ᠡᠨᠡ ᠵᠢᠯ᠎ᠤᠨ ᠴᠠᠭᠠᠨ ᠰᠠᠷ᠎ᠠ᠎ᠳᠤ ᠥᠪᠥᠷ ᠮᠣᠩᠭᠣᠯ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶ᠋ᠢᠨ ᠴᠠᠭ᠍ᠳᠠᠭ᠎ᠠ ᠦᠩᠭᠡᠷᠡᠭᠰᠡᠨ ᠲᠠᠢ ᠪᠡᠨ ᠠᠳᠠᠯᠢ ᠪᠡᠷ ᠠᠵᠢᠯ᠎ᠤᠨ ᠪᠠᠢᠷᠢ ᠪᠠᠨ ᠪᠠᠲᠤ ᠰᠠᠬᠢᠪᠠ᠄ ᠤᠢ ᠱᠢᠭᠤᠢ᠎ᠶ᠋ᠢᠨ ᠭᠦᠨ᠎ᠳᠦ ᠴᠠᠰᠤᠨ ᠲᠤᠮᠳᠠᠭᠤᠷ ᠬᠢᠯᠢ ᠴᠠᠭ᠍ᠳᠠᠨᠠ; ᠭᠣᠪᠢ᠎ᠶ᠋ᠢᠨ ᠦᠷᠦᠴᠡᠨ᠎ᠳᠤ ᠡᠳᠦᠷ ᠰᠦᠨᠢ ᠦᠭᠡᠢ ᠵᠢᠵᠢᠭᠦᠷᠯᠡᠨ᠎ᠡ; ᠬᠢᠯᠢ᠎ᠶ᠋ᠢᠨ ᠭᠤᠤᠯ᠎ᠤᠨ ᠬᠥᠪᠡᠭᠡᠨ᠎ᠳᠦ ᠨᠠᠷᠢᠨ ᠬᠢᠨᠠᠮᠠᠭᠠᠢ ᠪᠠᠷᠠᠯᠠᠨ᠎ᠠ; ᠤᠯᠤᠰ᠎ᠤᠨ ᠡᠭᠦᠳᠡᠨ᠎ᠦ ᠳᠣᠣᠷ᠎ᠠ ᠲᠡᠷᠢ ᠲᠡᠭᠰᠢ ᠬᠠᠷᠠᠭᠤᠯ ᠵᠤᠬᠰᠤᠨ᠎ᠠ᠃ ᠲᠡᠳᠡ 《ᠬᠢᠯᠢ ᠬᠢᠵᠠᠭᠠᠷᠲᠤ ᠪᠢ ᠪᠤᠢ᠂ ᠡᠬᠡ ᠤᠯᠤᠰ ᠮᠢᠨᠢ ᠰᠠᠨᠠᠭ᠎ᠠ ᠠᠮᠤᠷ ᠪᠠᠢᠭᠠᠷᠠᠢ》 ᠭᠡᠰᠡᠨ ᠲᠠᠩᠭᠠᠷᠢᠭ᠎ᠢᠶᠠᠨ ᠨᠠᠢ᠍ᠮᠠᠨ ᠮᠢᠩᠭᠠᠨ ᠭᠠᠵᠠᠷ᠎ᠤᠨ ᠬᠢᠯᠢ᠎ᠶ᠋ᠢᠨ ᠱᠤᠭᠤᠮ ᠳᠡᠭᠡᠷ᠎ᠡ ᠰᠡᠢᠯᠵᠦ᠍᠂ ᠭᠡᠷ ᠤᠷᠤᠨ ᠠᠮᠤᠷ ᠮᠡᠨᠳᠤ᠂ ᠠᠷᠠᠳ ᠲᠦᠮᠡᠨ ᠠᠮᠤᠷ ᠲᠤᠭᠲᠠᠭᠤᠨ ᠪᠠᠢᠬᠤ᠎ᠶ᠋ᠢ ᠬᠠᠮᠠᠭᠠᠯᠠᠪᠠ᠃
ᠬᠢᠯᠢ᠎ᠶ᠋ᠢᠨ ᠬᠥᠱᠢᠶ᠎ᠡ᠎ᠶ᠋ᠢᠨ ᠬᠠᠵᠠᠭᠤ᠎ᠳᠤ ᠴᠠᠭᠠᠨ ᠰᠠᠷ᠎ᠠ᠎ᠶ᠋ᠢᠨ ᠠᠮᠤᠷ ᠠᠮᠤᠭᠤᠯᠠᠩ᠎ᠢ ᠠᠯᠬᠤᠭ᠎ᠠ ᠪᠡᠷ᠎ᠢᠶᠡᠨ ᠰᠠᠬᠢᠨ ᠬᠠᠮᠠᠭᠠᠯᠠᠨ᠎ᠠ
ᠤᠯᠤᠰ᠎ᠤᠨ ᠪᠠᠲᠤᠯᠠᠨ ᠬᠠᠮᠠᠭᠠᠯᠠᠯᠲᠠ ᠦᠭᠡᠢ ᠪᠣᠯ ᠤᠯᠤᠰ ᠤᠷᠤᠨ ᠣᠷᠣᠱᠢᠨ ᠲᠣᠭ᠍ᠲᠠᠨᠢᠵᠤ ᠴᠢᠳᠠᠬᠤ ᠦᠭᠡᠢ᠂ ᠬᠢᠯᠢ ᠬᠢᠵᠠᠭᠠᠷ ᠲᠤ᠌ ᠬᠠᠮᠠᠭᠠᠯᠠᠯᠲᠠ ᠦᠭᠡᠢ ᠪᠣᠯ ᠠᠮᠤᠷ ᠲᠠᠢᠪᠤᠩ ᠪᠠᠢᠵᠤ ᠴᠢᠳᠠᠬᠤ ᠦᠭᠡᠢ᠃ ᠥᠪᠥᠷ ᠮᠣᠩᠭᠣᠯ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶ᠋ᠢᠨ ᠴᠠᠭ᠍ᠳᠠᠭ᠎ᠠ᠎ᠳᠤ ᠠᠪᠴᠤ᠌ ᠬᠡᠯᠡᠪᠡᠯ ᠬᠢᠯᠢ᠎ᠶ᠋ᠢᠨ ᠱᠤᠭᠤᠮ ᠪᠣᠯ ᠡᠭᠦᠷᠭᠡ ᠬᠠᠷᠢᠭᠤᠴᠠᠯᠭ᠎ᠠ᠎ᠶ᠋ᠢᠨ ᠵᠠᠮ ᠮᠥᠨ᠂ ᠲᠦᠭ ᠲᠦᠮᠡᠨ ᠠᠢᠯ ᠡᠷᠦᠬᠡ ᠵᠢᠨ ᠠᠮᠤᠷ ᠲᠠᠢᠪᠤᠩ ᠪᠣᠯ ᠮᠥᠷᠥᠨ ᠳᠡᠭᠡᠷᠡᠬᠢ ᠬᠦᠨᠳᠦ ᠡᠭᠦᠷᠭᠡ ᠮᠥᠨ᠃ 《ᠪᠢᠳᠡ ᠰᠠᠬᠢᠨ ᠬᠠᠮᠠᠭᠠᠯᠠᠯᠲᠠ ᠪᠡᠨ ᠰᠠᠢᠳᠤᠷ ᠬᠢᠬᠦ ᠲᠤᠳᠤᠮ᠂ ᠴᠠᠭᠠᠨ ᠰᠠᠷ᠎ᠠ᠎ᠳᠤ ᠨᠡᠩ ᠠᠮᠤᠷ ᠲᠦᠪᠱᠢᠨ ᠪᠣᠯᠤᠨ᠎ᠠ》 ᠬᠡᠬᠦ ᠪᠣᠷᠣᠭ᠍ᠵᠢᠭᠤᠨ ᠦᠭᠡ ᠶᠠᠷᠢᠶ᠎ᠠ ᠨᠢ ᠶᠠᠭ ᠲᠡᠳᠡᠨ᠎ᠦ ᠦᠢᠯᠡ ᠠᠵᠢᠯᠯᠠᠭ᠎ᠠ᠎ᠪᠠᠷ᠎ᠢᠶᠠᠨ ᠪᠢᠴᠢᠭ᠌ᠯᠡᠭᠰᠡᠨ ᠦᠨᠡᠨᠴᠢ ᠱᠢᠳᠤᠷᠭᠤ ᠲᠠᠢᠯᠪᠤᠷᠢ ᠪᠣᠯᠤᠨ᠎ᠠ᠃
