ᠤᠷᠳᠤᠰ ᠦᠷᠳᠡᠭᠡ 《ᠳᠤᠳᠤᠨᠤ ᠠᠶᠠᠯᠠᠯ᠎ᠤᠨ ᠦᠷᠳᠡᠭᠡ》 ᠬᠡᠬᠦ ᠦᠢᠯᠡᠴᠢᠯᠡᠭᠡ ᠪᠡᠨ ᠰᠢᠯᠢᠳᠡᠭᠵᠢᠬᠦᠯᠬᠦ ᠠᠵᠢᠯᠯᠠᠭ᠎ᠠ ᠡᠬᠢᠯᠡᠭᠦᠯᠪᠡ
2026-02-14 15:48:19
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆


QQ截图20260207120745.png


ᠴᠠᠭᠠᠨ ᠰᠠᠷ᠎ᠠ ᠬᠦᠷᠴᠦ ᠢᠷᠡᠬᠦ᠎ᠶᠢ ᠳᠠᠭᠠᠯᠳᠤᠨ᠂ ᠡᠯ᠎ᠡ ᠭᠠᠵᠠᠷ ᠤ᠋ᠨ ᠭᠠᠯᠳᠤ ᠳᠡᠷᠭᠡᠨ ᠤ᠋ ᠦᠷᠳᠡᠭᠡ ᠨᠢ ᠨᠢᠭᠡ ᠵᠢᠯ ᠤ᠋ᠨ ᠬᠠᠮᠤᠭ ᠤ᠋ᠨ ᠶᠠᠭᠠᠷᠠᠯᠳᠠᠢ ᠬᠤᠭᠤᠴᠠᠭ᠎ᠠ ᠪᠡᠨ ᠤᠭᠳᠤᠨ ᠠᠪᠤᠯ᠎ᠠ᠃ ᠤᠷᠳᠤᠰ ᠦᠷᠳᠡᠭᠡ ᠨᠢ ᠠᠶᠠᠨᠴᠢᠳ ᠤ᠋ᠨ ᠠᠮᠤᠷ ᠮᠡᠨᠳᠦ ᠪᠡᠷ ᠭᠡᠷ ᠲᠡᠭᠡᠨ ᠬᠠᠷᠢᠬᠤ ᠵᠢ ᠪᠠᠳᠤᠯᠠᠬᠤ ᠵᠢᠨ ᠳᠦᠯᠦᠭᠡ᠂ 《ᠳᠤᠳᠤᠨᠤ ᠠᠶᠠᠯᠠᠯ᠎ᠤᠨ ᠦᠷᠳᠡᠭᠡ》 ᠬᠡᠮᠡᠬᠦ ᠦᠢᠯᠡᠴᠢᠯᠡᠭᠡ ᠪᠡᠨ ᠰᠢᠯᠢᠳᠡᠭᠵᠢᠬᠦᠯᠬᠦ ᠠᠵᠢᠯᠯᠠᠭ᠎ᠠ ᠵᠢ ᠡᠬᠢᠯᠡᠬᠦᠯᠵᠦ᠂ ᠶᠠᠪᠤᠵᠤ ᠰᠠᠭᠤᠬᠤ ᠳ᠋ᠤ ᠳᠦᠬᠦᠮ ᠦᠭᠡᠢ ᠠᠶᠠᠨᠴᠢᠳ ᠢ᠋ ᠬᠠᠪᠰᠤᠷᠤᠨ ᠳᠡᠷᠭᠡᠨ ᠳ᠋ᠤ ᠭᠠᠷᠭᠠᠬᠤ᠂ ᠠᠰᠠᠭᠤᠨ ᠯᠠᠪᠯᠠᠬᠤ ᠦᠢᠯᠡᠴᠢᠯᠡᠭᠡ ᠬᠠᠩᠭᠠᠬᠤ ᠵᠡᠷᠭᠡ ᠡᠴᠡ ᠭᠠᠳᠠᠨ᠎ᠠ ᠪᠠᠰᠠ ᠠᠶᠠᠨᠴᠢᠳ ᠲᠤ᠌ ᠬᠤᠤᠰ ᠤᠶᠠᠩᠭ᠎ᠠ ᠬᠦᠷᠬᠡᠬᠦ᠂ ᠰᠤᠨᠢᠷᠬᠠᠯᠳᠤ ᠳᠤᠭᠯᠠᠭᠠᠮ ᠳ᠋ᠤ ᠤᠷᠤᠯᠴᠠᠪᠠᠯ ᠰᠤᠶᠤᠯ ᠤ᠋ᠨ ᠡᠬᠦᠳᠦᠯᠳᠡ ᠶ᠋ᠢᠨ ᠪᠦᠳᠦᠭᠡᠭᠳᠡᠬᠦᠨ ᠬᠦᠷᠬᠡᠬᠦ ᠵᠡᠷᠭᠡ ᠠᠵᠢᠯᠯᠠᠭ᠎ᠠ ᠵᠢ ᠶᠠᠪᠤᠭᠳᠠᠭᠤᠯᠤᠨ᠂ ᠠᠶᠠᠨᠴᠢᠳ ᠤ᠋ᠨ ᠠᠶᠠᠨ ᠵᠠᠮ ᠳ᠋ᠤ ᠬᠦᠷ ᠨᠠᠷᠬᠢᠶᠠᠨ ᠨᠡᠮᠡᠵᠦ᠂ ᠠᠮᠤᠷ ᠮᠠᠨᠳᠤ ᠪᠡᠷ ᠭᠡᠷ ᠲᠡᠭᠡᠨ ᠬᠠᠷᠢᠵᠤ ᠰᠢᠨᠡᠯᠡᠬᠦ ᠵᠢ ᠪᠠᠳᠤᠯᠠᠵᠤ ᠪᠠᠢᠨ᠎ᠠ᠃ ᠵᠢᠷᠤᠭ ᠪᠤᠯ ᠠᠵᠢᠯᠲᠠᠳ ᠡᠴᠡ ᠰᠤᠨᠢᠷᠬᠠᠯᠳᠤ ᠳᠤᠭᠯᠠᠭᠠᠮ ᠳ᠋ᠤ ᠤᠷᠤᠯᠴᠠᠭᠰᠠᠨ ᠠᠶᠠᠨᠴᠢᠳ ᠲᠤ᠌ ᠰᠤᠶᠤᠯ ᠤ᠋ᠨ ᠡᠬᠦᠳᠦᠯᠳᠡ ᠶ᠋ᠢᠨ ᠪᠦᠳᠦᠭᠡᠭᠳᠡᠬᠦᠨ ᠬᠦᠷᠬᠡᠵᠦ ᠪᠠᠢᠭ᠎ᠠ ᠨᠢ᠃ 

ᠰᠤᠷᠪᠤᠯᠵᠢᠯᠠᠭᠴᠢ  ᠪᠤᠶᠠᠠᠡᠨᠡᠷᠢᠯ  ᠰᠡᠬᠦᠳᠡᠷᠯᠡᠪᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号