ᠡᠮᠦᠨ᠎ᠡ ᠤᠮᠠᠷ᠎ᠠ ᠵᠢ ᠰᠤᠨᠳᠠᠯᠠᠬᠰᠠᠨ ᠠᠮᠳᠠᠳᠤ ᠢᠳᠡᠭᠡᠨ᠎ᠤ ᠤᠴᠠᠷᠠᠯ
2026-02-16 16:43:18
ᠵᠣᠬᠢᠶᠠᠭ᠍ᠴᠢ᠄
ᠪᠠᠢ ᠳ᠋ᠠᠨ
ᠣᠩᠱᠢᠭ᠍ᠰᠠᠨ ᠣᠳᠠᠭ᠎ᠠ᠄
★★★☆☆

ᠡᠨᠡ ᠴᠠᠭᠠᠨ ᠰᠠᠷ᠎ᠠ ᠎ᠳᠤ  ᠴᠧᠩᠳᠦ᠋᠎ᠶᠢᠨ ᠬᠡᠦᠬᠡᠨ ᠰᠢᠶᠠ ᠯᠢ ᠨᠢᠭᠡᠨ ᠣᠨᠴᠠᠭᠠᠢ ᠤᠳᠬ᠎ᠠ ᠠᠭᠤᠯᠭ᠎ᠠ᠎ᠲᠠᠢ ᠠᠵᠢᠯ ᠬᠢᠬᠦ ᠪᠡᠷ ᠲᠤᠭᠳᠠᠪᠠ — ᠨᠠᠢᠵᠠ ᠵᠠᠯᠠᠭᠤ ᠪᠠᠨ ᠲᠠᠭᠠᠵᠤ ᠥᠪᠥᠷ ᠮᠣᠩᠭᠣᠯ᠎ᠤᠨ ᠲᠦᠩᠯᠢᠶᠣᠣ᠎ᠬᠤᠳᠠ ᠳ᠋ᠤ ᠬᠦᠷᠴᠦ ᠰᠢᠨᠡᠯᠡᠨ᠎ᠡ᠃ ᠡᠨᠡ ᠪᠣᠯ ᠲᠡᠭᠦᠨ᠎ᠦ ᠠᠩᠬ᠎ᠠ ᠤᠳᠠᠭ᠎ᠠ ᠨᠤᠲᠤᠭ᠎ᠡᠴᠡ᠎ᠪᠠᠨ ᠰᠠᠯᠵᠤ᠂ ᠤᠮᠠᠷᠠᠲᠤ ᠣᠷᠣᠨ᠎ᠳᠤ ᠰᠢᠨᠡᠯᠡᠬᠦ ᠪᠡᠷ ᠪᠠᠢᠭ᠎ᠠ ᠶᠠᠪᠤᠳᠠᠯ ᠪᠣᠯᠣᠨ᠎ᠠ᠂ ᠮᠥᠨ ᠴᠦ᠍ ᠨᠠᠢᠵᠠ ᠵᠠᠯᠠᠭᠤ᠎ᠶᠢᠨ᠎ᠵᠢᠡᠨ ᠲᠦᠷᠦᠵᠦ ᠦᠰᠦᠭᠰᠡᠨ ᠭᠠᠵᠠᠷ᠎ᠲᠤ ᠠᠩᠬ᠎ᠠ ᠤᠳᠠᠭ᠎ᠠ ᠤᠴᠢᠵᠤ ᠪᠠᠢᠭ᠎ᠠ ᠶᠠᠪᠤᠳᠠᠯ ᠪᠣᠯᠣᠨ᠎ᠠ᠃

ᠴᠧᠩᠳᠦ᠋᠎ᠳᠦ ᠴᠠᠭᠠᠨ ᠰᠠᠷ᠎ᠠ᠎ᠪᠤᠯᠪᠠᠯ ᠬᠢᠮ᠎ᠠ ᠳᠠᠪᠤᠰᠤᠯᠠᠵᠤ ᠬᠠᠲᠠᠭᠠᠭᠰᠠᠨ ᠮᠢᠬ᠎ᠠ᠂ ᠦᠯᠵᠡᠢᠲᠦ ᠪᠤᠭᠤᠷᠰᠤᠭ ᠳᠤᠲᠠᠭᠳᠠᠵᠤ ᠪᠤᠯᠤᠰᠢ ᠦᠭᠡᠢ ᠶᠤᠮ᠂ ᠠᠢᠯ ᠪᠣᠯᠭᠠᠨ ᠤᠳᠤᠮᠠᠯ ᠠᠮᠲᠠ ᠲᠠᠢ ᠬᠤᠯᠢᠮᠠᠭ ᠵᠠᠭᠤᠰᠢ᠂ ᠴᠢᠨᠠᠭᠰᠠᠨ ᠵᠢᠭᠠᠰᠤ ᠵᠡᠷᠭᠡ ᠡᠩ᠎ᠦᠨ ᠨᠣᠭᠣᠭ᠎ᠠ ᠪᠡᠯᠡᠳᠬᠡᠵᠦ᠂ ᠵᠡᠭᠡᠯᠢ ᠭᠤᠳᠤᠮᠵᠢ᠎ᠪᠠᠷ ᠭᠤᠱᠤᠭᠤᠨ ᠰᠣᠷᠭᠣᠭ ᠦᠨᠦᠷ ᠬᠠᠩᠬᠤᠯᠤᠨ᠎ᠠ᠂ ᠰᠦᠮ᠎ᠡ᠎ᠶᠢᠨ ᠴᠤᠭᠯᠠᠭᠠᠨ᠂ ᠦᠨᠭᠭᠡᠲᠦ ᠳ᠋ᠸᠨᠭᠯᠦ ᠰᠤᠨᠢᠷᠬᠠᠬᠤ᠂ ᠴᠠᠢ ᠴᠢᠨᠠᠬᠤ ᠵᠡᠷᠭᠡ ᠨᠢ ᠡᠮᠦᠨᠡᠲᠦ ᠣᠷᠣᠨ᠎ᠳᠤ ᠣᠨᠴᠠ ᠪᠠᠢᠳᠠᠭ ᠴᠠᠭᠠᠨ ᠰᠠᠷ᠎ᠠ᠎ᠶᠢᠨ ᠦᠨᠦᠷ ᠠᠮᠲᠠ ᠪᠣᠯᠣᠨ᠎ᠠ᠃ ᠡᠢᠮᠦᠷᠬᠥᠤ  ᠡᠮᠦᠨᠡᠲᠦ ᠣᠷᠣᠨ᠎ᠤ ᠢᠳᠡᠭᠡᠨ ᠤᠮᠳᠠᠭᠠᠨ ᠬᠢᠭᠡᠳ ᠤᠷᠢᠨ ᠳᠤᠯᠠᠭᠠᠨ ᠠᠭᠤᠷ ᠠᠮᠢᠰᠬᠤᠯ᠎ᠳᠤ ᠳᠠᠳᠤᠭᠰᠠᠨ ᠰᠢᠶᠠ ᠯᠢ᠂ ᠲᠦᠩᠯᠢᠶᠣᠣ᠎ᠳᠤ ᠰᠠᠶᠢ ᠬᠦᠷᠬᠦ ᠳ᠋ᠡᠭᠡᠨ ᠢᠳᠡᠵᠦ ᠳᠠᠳᠬᠤ ᠦᠭᠡᠢ᠂ ᠰᠠᠭᠤᠵᠤ ᠳᠠᠳᠬᠤ ᠦᠭᠡᠢ ᠡᠴᠡ ᠪᠠᠨ ᠵᠢᠭᠠᠬᠠᠨ ᠰᠠᠨᠠᠭᠠᠰᠢᠷᠠᠵᠤ ᠪᠠᠢᠪᠠ᠃ ᠭᠡᠪᠡᠴᠦ ᠨᠠᠢᠵᠠ ᠵᠠᠯᠠᠭᠤ᠎ᠵᠢᠨ ᠵᠢᠡᠨ ᠭᠡᠷ᠎ᠲᠦ ᠠᠯᠬᠤᠨ ᠣᠷᠣᠭᠰᠠᠨ ᠲᠡᠷᠡ ᠮᠥᠴᠡ᠎ᠡᠴᠡ ᠡᠬᠢᠯᠡᠨ ᠬᠠᠯᠠᠭᠤᠨ ᠪᠤᠯᠢᠶᠡᠨ ᠪᠤᠳᠠᠭ᠎ᠠ ᠨᠣᠭᠣᠭ᠎ᠠ ᠪᠣᠯᠣᠨ ᠨᠢᠭᠡ ᠭᠡᠷ᠎ᠦᠨ ᠬᠥᠮᠥᠰ᠎ᠦᠨ ᠬᠠᠯᠠᠭᠤᠮᠰᠤᠭ ᠵᠤᠴᠢᠯᠠᠯ ᠳ᠋ᠤ᠌ ᠠᠯᠢᠪᠠ ᠰᠠᠨᠠᠭᠠᠰᠢᠷᠠᠯ ᠵᠤᠪᠠᠨᠢᠯ ᠨᠢ ᠠᠷᠢᠯᠵᠤ ᠤᠳᠤᠭᠰᠠᠨ ᠪᠠᠢᠨ᠎ᠠ᠃