2 ᠰᠠᠷ᠎ᠠ᠎ᠶ᠋ᠢᠨ 16 ᠤ᠋ ᠡᠳᠦᠷ᠎ᠦᠨ ᠥᠷᠯᠥᠭᠡ ᠡᠷᠲᠡ᠂ ᠬᠥᠯᠥᠨ ᠪᠣᠢᠷ᠎ᠤᠨ ᠬᠢᠯᠢ᠎ᠶ᠋ᠢᠨ ᠬᠠᠮᠢᠶᠠᠷᠤᠯᠲᠠ᠎ᠶ᠋ᠢᠨ ᠰᠠᠯᠪᠤᠷᠢ ᠠᠩᠭᠢ᠎ᠶ᠋ᠢᠨ ᠡᠩᠬᠡᠬᠠᠳᠠ ᠬᠢᠯᠢ᠎ᠶ᠋ᠢᠨ ᠲᠣᠮᠢᠯᠠᠭ᠍ᠰᠠᠨ ᠰᠠᠯᠪᠤᠷᠢ᠎ᠶ᠋ᠢᠨ ᠠᠷᠠᠳ᠎ᠤᠨ ᠴᠠᠭ᠍ᠳᠠᠭ᠎ᠠ ᠨᠢᠭᠡᠨᠲᠡ ᠠᠵᠢᠯ᠎ᠳᠠᠭᠠᠨ ᠮᠤᠷᠳᠠᠬᠤ ᠪᠡᠷ ᠪᠡᠯᠡᠬᠡᠨ ᠪᠤᠯᠤᠯ᠎ᠠ᠃ ᠡᠨᠳᠡᠬᠢ ᠨᠢ ᠶᠡᠬᠡ ᠬᠢᠩᠭᠠᠨ ᠳᠠᠪᠠᠭ᠎ᠠ᠎ᠶ᠋ᠢᠨ ᠬᠣᠢᠲᠤ ᠬᠣᠷᠮᠣᠶ᠎ᠳᠤ ᠪᠠᠢᠷᠢᠯᠠᠵᠤ᠂ ᠬᠢᠯᠢ᠎ᠶ᠋ᠢᠨ ᠱᠤᠭᠤᠮ ᠨᠢ ᠵᠠᠭᠤ ᠭᠠᠷᠤᠶ ᠺᠢᠯᠣᠮᠧᠲ᠋ᠷ ᠦᠷᠭᠦᠯᠵᠢᠯᠡᠵᠦ᠂ ᠪᠥᠬᠥ᠌ ᠵᠢᠯ᠎ᠦᠨ ᠮᠥᠰᠥ᠍ ᠴᠠᠰᠤ ᠲᠠᠢ ᠬᠤᠭᠤᠴᠠᠭ᠎ᠠ ᠨᠢ ᠪᠠᠷᠤᠭ 230 ᠡᠳᠦᠷ ᠪᠣᠯᠤᠨ᠎ᠠ᠃ ᠲᠣᠭᠣᠷᠢᠨ ᠴᠠᠭ᠍ᠳᠠᠬᠤ ᠠᠩᠭᠢ ᠵᠢᠨ ᠬᠢᠨ ᠡᠪᠦᠳᠦᠭ ᠲᠠᠪᠠᠬᠤ ᠴᠠᠰᠤᠨ ᠲᠤᠮᠳᠠᠭᠤᠷ ᠲᠤᠭᠤᠯᠵᠤ᠂ ᠬᠢᠯᠢ᠎ᠶ᠋ᠢᠨ ᠱᠤᠭᠤᠮ᠎ᠢ ᠳᠠᠭᠠᠨ ᠯᠠᠪᠳᠠᠭᠤᠨ᠎ᠢᠶᠠᠷ ᠤᠷᠤᠭ᠍ᠰᠢᠯᠠᠪᠠ᠃ 《ᠬᠤᠷᠳᠤᠯᠠ᠂ ᠯᠠᠪᠳᠠᠭᠤᠨ ᠶᠠᠪᠤᠭᠠᠷᠠᠢ᠂ ᠬᠢᠯᠢ ᠵᠢᠨ ᠭᠤᠤᠯ᠎ᠤᠨ ᠮᠥᠰᠥ᠍ᠨ ᠭᠠᠳᠠᠷᠭᠤ᠎ᠳᠤ ᠤᠳᠠᠯ ᠦᠭᠡᠢ ᠬᠦᠷᠬᠦ ᠪᠤᠯᠤᠯ᠎ᠠ᠂ ᠠᠮᠤᠷ ᠲᠦᠪᠱᠢᠨ᠎ᠢ ᠠᠩᠬᠠᠷ!》 ᠭᠡᠵᠦ᠍ ᠲᠣᠮᠢᠯᠠᠭ᠍ᠰᠠᠨ ᠰᠠᠯᠪᠤᠷᠢ᠎ᠶ᠋ᠢᠨ ᠳᠠᠷᠤᠭ᠎ᠠ ᠾᠧᠢ ᠽᠧ ᠮᠢᠩ ᠲᠡᠬᠡᠷ᠎ᠠ ᠳᠠᠭᠤᠨ᠎ᠢᠶᠠᠷ ᠰᠠᠨᠠᠭᠤᠯᠪᠠ᠃
