠢᠵᠦ ᠪᠠᠢᠬᠤ ᠵᠢ ᠢᠯᠡᠷᠡᠭᠦᠯᠦᠭᠰᠡᠨ ᠶᠤᠮ ᠪᠤᠯ ᠴᠠᠭ ᠲᠤᠬᠠᠢ ᠳ᠋ᠤᠨᠢ ᠪᠤᠶᠤ ᠲᠠᠷᠠᠭᠠᠴᠢ ᠵᠢᠨ ᠠᠯᠬᠤᠮ᠎ᠳ᠋ᠠᠭᠠᠨ ᠬᠠᠯᠠᠨ ᠵᠠᠰᠠᠪᠤᠷᠢᠯᠡᠬᠤ ᠴᠢᠬᠤᠯᠠᠳᠠᠢ᠃ ᠡᠨᠡ ᠨᠢ ᠬᠡᠯᠡᠯᠭᠡᠨ ᠦᠭᠡᠢ ᠪᠠᠢᠨ ᠲᠠᠬᠢᠨ ᠦᠭᠡᠷᠡᠴᠢᠯᠡᠭᠡᠳ ᠪᠠᠢ ᠬᠡᠰᠡᠨ ᠰᠠᠨᠠᠭ᠎ᠠ ᠪᠢᠰᠢ᠂ ᠲᠤᠭᠳᠠᠪᠤᠷᠢᠳᠤ ᠴᠢᠨᠠᠷ᠎ᠢ ᠪᠠᠰᠠ ᠪᠤᠳᠤᠯᠬᠢᠯᠠᠬᠤ ᠴᠢᠬᠤᠯᠠᠳᠠᠢ᠃ ᠲᠠᠢᠮᠦ ᠡᠴᠡ ᠦᠭᠡᠷᠡᠴᠢᠯᠡᠯᠳᠡ ᠰᠢᠨᠠᠴᠢᠯᠠᠯᠳᠠ᠎ᠳᠤ ᠡᠴᠦᠰ ᠲᠡᠭᠦᠰᠭᠡᠯ ᠬᠡᠵᠦ ᠪᠠᠢᠬᠤ ᠦᠭᠡᠢ ᠬᠡᠳᠡᠭ᠃

ᠵᠠᠷᠢᠮ ᠳ᠋ᠠᠭᠠᠨ ᠪᠢᠳᠠᠨ᠎ᠳᠤ ᠰᠢᠭᠤᠳ ᠯᠠᠪᠯᠠᠯᠳᠠ ᠪᠤᠯᠭᠠᠴᠢᠬᠠᠬᠤ ᠵᠢᠱ᠌ᠢᠶ᠎ᠠ ᠪᠠᠢᠳᠠᠭ ᠦᠭᠡᠢ᠂ ᠪᠠᠢᠬᠤ ᠪᠠᠷ ᠪᠤᠳᠤᠬᠤ᠎ᠳᠤ ᠲᠤᠬᠠᠢ ᠵᠢᠨ ᠦᠶ᠎ᠠ ᠵᠢᠨ ᠨᠦᠬᠦᠴᠡᠯ ᠪᠠᠢᠳᠠᠯ ᠨᠢ ᠠᠳᠠᠯᠢ ᠦᠭᠡᠢ᠂ ᠡᠢᠮᠦ ᠡᠴᠡ ᠦᠭᠡᠷᠡᠴᠢᠯᠠᠯᠳᠠ ᠪᠦᠬᠦᠨ᠎ᠢ ᠰᠢᠨ᠎ᠠ ᠶᠠᠭᠤᠮ᠎ᠠ᠂ ᠰᠢᠨ᠎ᠠ ᠵᠢ ᠡᠭᠦᠳᠴᠤ ᠪᠠᠢᠬᠤ ᠶᠠᠪᠤᠳᠠᠯ ᠬᠡᠵᠦ ᠬᠡᠯᠡᠵᠦ ᠪᠤᠯᠤᠨ᠎ᠠ᠃ ᠲᠠᠬᠢᠭᠠᠳ ᠬᠡᠯᠡᠪᠡᠯ ᠦᠭᠡᠷᠡᠴᠢᠯᠠᠯᠳᠠ ᠶᠠᠷᠦ ᠡᠴᠡ ᠪᠠᠨ ᠨᠢᠭᠡ ᠪᠦᠯᠦᠭ ᠬᠦᠮᠦᠰ᠂ ᠨᠢᠭᠡ ᠪᠦᠯᠦᠭ ᠠᠵᠢᠯ ᠲᠦᠷᠦᠯ᠎ᠤᠨ ᠠᠰᠢᠭ ᠲᠤᠰᠠ ᠵᠢ ᠬᠦᠨᠳᠡᠳᠡᠭ ᠪᠤᠯᠬᠤᠷ ᠦᠯᠤ ᠤᠢᠯᠠᠭᠠᠯᠴᠠᠯ᠂ ᠲᠤᠷ᠎ᠠ ᠦᠭᠡᠢᠴᠠᠯ᠂ ᠬᠦᠳᠭᠡᠯ ᠭᠤᠳᠤᠭᠠᠯ᠂ ᠲᠠᠷᠠᠴᠢᠯᠠᠨ ᠡᠰᠡᠷᠭᠦᠴᠡᠯ ᠎ᠳᠦ ᠲᠤᠯᠭᠠᠷᠠᠵᠦ ᠮᠠᠳᠡᠨ᠎ᠠ᠃ ᠲᠠᠢᠮᠦ ᠡᠴᠡ ᠦᠭᠡᠷᠡᠴᠢᠯᠠᠯᠳᠠ ᠬᠢᠵᠦ᠂ ᠦᠭᠡᠷᠡᠴᠢᠯᠠᠯᠳᠠ ᠵᠢ ᠬᠦᠨᠵᠡᠭᠡᠢᠷᠡᠬᠦᠯᠬᠦ᠎ᠳᠤ ᠪᠠᠰᠠ ᠵᠤᠷᠢᠬ ᠰᠦᠰᠦ᠂ ᠬᠠᠷᠢᠭᠤᠴᠠᠯᠭ᠎ᠠ ᠡᠬᠦᠷᠭᠡᠯᠡᠯ ᠬᠡᠷᠡᠭᠳᠡᠢ᠃ ᠬᠡᠪᠡᠴᠦ ᠰᠢᠨ᠎ᠠ ᠵᠢ ᠡᠬᠦᠳᠬᠦ᠂ ᠵᠤᠷᠢᠬᠳᠠᠢ ᠪᠠᠢᠬᠤ ᠬᠡᠳᠡᠭ ᠨᠢ ᠰᠠᠨᠠᠭᠠᠨ ᠲᠠᠪᠠ᠂ ᠲᠤᠷ᠎ᠠ ᠵᠤᠷᠢᠭ ᠵᠢᠡᠷ ᠵᠢᠡᠨ ᠦᠢᠯᠡᠳᠬᠦ ᠬᠡᠰᠡᠨ ᠶᠠᠪᠤᠳᠠᠯ ᠪᠤᠰᠤ᠂ ᠬᠠᠷᠢᠨ ᠢᠯᠡᠬᠦᠭᠡᠨ ᠪᠠᠢᠴᠠᠭᠠᠨ ᠰᠤᠳᠤᠯᠤᠯᠳᠠ ᠬᠢᠵᠦ ᠪᠠᠢᠳᠠᠯ᠎ᠢ ᠰᠠᠢᠨ ᠤᠢᠯᠠᠭᠠᠵᠦ᠂ ᠠᠷᠠᠳᠴᠢᠯᠠᠭᠰᠠᠨ᠂ ᠰᠢᠨᠵᠢᠯᠡᠬᠦ ᠤᠬᠠᠭᠠᠨᠴᠢ᠂ ᠬᠠᠤᠯᠢ᠎ᠳᠤ ᠦᠨᠳᠦᠰᠦᠯᠡᠭᠰᠡᠨ ᠰᠢᠢᠳᠪᠤᠷᠢ ᠭᠠᠷᠭᠠᠵᠦ᠂ ᠵᠤᠷᠢᠬᠳᠠᠢ ᠲᠤᠷᠰᠢᠨ᠎ᠠ ᠬᠡᠰᠡᠨ ᠦᠭᠡ᠃ ᠰᠠᠨᠠᠭ᠎ᠠ ᠨᠢ ᠰᠠᠢᠬᠠᠨ᠂ ᠰᠢᠢᠳᠪᠤᠷᠢᠯᠡᠬᠦ ᠨᠢ ᠵᠦᠪ᠂ ᠰᠤᠷᠳᠠᠯ ᠨᠢ ᠲᠦᠪ᠂ ᠠᠷᠭ᠎ᠠ ᠨᠢ ᠵᠤᠬᠢᠰᠳᠠᠢ ᠪᠠᠢᠬᠰᠡᠨ ᠦᠶ᠎ᠠ᠎ᠳᠤ ᠦᠭᠡᠷᠡᠴᠢᠯᠠᠯᠳᠠ ᠰᠢᠨᠠᠴᠢᠯᠠᠯᠳᠠ ᠨᠢ ᠪᠤᠷᠤᠭᠤᠳᠠᠬᠤ ᠶᠤᠰᠤ ᠦᠭᠡᠢ᠂ ᠪᠤᠷᠤᠭᠤᠳᠠᠭᠰᠠᠨ ᠴᠸ᠋ ᠠᠭᠤᠴᠢᠯᠠᠬᠤ ᠪᠤᠯᠤᠨ᠎ᠠ᠃ ᠦᠪᠠᠷᠳᠡᠭᠡᠨ ᠵᠠᠰᠠᠬᠤ ᠤᠷᠤᠨ᠎ᠦ ᠨᠠᠮ᠎ᠤᠨ ᠬᠤᠷᠢᠶ᠎ᠠ ᠡᠴᠡ ᠲᠤᠭᠳᠠᠭᠠᠨ ᠬᠡᠷᠡᠭᠵᠢᠬᠦᠯᠦᠭᠰᠡᠨ 《ᠠᠯᠳᠠᠭ᠎ᠠ ᠪᠤᠷᠤᠭᠤ ᠵᠢ ᠨᠢ ᠠᠭᠤᠴᠢᠯᠠᠬᠤ ᠪᠠ ᠵᠠᠯᠠᠷᠠᠭᠤᠯᠬᠤ ᠠᠵᠢᠯ᠎ᠢ ᠴᠢᠨᠠᠬᠰᠢᠳᠠ ᠠᠬᠢᠭᠤᠯᠬᠤ ᠲᠤᠬᠠᠢ ᠰᠠᠨᠠᠯ》 ᠨᠢ ᠮᠠᠨ᠎ᠦ ᠤᠳᠤᠷᠢᠳᠬᠤ ᠺᠠᠳ᠋ᠷᠴᠤᠳ᠎ᠤᠨ ᠵᠤᠷᠢᠬᠳᠠᠢ ᠦᠭᠡᠷᠡᠴᠢᠯᠠᠯᠳᠠ ᠬᠢᠵᠤ ᠵᠤᠷᠢᠬᠳᠠᠢ ᠲᠤᠷᠰᠢᠬᠤ ᠵᠢ ᠬᠠᠮᠠᠭᠠᠯᠠᠨ ᠵᠤᠷᠢᠬᠵᠢᠭᠤᠯᠵᠤ ᠪᠠᠢᠭ᠎ᠠ ᠶᠠᠪᠤᠳᠠᠯ ᠪᠤᠯᠬᠤ ᠶᠤᠮ᠃

ᠰᠠᠶᠢᠬᠠᠨ ᠲᠡᠭᠦᠰᠦᠭᠰᠡᠨ ᠦᠪᠠᠷᠳᠡᠭᠡᠨ ᠵᠠᠰᠠᠬᠤ ᠤᠷᠤᠨ᠎ᠦ ᠬᠤᠶᠠᠷ ᠬᠤᠷᠠᠯ ᠡᠴᠡ ᠪᠦᠬᠦ ᠤᠷᠤᠨ᠎ᠦ 《ᠠᠷᠪᠠᠨ ᠲᠠᠪᠤᠳᠤᠭᠠᠷ ᠲᠠᠪᠤᠨ ᠵᠢᠯ》᠎ᠤ᠋ᠨ ᠲᠦᠯᠦᠪᠵᠢᠬᠦᠯᠭᠡ ᠵᠢᠨ ᠬᠤᠭᠤᠴᠠᠭᠠᠨ᠎ᠦ ᠭᠤᠤᠯ ᠬᠠᠷᠠᠯᠳᠠ ᠡᠭᠦᠷᠭᠡ ᠵᠢ ᠬᠢᠨᠠᠨ ᠪᠠᠳᠤᠯᠠᠪᠠ᠃ ᠦᠷᠭᠡᠨ ᠤᠯᠠᠨ ᠺᠠᠳ᠋ᠷ ᠤᠯᠠᠨ ᠲᠦᠮᠠᠨ ᠦᠭᠡᠷᠡᠴᠢᠯᠠᠯᠳᠠ ᠵᠢᠨ ᠤᠬᠠᠮᠰᠠᠷ ᠵᠢᠡᠨ ᠴᠢᠨᠭᠭᠠᠳᠬᠠᠵᠦ᠂ ᠰᠢᠨ᠎ᠠ ᠵᠢ ᠰᠡᠳᠦᠵᠤ᠂ ᠴᠢᠳᠠᠮᠠᠭᠠᠢ ᠰᠡᠳᠬᠢᠵᠦ᠂ ᠰᠢᠨ᠎ᠠ ᠰᠡᠳᠬᠢᠴᠠ ᠪᠠᠷ ᠠᠵᠢᠯ᠎ᠤᠨ ᠲᠤᠮᠳᠠᠬᠢ ᠬᠦᠴᠢᠷᠳᠡᠯ ᠪᠠ ᠲᠦᠭᠵᠢᠷᠡᠯ ᠴᠡᠭ᠎ᠢ ᠵᠠᠳᠠᠯᠤᠨ ᠰᠢᠨᠵᠢᠯᠠᠵᠦ᠂ ᠠᠵᠢᠯ᠎ᠤᠨ ᠠᠷᠭ᠎ᠠ ᠪᠠᠷᠢᠯ ᠵᠢᠡᠨ ᠬᠠᠯᠠᠨ ᠰᠠᠢᠵᠢᠷᠠᠭᠤᠯᠵᠤ ᠪᠦᠳᠦᠭᠡᠯᠴᠢ ᠪᠠᠷ ᠠᠵᠢᠯᠯᠠᠬᠤ᠎ᠳᠤ ᠬᠦᠷᠪᠠᠯ ᠲᠠᠰᠤᠷᠠᠯᠳᠠ ᠦᠭᠡᠢ ᠰᠢᠨ᠎ᠠ ᠪᠠᠢᠳᠠᠯ᠎ᠢ ᠡᠬᠦᠳᠴᠤ᠂ ᠰᠢᠨ᠎ᠠ ᠠᠬᠢᠴᠠ᠂ ᠰᠢᠨ᠎ᠠ ᠲᠠᠪᠠᠯᠳᠠ ᠲᠠᠢ ᠪᠤᠯᠵᠤ᠂ ᠡᠭᠦᠷᠭᠡ ᠬᠠᠷᠠᠯᠳᠠ ᠪᠠᠨ ᠨᠠᠩ ᠢᠯᠭᠤᠮ ᠤᠷᠤᠭᠰᠢᠳᠠᠢ ᠪᠠᠶᠠᠯᠠᠬᠦᠯᠵᠦ ᠴᠢᠳᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号