ᠲᠦᠩᠯᠢᠶᠣᠣ᠎ᠳᠤ ᠪᠠᠢᠬᠤ ᠡᠨᠡ ᠬᠡᠳᠦᠨ ᠡᠳᠦᠷ ᠰᠢᠶᠠ ᠯᠢ᠎ᠳᠦ ᠬᠠᠮᠤᠭ᠎ᠤᠨ ᠭᠦᠨ ᠰᠠᠭᠤᠭᠳᠠᠯ ᠥᠭᠭᠦᠭᠰᠡᠨ ᠨᠢ ᠬᠣᠭᠣᠯᠠᠨ ᠰᠢᠷᠡᠭᠡᠨ ᠳᠡᠭᠡᠷᠡᠬᠢ ᠠᠮᠲᠠᠲᠤ ᠢᠳᠡᠭᠡᠨ ᠪᠤᠯᠤᠨ᠎ᠠ᠃ ᠨᠠᠢᠵᠠ ᠵᠠᠯᠠᠭᠤ᠎ᠶᠢᠨ ᠬᠢᠨ ᠭᠡᠷ᠎ᠦᠨ ᠬᠥᠮᠥᠰ ᠨᠢ ᠮᠠᠰᠢ ᠬᠠᠯᠠᠭᠤᠮᠰᠤᠭ ᠪᠠᠢᠵᠤ᠂ ᠬᠣᠯᠠ᠎ᠡᠴᠡ ᠢᠷᠡᠭᠰᠡᠨ ᠲᠡᠭᠦᠨ ᠳ᠋ᠤ ᠡᠳᠦᠷ ᠪᠦᠷᠢ ᠶᠠᠩᠵᠤ ᠪᠦᠷᠢ᠎ᠶᠢᠨ ᠨᠤᠲᠤᠭ᠎ᠤᠨ ᠣᠨᠴᠠᠯᠢᠭ᠋᠎ᠲᠠᠢ ᠢᠳᠡᠭᠡᠨ ᠬᠢᠵᠦ ᠥᠭᠭᠦᠨ᠎ᠡ᠃ ᠰᠠᠶᠢ ᠭᠠᠷᠭᠠᠭᠰᠠᠨ ᠦᠬᠡᠷ ᠬᠣᠨᠢᠨ ᠮᠢᠬ᠎ᠠ᠎ᠶᠢᠨ ᠬᠢᠬᠦ ᠠᠷᠭ᠎ᠠ ᠨᠢ ᠳᠥᠭᠥᠮ ᠮᠦᠷᠲᠡᠭᠡᠨ ᠦᠨᠦᠷ ᠠᠮᠲᠠ ᠨᠢ ᠰᠤᠷᠭᠤᠭ ᠢᠳᠡᠬᠦ ᠳ᠋ᠤ ᠵᠦᠭᠡᠯᠡᠨ ᠪᠠᠢᠵᠤ᠂ ᠲᠡᠭᠦᠨ᠎ᠦ ᠦᠨᠭᠭᠡᠷᠡᠭᠰᠡᠨ ᠳ᠋ᠤ ᠭᠠᠳᠠᠷ ᠣᠷᠣᠨ᠎ᠳᠤ ᠢᠳᠡᠭᠰᠡᠨ ᠮᠢᠬᠠᠨ᠎ᠤ ᠠᠮᠲᠠ᠎ᠲᠠᠢ ᠪᠦᠷᠢᠮᠦᠰᠦᠨ ᠠᠳᠠᠯᠢ ᠦᠭᠡᠢ ᠪᠠᠢᠪᠠ᠃ ᠡᠬᠢᠨ ᠳ᠋ᠡᠭᠡᠨ ᠲᠡᠷᠡ ᠢᠳᠡᠵᠦ ᠳᠠᠳᠬᠤ ᠦᠭᠡᠢ᠎ᠡᠴᠡ ᠠᠶᠤᠵᠤ ᠪᠠᠢᠵᠠᠢ᠂ ᠭᠡᠲᠡᠯ᠎ᠡ ᠠᠮᠲᠠᠯᠠᠭᠰᠠᠨ᠎ᠤ ᠳᠠᠷᠠᠭ᠎ᠠ ᠵᠣᠭᠰᠣᠵᠤ ᠳᠡᠢᠯᠬᠦ ᠦᠭᠡᠢ ᠪᠤᠯᠵᠤ᠂ ᠦᠨᠡᠭᠡᠷ ᠠᠮᠲᠠᠲᠠᠢ ᠭᠡᠵᠦ ᠮᠠᠭᠲᠠᠵᠦ ᠯᠡ ᠪᠠᠢᠪᠠ᠃