ᠵᠠᠮ ᠵᠠᠭᠤᠷ᠎ᠠ ᠬᠢᠯᠢ ᠬᠠᠮᠠᠭᠠᠯᠠᠭ᠍ᠴᠢ ᠶᠠᠩ ᠫᠸᠢ ᠯᠢ ᠮᠣᠳᠣᠨ ᠭᠡᠷ᠎ᠦᠨ ᠡᠮᠦᠨ᠎ᠡ ᠬᠦᠯᠢᠶᠡᠵᠦ᠍ ᠪᠠᠢᠪᠠ᠃ ᠬᠢᠯᠢ ᠰᠠᠬᠢᠭᠠᠳ 20 ᠵᠢᠯ ᠪᠣᠯᠵᠠᠢ᠂ ᠲᠡᠷᠡ ᠶᠡᠷᠦ᠍᠎ᠡᠴᠡ ᠴᠠᠭᠠᠨ ᠰᠠᠷ᠎ᠠ᠎ᠶ᠋ᠢᠨ ᠲᠣᠭᠣᠷᠢᠨ ᠰᠡᠷᠭᠡᠢᠯᠡᠯᠲᠡ᠎ᠳᠦ ᠰᠠᠭᠠᠲᠠᠵᠤ ᠦᠩᠭᠡᠷᠡᠭᠡ ᠦᠭᠡᠢ᠃ 《ᠠᠷᠠᠳ᠎ᠤᠨ ᠴᠠᠭ᠍ᠳᠠᠭ᠎ᠠ᠎ᠲᠠᠶ ᠬᠠᠮᠲᠤ ᠬᠢᠯᠢ᠎ᠶ᠋ᠢ ᠰᠠᠬᠢᠬᠤ ᠨᠢ ᠴᠠᠭᠠᠨ ᠰᠠᠷ᠎ᠠ ᠳᠠᠭᠠᠨ ᠨᠡᠩ ᠠᠮᠤᠷ ᠲᠠᠢᠪᠤᠩ ᠳᠦᠷᠦᠭᠳᠡᠯ ᠲᠡᠢ!》 ᠭᠡᠵᠦ᠍ ᠲᠡᠷᠡ ᠢᠨᠢᠶᠡᠮᠰᠦᠭ᠌ᠯᠡᠨ ᠬᠡᠯᠡᠨ᠎ᠠ᠃ ᠠᠭᠤᠯᠠᠨ ᠬᠣᠷᠮᠣᠶ᠎ᠶ᠋ᠢᠨ ᠭᠦᠨ᠎ᠳᠦ ᠠᠷᠠᠳ᠎ᠤᠨ ᠴᠠᠭ᠍ᠳᠠᠭ᠎ᠠ ᠱ᠌ᠢ ᠱᠢᠶᠤᠤ ᠭᠠᠩ ᠵᠢᠯᠣᠭᠣᠴᠢ ᠥᠬᠡᠶ ᠨᠢᠰᠭᠡᠯ᠎ᠢᠶᠡᠷ ᠡᠷᠬᠢᠨ ᠲᠣᠭᠣᠷᠢᠨ᠎ᠤ ᠣᠷᠣᠨ ᠪᠦᠰᠡ᠎ᠳᠦ ᠠᠭᠠᠷ᠎ᠤᠨ ᠴᠠᠭ᠍ᠳᠠᠨ ᠪᠠᠢᠴᠠᠭᠠᠯᠲᠠ ᠬᠢᠵᠦ᠍ ᠪᠠᠢᠯ᠎ᠠ᠃《ᠪᠢᠳᠡ ᠬᠠᠤᠯᠢ ᠪᠤᠰᠤ᠎ᠪᠠᠷ ᠬᠢᠯᠢ ᠳᠠᠪᠠᠬᠤ᠎ᠶ᠋ᠢ ᠰᠡᠷᠭᠡᠢᠯᠡᠬᠦ᠌᠎ᠪᠡᠷ ᠪᠠᠷᠠᠬᠤ ᠥᠬᠡᠶ ᠪᠠᠰᠠ ᠬᠠᠷᠢᠶᠠᠲᠤ ᠣᠷᠣᠨ᠎ᠳᠤ ᠬᠡᠭᠡᠷ᠎ᠡ᠎ᠶ᠋ᠢᠨ ᠠᠮᠢᠲᠠᠨ ᠣᠷᠣᠵᠤ ᠢᠷᠡᠭᠡᠳ ᠣᠯᠠᠨ ᠲᠦᠮᠡᠨ᠎ᠢ ᠲᠦᠢᠪᠡᠭᠡᠬᠦ᠎ᠡᠴᠡ ᠰᠡᠷᠡᠮᠵᠢᠯᠡᠬᠦ᠌ ᠴᠢᠬᠤᠯᠠᠲᠠᠢ᠂ ᠦᠴᠦᠬᠡᠨ ᠲᠡᠳᠦᠢ ᠵᠦᠢᠯ᠎ᠢ ᠴᠤ᠌ ᠠᠯᠳᠠᠵᠤ ᠪᠣᠯᠬᠤ ᠥᠬᠡᠶ》᠃ ᠴᠠᠭ᠍ᠳᠠᠭᠠᠪᠤᠯᠤᠭᠰᠠᠨ 23 ᠵᠢᠯ᠎ᠦᠨ ᠲᠤᠷᠰᠢ ᠴᠠᠭᠠᠨ ᠰᠠᠷ᠎ᠠ ᠵᠢᠨ ᠬᠤᠭᠤᠴᠠᠭᠠᠨ᠎ᠳᠤ ᠲᠡᠷᠡ 12 ᠤᠳᠠᠭ᠎ᠠ ᠬᠢᠯᠢ ᠴᠠᠭ᠍ᠳᠠᠬᠤ ᠠᠵᠢᠯ᠎ᠤᠨ ᠪᠠᠢᠷᠢ ᠪᠡᠨ ᠪᠠᠲᠤ ᠰᠠᠬᠢᠪᠠ᠃
ᠡᠢᠮᠦᠷᠬᠦᠤ ᠪᠠᠲᠤ ᠰᠠᠬᠢᠯᠲᠠ ᠨᠢ ᠮᠢᠩᠭᠠᠨ ᠭᠠᠵᠠᠷ᠎ᠤᠨ ᠠᠯᠤᠰ᠎ᠲᠠᠬᠢ ᠭᠣᠪᠢ ᠨᠤᠲᠤᠭ᠎ᠲᠤ ᠴᠦ᠍ ᠦᠷᠭᠦᠯᠵᠢᠯᠡᠨ᠎ᠡ᠃ ᠠᠯᠠᠱᠠ᠎ᠶ᠋ᠢᠨ ᠥᠯᠵᠡᠶ ᠪᠣᠭᠣᠮᠲᠠ ᠨᠢ ᠬᠡᠳᠦᠢᠪᠡᠷ ᠪᠤᠭᠤᠮᠲᠠ᠎ᠪᠡᠨ ᠬᠠᠭᠠᠬᠤ ᠬᠤᠭᠤᠴᠠᠭᠠᠨ᠎ᠳᠤ ᠪᠠᠢᠭ᠎ᠠ ᠪᠣᠯᠪᠠᠴᠤ᠌ ᠨᠡᠭᠦᠳᠡᠯ ᠠᠷᠠᠳ᠎ᠤᠨ ᠬᠠᠮᠢᠶᠠᠷᠤᠯᠲᠠ᠎ᠶ᠋ᠢᠨ ᠴᠠᠭ᠍ᠳᠠᠭ᠎ᠠ᠎ᠶ᠋ᠢᠨ ᠵᠢᠵᠢᠭᠦᠷᠯᠡᠨ ᠰᠠᠬᠢᠬᠤ ᠠᠵᠢᠯ ᠶᠡᠷᠦ᠍᠎ᠡᠴᠡ ᠵᠣᠭ᠍ᠰᠣᠭ᠎ᠠ ᠥᠬᠡᠶ᠃ ᠲᠤᠭᠲᠠᠭᠰᠠᠨ ᠣᠷᠣᠨ ᠪᠦᠰᠡ᠎ᠳᠡᠬᠢ ᠪᠠᠢᠴᠠᠭᠠᠯᠲᠠ ᠪᠠ ᠭᠡᠮ ᠰᠤᠭᠤᠭ᠎ᠢ ᠵᠢᠭᠰᠠᠭᠠᠨ ᠪᠠᠢᠴᠠᠭᠠᠬᠤ ᠠᠵᠢᠯ᠎ᠢᠶᠡᠨ ᠲᠡᠳᠡ ᠵᠤᠷᠰᠢᠯ ᠶᠤᠰᠤᠭᠠᠷ ᠦᠷᠨᠢᠭᠦᠯᠪᠡ᠃ ᠵᠢᠯᠣᠭᠣᠳᠭᠤ ᠲᠥᠪ᠎ᠲᠦ ᠵᠢᠵᠢᠭᠦᠷᠯᠡᠵᠦ᠍ ᠪᠠᠢᠭ᠎ᠠ ᠠᠷᠠᠳ᠎ᠤᠨ ᠴᠠᠭ᠍ᠳᠠᠭ᠎ᠠ ᠬᠢᠨᠠᠨ ᠡᠵᠡᠮᠳᠡᠬᠦ᠌ ᠳᠡᠯᠭᠡᠴᠡ᠎ᠶ᠋ᠢ ᠠᠩᠬᠠᠷᠤᠯ᠎ᠢᠶᠠᠨ ᠲᠥᠪᠯᠡᠷᠡᠭᠦᠯᠦᠨ ᠠᠵᠢᠭ᠍ᠯᠠᠵᠤ᠂ 24 ᠴᠠᠭᠵᠤᠭᠰᠤᠯ ᠦᠭᠡᠢ ᠪᠡᠷ ᠪᠣᠭᠣᠮᠲᠠ᠎ᠶ᠋ᠢᠨ ᠬᠥᠳᠡᠯᠦᠩᠭᠦᠢ ᠪᠠᠢᠳᠠᠯ᠎ᠢ ᠲᠣᠭᠣᠷᠢᠨ ᠪᠠᠢᠴᠠᠭᠠᠵᠤ᠂ ᠤᠯᠤᠰ᠎ᠤᠨ ᠡᠭᠦᠳᠡᠨ᠎ᠦ ᠠᠮᠤᠷ ᠲᠦᠪᠱᠢᠨ᠎ᠢ ᠦᠨᠡᠨ ᠬᠦ᠌ ᠪᠠᠲᠤᠯᠠᠨ᠎ᠠ᠃
ᠤᠯᠠᠭᠠᠨᠴᠠᠪ᠎ᠤᠨ ᠬᠢᠯᠢ᠎ᠶᠢᠨ ᠡᠮᠦᠨ᠎ᠡ ᠹᠷᠣᠨᠲ᠎ᠲᠤ ᠤᠯᠠᠭᠠᠨᠴᠠᠪ᠎ᠤᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠬᠢᠯᠢ᠎ᠶᠢᠨ ᠬᠠᠮᠠᠭᠠᠯᠠᠯᠲᠠ᠎ᠶᠢᠨ ᠲᠣᠮᠢᠯᠠᠭᠰᠠᠨ ᠰᠠᠯᠪᠤᠷᠢ᠎ᠶᠢᠨ ᠠᠷᠠᠳ᠎ᠤᠨ ᠴᠠᠭᠳᠠᠭ᠎ᠠ ᠥᠯᠵᠡᠢ ᠠᠵᠢᠯ᠎ᠤᠨ ᠪᠠᠢᠷᠢᠨᠳᠡᠭᠡᠷᠡ ᠪᠠᠨ ᠦᠨᠭᠭᠡᠷᠡᠭᠦᠯᠦᠭᠰᠡᠨ ᠵᠢᠷᠭᠤᠭᠠᠳᠠᠭᠢ ᠴᠠᠭᠠᠨ ᠰᠠᠷ᠎ᠠ᠎ᠪᠠᠨ ᠤᠭᠲᠤᠯ᠎ᠠ᠃ ᠲᠡᠷᠡ ᠭᠡᠷ᠎ᠦᠨ ᠬᠥᠮᠥᠰ᠎ᠲᠠᠢ᠎ᠪᠡᠨ ᠬᠠᠮᠲᠤ ᠰᠢᠨᠡᠯᠡᠬᠦ ᠪᠠᠶᠠᠷᠲᠤ ᠴᠠᠭ ᠮᠦᠴᠡ ᠪᠠᠨ ᠰᠠᠨᠠᠭᠠᠴᠢᠯᠠᠭ᠎ᠠ᠎ᠡᠴᠡ᠎ᠪᠠᠨ ᠬᠠᠶᠠᠵᠤ᠂ ᠬᠠᠮᠲᠤ ᠠᠵᠢᠯᠯᠠᠭᠰᠠᠳ᠎ᠲᠠᠢ᠎ᠪᠠᠨ ᠲᠣᠭᠣᠷᠢᠨ ᠴᠠᠭᠳᠠᠬᠤ ᠵᠠᠮ᠎ᠵᠢᠡᠨ ᠡᠯᠭᠦᠪᠡ᠃ ᠥᠯᠵᠡᠢ᠎ᠶᠢᠨ ᠠᠪᠤ ᠲᠡᠯᠡᠶ ᠪᠣᠯ 《ᠤᠯᠤᠰ᠎ᠤᠨ ᠬᠡᠦᠬᠡᠳ》 