ᠮᠢᠬᠠᠨ᠎ᠤ ᠵᠦᠶ᠋ᠯ᠎ᠡᠴᠡ ᠭᠠᠳᠠᠨ᠎ᠠ ᠲᠤᠬᠠᠶ᠎ᠶ᠋ᠢᠨ ᠭᠠᠵᠠᠷ᠎ᠤᠨ ᠰᠦ᠎ᠲᠡᠶ ᠴᠠᠢ ᠪᠠ ᠡᠯ᠎ᠡ ᠵᠦᠶ᠋ᠯ᠎ᠦᠨ ᠴᠠᠭᠠᠨ ᠢᠳᠡᠭᠡᠨ ᠨᠢ ᠱᠢᠶᠠ ᠯᠢ᠎ᠶ᠋ᠢᠨ ᠬᠠᠷᠠᠭ᠎ᠠ ᠵᠢ ᠳᠡᠯᠡᠵᠡᠢ᠃ 《ᠰᠦ ᠲᠡᠶ ᠴᠠᠢ ᠤᠤᠯ ᠨᠢ ᠱᠢᠬᠢᠷᠯᠢᠭ ᠪᠢᠰᠢ ᠬᠠᠷᠢᠨ ᠱᠣᠷᠪᠣᠭ ᠠᠮᠳᠠ ᠲᠠᠢ ᠪᠠᠢᠬᠰᠠᠨ ᠤᠤ? ᠳᠤᠳᠤᠷ᠎ᠠ ᠨᠢ ᠪᠠᠰᠠ ᠬᠠᠭᠤᠷᠠᠭ᠍ᠰᠠᠨ ᠪᠤᠳᠠᠭ᠎ᠠ ᠪᠠ ᠥᠷᠥᠮ᠎ᠡ ᠲᠠᠢ ᠭᠡᠨ᠎ᠡ᠎ᠤᠤ?》 ᠡᠳᠡᠭᠡᠷ ᠠᠰᠠᠭᠤᠯᠳᠠ ᠵᠢ ᠡᠪᠦᠷᠯᠡᠨ ᠱᠢᠶᠠ ᠯᠢ ᠥᠪᠥᠷ ᠮᠣᠩᠭᠣᠯ᠎ᠤᠨ ᠤᠯᠠᠮᠵᠢᠯᠠᠯᠲᠤ ᠰᠦ ᠲᠡᠶ ᠴᠠᠶ᠎ᠶ᠋ᠢ ᠤᠭᠤᠴᠢᠭᠰᠠᠨ ᠳᠡᠷᠡ ᠭᠱᠠᠨ᠂ ᠴᠠᠶ᠎ᠪᠣᠯᠤᠨ ᠰᠦ᠎ᠶᠢᠨ ᠠᠩᠬᠢᠯᠤᠮ᠎ᠠ ᠦᠨᠦᠷ ᠰᠡᠩᠬᠢᠨᠡᠵᠦ᠂ ᠱᠣᠷᠪᠣᠭ ᠪᠤᠯᠪᠠᠴᠤ ᠰᠣᠷᠭᠣᠭ ᠠᠮᠳᠠ ᠠᠮᠳᠠᠯᠠᠭᠳᠠᠵᠤ᠂ ᠲᠡᠭᠦᠨ᠎ᠦ 《ᠰᠦ ᠲᠡᠶ ᠴᠠᠶ = ᠱᠢᠬᠢᠷᠯᠢᠭ ᠤᠮᠳᠠᠭᠠᠨ》 ᠭᠡᠬᠦ ᠪᠤᠳᠤᠯ᠎ᠢ ᠨᠢ ᠳᠤᠢᠯᠪᠤᠷᠢᠳᠠᠢ ᠬᠤᠪᠢᠷᠠᠭᠤᠯᠪᠠ᠃

ᠡᠨᠡ ᠬᠡᠳᠦᠨ ᠡᠳᠦᠷ ᠱᠢᠶᠠ ᠯᠢ ᠠᠮᠲᠠᠲᠤ ᠢᠳᠡᠭᠡᠨ᠎ᠤ ᠳᠠᠯᠠᠢ ᠪᠡᠷ ᠲᠠᠪᠠᠳᠠᠢᠬᠠᠨ《ᠤᠮᠪᠠᠵᠤ》 ᠪᠠᠢᠨ᠎ᠠ᠃ ᠬᠡᠷ᠎ᠤᠨ ᠬᠠᠭᠤᠷᠤᠯᠭ᠎ᠠ᠂ ᠲᠤᠬᠠᠶ᠎ᠶ᠋ᠢᠨ ᠭᠠᠵᠠᠷ᠎ᠤᠨ ᠤᠨᠴᠠᠯᠢᠭ᠍ᠳᠤ ᠲᠥᠬᠥᠮ ᠢᠳᠡᠭᠡᠨ᠂ ᠲᠥᠷᠥᠯ ᠰᠠᠳᠤᠨ᠎ᠢᠶᠠᠨ ᠡᠷᠬᠢᠨ ᠦᠵᠡᠵᠦ᠍ ᠨᠠᠢᠵᠠ ᠨᠥᠬᠥᠳ ᠲᠠᠢ ᠪᠠᠨ ᠵᠤᠯᠭᠠᠬᠤ᠎ᠳᠦ ᠢᠳᠡᠭ᠌ᠰᠡᠨ ᠬᠣᠭᠣᠯᠠ ᠪᠤᠳᠠᠭ᠎ᠠ᠎ᠨᠢ ᠴᠥᠮ ᠲᠡᠭᠦᠨ᠎ᠳᠦ ᠰᠢᠨᠡᠬᠡᠨ ᠰᠡᠷᠡᠭᠳᠡᠯ ᠤᠯᠭᠤᠵᠠᠢ᠃ ᠳᠠᠳᠠᠮᠠᠯ ᠮᠢᠨᠳᠤᠤᠷ᠂ ᠦᠬᠡᠷ᠎ᠦᠨ ᠪᠣᠷᠴᠠ᠂ ᠪᠤᠷᠴᠠᠭᠳᠤ ᠨᠠᠩᠭᠢ ᠪᠤᠤᠪᠤ ᠭᠡᠬᠦ ᠵᠡᠷᠭᠡ ᠠᠮᠳᠠ ᠰᠢᠮᠳᠡ ᠲᠠᠢ ᠢᠳᠡᠭᠡᠨ᠎ᠢ ᠡᠮᠬᠦᠬᠦ ᠪᠤᠯᠭᠠᠨ᠎ᠳᠦ ᠠᠮᠢᠳᠤᠷᠠᠯ᠎ᠤᠨ ᠦᠨᠦᠷ ᠠᠮᠳᠠ ᠦᠳᠬᠡᠨ ᠪᠠᠢᠯ᠎ᠠ᠃ ᠴᠧᠩᠳᠥ᠋᠎ᠶᠢᠨ ᠴᠠᠭᠠᠨ ᠰᠠᠷ᠎ᠠ᠎ᠪᠠᠷ ᠢᠳᠡᠳᠡᠭ ᠦᠯᠵᠡᠢᠳᠦ ᠪᠤᠭᠤᠷᠰᠤᠭ᠂ ᠬᠦᠢᠲᠡᠨ ᠵᠠᠭᠤᠰᠢ ᠵᠡᠷᠭᠡ᠎ᠲᠠᠶ ᠬᠠᠷᠢᠴᠠᠭᠤᠯᠪᠠᠯ ᠲᠦᠩᠯᠢᠶᠣᠤ᠎ᠶ᠋ᠢᠨ ᠠᠮᠲᠠᠲᠤ ᠢᠳᠡᠭᠡᠨ᠎ᠦ ᠬᠡᠮᠵᠢᠶ᠎ᠡ ᠨᠢ ᠶᠡᠬᠡ᠂ ᠦᠨᠦᠷ ᠠᠮᠲᠠ ᠨᠢ ᠬᠠᠩᠬᠤᠯᠤᠮ᠎ᠠ ᠪᠠᠢᠵᠤ᠂ ᠡᠮᠦᠨᠡᠳᠦ ᠤᠮᠠᠷᠠᠲᠤ᠎ᠶ᠋ᠢᠨ ᠢᠳᠡᠭᠡᠨ ᠤᠮᠳᠠᠭᠠᠨ᠎ᠤ ᠵᠥᠷᠢᠶ᠎ᠡ ᠨᠢ ᠲᠡᠭᠦᠨ᠎ᠳᠦ ᠱᠢᠨ᠎ᠡ ᠵᠢᠯ᠎ᠦᠨ ᠵᠠᠩ ᠳᠠᠳᠭᠠᠯ᠎ᠤᠨ ᠲᠠᠲᠠᠬᠤ ᠬᠦᠴᠦᠨ᠎ᠢ ᠮᠡᠳᠡᠷᠡᠭᠦᠯᠵᠡᠢ᠃ ᠨᠠᠢᠵᠠ ᠵᠠᠯᠠᠭᠤ ᠮᠠᠨᠢ ᠳᠠᠩᠳᠠ ᠨᠤᠲᠤᠭ᠎ᠤᠨ᠎ᠢᠶᠡᠨ ᠠᠮᠲᠠᠲᠦ ᠢᠳᠡᠭᠡᠨ᠎ᠢ ᠮᠠᠭᠳᠠᠳᠠᠭ᠂ ᠡᠨᠡ ᠤᠳᠠᠭ᠎ᠠ ᠠᠮᠳᠠᠯᠠᠵᠤ ᠦᠵᠡᠭᠡᠳ ᠳᠡᠳᠡᠭᠡᠷ ᠶᠠᠷᠢᠶ᠎ᠠ ᠨᠢ ᠬᠤᠳᠠᠯ ᠪᠢᠰᠢ ᠭᠡᠳᠡᠭ᠎ᠢ ᠮᠡᠳᠡᠵᠡᠢ ᠭᠡᠵᠦ ᠱᠢᠶᠠ ᠯᠢ ᠢᠨᠢᠶᠡᠮᠰᠦᠭᠯᠡᠨ ᠶᠠᠷᠢᠯ᠎ᠠ᠃

ᠰᠢᠶᠠ ᠯᠢ᠎ᠳᠦ ᠠᠪᠴᠤ ᠬᠡᠯᠡᠪᠡᠯ ᠡᠨᠡ ᠤᠳᠠᠭ᠎ᠠ ᠨᠠᠢᠵᠠ ᠵᠠᠯᠠᠭᠤ ᠵᠢᠨ᠎ᠢᠶᠡᠨ ᠭᠡᠷ᠎ᠲᠦ ᠢᠷᠡᠭᠡᠳ ᠬᠠᠮᠤᠭ᠎ᠤᠨ ᠡᠷᠬᠢᠮ ᠨᠠᠨᠳᠢᠨ ᠰᠠᠨᠠᠭᠳᠠᠭᠰᠠᠨ ᠨᠢ ᠣᠯᠠᠨ ᠠᠮᠲᠠᠲᠤ ᠢᠳᠡᠭᠡᠨ ᠢᠳᠡᠭᠰᠡᠨ ᠲᠡᠳᠦᠢ ᠪᠢᠰᠢ᠂ ᠬᠠᠷᠢᠨ ᠤᠮᠠᠷᠠᠲᠤ ᠣᠷᠣᠨ᠎ᠤ ᠭᠡᠷ ᠪᠦᠯᠢ᠎ᠶᠢᠨ ᠰᠢᠨᠡᠯᠡᠬᠦ᠎ᠪᠡᠷ ᠪᠡᠯᠡᠳᠬᠡᠵᠦ ᠪᠠᠢᠭ᠎ᠠ ᠬᠥᠷ ᠨᠠᠷᠭᠢᠶᠠᠨ ᠪᠠ ᠬᠠᠯᠠᠭᠤᠨ ᠳᠤᠯᠠᠭᠠᠨ᠎ᠢ ᠮᠡᠳᠡᠷᠡᠵᠤ ᠤᠯᠤᠭᠰᠠᠨ ᠶᠠᠪᠤᠳᠠᠯ ᠪᠠᠢᠯ᠎ᠠ᠃ ᠭᠡᠷ ᠪᠦᠯᠢ ᠪᠡᠷ᠎ᠢᠶᠡᠨ ᠲᠣᠭᠣᠷᠢᠨ ᠰᠠᠭᠤᠵᠤ᠂ ᠬᠤᠭᠤᠯᠠ ᠢᠳᠡᠨ ᠵᠣᠭᠣᠭᠳᠠᠵᠤ᠂ ᠥᠩᠭᠡᠷᠡᠭᠰᠡᠨ ᠨᠢᠭᠡ ᠵᠢᠯ᠎ᠦᠨ ᠰᠣᠨᠢᠷᠬᠠᠯᠲᠠᠢ ᠤᠴᠢᠷ᠎ᠢᠶᠠᠨ ᠶᠠᠷᠢᠵᠤ᠂ ᠰᠢᠨ᠎ᠡ ᠨᠢᠭᠡ ᠵᠢᠯ᠎ᠦᠨ ᠲᠥᠯᠥᠪᠯᠡᠭᠡ᠎ᠪᠡᠨ ᠶᠠᠷᠢᠯᠴᠠᠵᠤ᠂ ᠠᠬᠠᠮᠠᠳ ᠨᠠᠰᠤᠲᠠᠳ ᠲᠡᠭᠦᠨ᠎ᠳᠦ ᠪᠠᠢᠨ ᠪᠠᠢᠨ ᠨᠣᠭᠣᠭ᠎ᠠ ᠰᠠᠪᠬᠠᠯᠠᠨ᠂ ᠢᠯᠡᠭᠦᠬᠡᠨ ᠢᠳᠡᠭᠡᠷᠡᠢ ᠭᠡᠵᠦ ᠵᠠᠬᠢᠨ᠎ᠠ᠂ ᠡᠨᠡ ᠮᠡᠲᠦ ᠬᠥᠮᠥᠰ ᠲᠦ᠍ ᠰᠠᠨᠠᠵᠤ ᠬᠠᠢᠷᠠᠯᠠᠭᠳᠠᠬᠤ ᠨᠢ ᠲᠡᠭᠦᠨ᠎ᠤ ᠰᠡᠳᠬᠢᠯ᠎ᠳᠦ ᠬᠠᠷᠢ ᠨᠤᠲᠤᠭ᠎ᠲᠦ ᠪᠠᠢᠭ᠎ᠠ ᠲᠠᠨᠢᠯ ᠪᠤᠰᠤ ᠲᠥᠷᠥᠭᠳᠡᠯ ᠣᠭᠲᠣᠬᠠᠨ ᠴᠦ᠍ ᠦᠭᠡᠢ ᠪᠠᠢᠯ᠎ᠠ᠃

ᠬᠦᠮᠦᠨ ᠬᠠᠷ᠎ᠠ ᠰᠢᠬᠠᠯᠳᠤᠭᠰᠠᠨ ᠦᠵᠡᠮᠵᠢ᠎ᠶᠢᠨ ᠣᠷᠣᠨ ᠭᠡᠵᠦ ᠪᠠᠢᠬᠤ ᠦᠭᠡᠢ᠂ ᠶᠠᠲᠠᠷᠠᠭᠠᠨ ᠲᠠᠢ ᠠᠶᠠᠯᠠᠯ  ᠭᠡᠵᠦ ᠪᠠᠢᠬᠤ ᠦᠭᠡᠢ᠂ ᠲᠦᠩᠯᠢᠶᠣᠣ᠎ᠳᠡᠬᠢ ᠡᠨᠡ ᠬᠡᠳᠦᠨ ᠡᠳᠦᠷ᠎ᠢ ᠰᠢᠶᠠ ᠯᠢ ᠮᠠᠰᠢ ᠳᠦᠭᠦᠮᠬᠡᠨ ᠮᠥᠷᠲᠡᠭᠡᠨ ᠲᠠᠭᠠᠲᠠᠢ ᠥᠩᠭᠡᠷᠡᠭᠦᠯᠵᠡᠢ᠃ ᠨᠠᠢᠵᠠ ᠵᠠᠯᠠᠭᠤ᠎ᠲᠠᠢ᠎ᠪᠠᠨ ᠬᠠᠮᠲᠤ ᠲᠦᠷᠦᠯ ᠰᠠᠳᠤᠨ ᠨᠠᠢᠵᠠ ᠨᠥᠬᠥᠳ᠎ᠲᠠᠢ᠎ᠪᠡᠨ ᠠᠭᠤᠯᠵᠠᠵᠤ᠂ ᠨᠠᠢᠵᠠ ᠵᠠᠯᠠᠭᠤ᠎ᠶᠢᠨ᠎ᠢᠶᠠᠨ ᠨᠤᠲᠤᠭ᠎ᠤᠨ ᠬᠢᠨᠢ ᠵᠡᠭᠡᠯᠢ ᠭᠤᠳᠤᠮᠵᠢ ᠪᠡᠷ ᠲᠤᠭᠤᠷᠢᠨ ᠦᠵᠡᠨ᠎ᠡ᠂ ᠲᠤᠬᠠᠢ᠎ᠶᠢᠨ ᠭᠠᠵᠠᠷ᠎ᠤᠨ ᠰᠢᠨᠡᠯᠡᠬᠦ ᠠᠭᠤᠷ ᠠᠮᠢᠰᠬᠤᠯ᠎ᠢ ᠮᠡᠳᠡᠷᠡᠵᠦ᠂ ᠨᠠᠢᠵᠠ ᠵᠠᠯᠠᠭᠤ᠎ᠶᠢᠨ᠎ᠢᠶᠠᠨ ᠭᠡᠷ᠎ᠦᠨ ᠬᠥᠮᠥᠰ᠎ᠲᠠᠢ ᠬᠠᠮᠲᠤ ᠰᠢᠨ᠎ᠡ ᠵᠢᠨ ᠪᠠᠷᠠᠭ᠎ᠠ ᠬᠤᠳᠠᠯᠳᠤᠨ ᠠᠪᠴᠤ᠂ ᠵᠣᠭᠣᠭ ᠳᠡᠯᠭᠡᠨ᠎ᠡ ᠁ ᠵᠢᠷ᠎ᠤᠨ ᠨᠢᠭᠡᠨ ᠴᠠᠭ ᠮᠦᠴᠡ ᠨᠢ ᠴᠦ᠍ ᠲᠡᠭᠦᠨ᠎ᠳᠦ ᠲᠤᠢᠯ᠎ᠤᠨ ᠵᠣᠯ ᠵᠢᠷᠭᠠᠯ᠎ᠲᠠᠢ ᠰᠠᠨᠠᠭᠳᠠᠨ᠎ᠠ᠃

ᠰᠢᠶᠠ ᠯᠢ᠂ ᠴᠧᠩᠳᠦ᠋᠎ᠶᠢᠨ ᠴᠠᠭᠠᠨ ᠰᠠᠷ᠎ᠠ ᠲᠦᠩᠯᠢᠶᠣᠣ᠎ᠶᠢᠨ ᠴᠠᠭᠠᠨ ᠰᠠᠷ᠎ᠠ᠎ᠲᠠᠢ ᠨᠡᠯᠢᠶᠡᠳ ᠦᠭᠡᠷ᠎ᠡ ᠪᠠᠢᠳᠠᠭ᠃ ᠡᠮᠦᠨᠡᠲᠦ ᠣᠷᠣᠨ᠎ᠤ ᠴᠠᠭᠠᠨ ᠰᠠᠷ᠎ᠠ ᠵᠢᠨ ᠦᠨᠦᠷ ᠠᠮᠳᠠ ᠤᠷᠠᠨ ᠵᠥᠭᠡᠯᠡᠨ᠂ ᠤᠮᠠᠷᠠᠲᠤ ᠣᠷᠣᠨ᠎ᠤ ᠬᠢ ᠠᠰᠪᠤᠷ ᠰᠢᠯᠤᠭᠤᠨ ᠪᠠᠢᠵᠤ᠂ ᠢᠳᠡᠭᠡᠨ ᠤᠮᠳᠠᠭᠠᠨ ᠪᠠ ᠵᠠᠩ ᠳᠠᠳᠬᠠᠯ ᠨᠢ ᠴᠦ᠍ ᠥᠪᠡᠷ ᠥᠪᠡᠷ᠎ᠦᠨ ᠣᠨᠴᠠᠯᠢᠭ᠋᠎ᠲᠠᠢ᠂ ᠭᠡᠪᠡᠴᠦ ᠳᠤᠯᠠᠭᠠᠨ ᠪᠦᠯᠢᠶᠡᠨ ᠪᠥᠭᠡᠳ ᠬᠥᠷ ᠨᠠᠷᠭᠢᠶᠠᠨ᠎ᠲᠠᠢ ᠪᠠᠢᠳᠠᠭ ᠵᠢᠡᠷ᠎ᠢᠶᠡᠨ ᠠᠳᠠᠯᠢᠬᠠᠨ ᠪᠠᠢᠳᠠᠭ ᠭᠡᠵᠤ ᠶᠠᠷᠢᠯ᠎ᠠ᠃ ᠡᠨᠡ ᠤᠳᠠᠭ᠎ᠠ᠎ᠶᠢᠨ ᠲᠦᠩᠯᠢᠶᠣᠣ᠎ᠳᠤ ᠰᠢᠨᠡᠯᠡᠭᠰᠡᠨ ᠥᠩᠭᠡᠷᠡᠯᠲᠡ ᠨᠢ ᠲᠡᠭᠦᠨ᠎ᠳᠦ ᠮᠠᠷᠲᠠᠭᠳᠠᠰᠢ ᠦᠭᠡᠢ ᠳᠤᠷᠠᠳᠬᠠᠯ ᠪᠣᠯᠬᠤ ᠨᠢ ᠯᠠᠪᠲᠠᠢ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号