ᠮᠦᠷᠲᠡᠭᠡᠨ ᠪᠠᠰᠠ ᠬᠢᠯᠢ ᠬᠢᠵᠠᠭᠠᠷ ᠣᠷᠣᠨ᠎ᠳᠤ ᠬᠡᠳᠦᠨ ᠠᠷᠪᠠᠨ ᠵᠢᠯ ᠨᠤᠲᠤᠭᠰᠢᠭ᠍ᠰᠠᠨ ᠰᠢᠯᠢᠳᠡᠭ ᠬᠢᠯᠢ ᠬᠠᠮᠠᠭᠠᠯᠠᠭ᠍ᠴᠢ ᠪᠤᠯᠤᠨ᠎ᠠ᠃ ᠬᠣᠶᠠᠷ ᠦᠶ᠎ᠡ᠎ᠶᠢᠨ ᠬᠥᠮᠥᠰ᠎ᠦᠨ ᠤᠭ ᠰᠠᠨᠠᠭ᠎ᠠ ᠪᠠᠲᠤ ᠪᠡᠬᠢ ᠪᠠᠢᠵᠤ᠂ ᠦᠶ᠎ᠡ ᠳᠠᠮᠵᠢᠨ ᠤᠯᠠᠮᠵᠢᠯᠠᠵᠤ᠂ ᠠᠯᠢ ᠡᠷᠲᠡ ᠬᠢᠯᠢ ᠬᠢᠵᠠᠭᠠᠷ᠎ᠢ ᠡᠬᠡ ᠨᠤᠲᠤᠭ᠎ᠵᠢᠡᠨ ᠪᠣᠯᠭᠠᠵᠤ᠂ 《ᠤᠯᠤᠰ᠎ᠤᠨ ᠲᠥᠯᠥᠭᠡ ᠬᠢᠯᠢ ᠬᠢᠵᠠᠭᠠᠷ᠎ᠢ ᠬᠠᠮᠠᠭᠠᠯᠠᠬᠤ》 ᠢᠲᠡᠭᠡᠯ ᠵᠣᠷᠢᠭ᠋᠎ᠢ ᠰᠡᠳᠭᠢᠯ ᠵᠢᠷᠦᠭᠡᠨ ᠳ᠋ᠡᠭᠡᠨ ᠬᠠᠳᠠᠨᠭᠰᠢᠭᠤᠯᠵᠠᠢ᠃
ᠬᠤᠸᠠᠷ ᠫᠤᠤᠵᠢᠩ᠎ᠤᠨ ᠳᠠᠭᠤᠨ ᠳ᠋ᠤ ᠴᠠᠭᠠᠨ ᠰᠠᠷ᠎ᠠ᠎ᠶᠢᠨ ᠳᠤᠷᠠᠰᠤᠯ ᠰᠠᠨᠠᠭᠠᠯᠵᠠᠯ ᠬᠠᠢᠷ᠎ᠠ ᠬᠠᠯᠠᠮᠵᠢ ᠠᠭᠤᠯᠤᠭᠳᠠᠨ᠎ᠠ
ᠬᠢᠯᠢ᠎ᠶᠢᠨ ᠪᠣᠭᠣᠮᠲᠠ᠎ᠶᠢ ᠰᠠᠬᠢᠵᠤ ᠪᠠᠢᠬᠤ ᠮᠦᠷᠲᠡᠭᠡᠨ ᠪᠠᠰᠠ ᠠᠷᠠᠳ᠎ᠤᠨ ᠰᠡᠳᠬᠢᠯ᠎ᠢ ᠰᠠᠬᠢᠨ᠎ᠠ᠃ ᠡᠨᠡ ᠨᠢ ᠥᠪᠥᠷ ᠮᠣᠩᠭᠣᠯ᠎ᠤᠨ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠴᠠᠭᠳᠠᠭ᠎ᠠ᠎ᠶᠢᠨ ᠡᠳᠦᠷ ᠲᠤᠲᠤᠮ᠎ᠤᠨ ᠶᠠᠪᠤᠳᠠᠯ ᠪᠣᠯᠬᠤ᠎ᠪᠠᠷ ᠪᠠᠷᠠᠬᠤ ᠦᠭᠡᠢ᠂ ᠨᠠᠩ ᠴᠤ᠌ ᠲᠡᠳᠡᠨ᠎ᠦ ᠴᠠᠭᠠᠨ ᠰᠠᠷ᠎ᠠ᠎ᠶᠢᠨ ᠭᠡᠷ ᠬᠤᠲᠠᠯᠠᠭᠠᠷᠵᠢᠡᠨ ᠴᠤᠭᠯᠠᠷᠠᠬᠤ ᠪᠠᠶᠠᠷᠲᠤ ᠴᠠᠭ ᠮᠥᠴᠡ᠎ᠳᠦ ᠦᠭᠡ ᠲᠠᠭᠤᠨ ᠦᠭᠡᠢ᠎ᠪᠡᠷ ᠠᠮᠠᠯᠠᠯᠲᠠ᠎ᠪᠠᠨ ᠦᠢᠯᠡᠳᠦᠯᠭᠡᠵᠢᠭᠦᠯᠵᠦ ᠪᠠᠢᠭ᠎ᠠ ᠶᠠᠪᠤᠳᠠᠯ ᠪᠤᠯᠤᠨ᠎ᠠ — ᠣᠯᠠᠨ ᠲᠦᠮᠡᠨ᠎ᠦ ᠠᠮᠤᠷ ᠲᠦᠪᠰᠢᠨ ᠠᠶᠤᠯ ᠲᠦᠭᠰᠢᠭᠦᠷᠢ ᠬᠠᠯᠠᠭᠤᠨ ᠳᠤᠯᠠᠭᠠᠨ ᠨᠢ ᠶᠡᠷᠦ᠎ᠡᠴᠡ ᠲᠡᠳᠡᠨ᠎ᠦ ᠬᠠᠮᠤᠭ᠎ᠤᠨ ᠴᠢᠬᠤᠯᠠ ᠰᠠᠨᠠᠭᠠᠰᠢᠷᠠᠯ ᠪᠣᠯᠣᠭᠰᠠᠭᠠᠷ ᠢᠷᠡᠭᠰᠡᠨ ᠶᠤᠮ᠃
ᠷᠠᠰᠢᠶᠠᠨ ᠬᠤᠲᠠ ᠮᠦᠨᠭᠭᠦᠨ ᠴᠠᠰᠤᠨ ᠳ᠋ᠤ ᠬᠤᠴᠢᠭ᠍ᠳᠠᠵᠤ᠂ ᠴᠠᠭᠠᠨ ᠰᠠᠷ᠎ᠠ᠎ᠶᠢᠨ ᠠᠭᠤᠷ ᠠᠮᠢᠰᠬᠤᠯ᠎ᠵᠢᠡᠷ ᠪᠢᠯᠬᠠᠮ᠎ᠠ ᠪᠠᠢᠯ᠎ᠠ᠃ ᠬᠢᠩᠭᠠᠨ᠎ᠤ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠢᠷᠪᠢᠰ᠎ᠲᠠᠢ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠠᠷᠠᠳ᠎ᠤᠨ ᠴᠠᠭᠳᠠᠭ᠎ᠠ ᠴᠣᠯᠮᠣᠨᠤ 《ᠠᠷᠠᠳ᠎ᠤᠨ ᠪᠠᠢᠳᠠᠯ᠎ᠤᠨ ᠨᠠᠷᠢᠨ ᠲᠠᠩᠰᠠ》 ᠳᠡᠭᠡᠷ᠎ᠡ ᠵᠤᠪᠠᠨᠢᠵᠤ ᠰᠠᠨᠠᠭᠠᠰᠢᠷᠠᠵᠤ ᠪᠠᠢᠭ᠎ᠠ ᠬᠥᠮᠥᠨ ᠪᠣᠯᠣᠨ ᠤᠴᠢᠷ ᠶᠠᠪᠤᠳᠠᠯ᠎ᠢ ᠨᠠᠷᠢᠨ ᠨᠢᠭ᠍ᠲᠠ ᠲᠡᠮᠳᠡᠭᠯᠡᠵᠦ ᠪᠠᠢᠯ᠎ᠠ᠄ ᠴᠢᠦᠢ ᠨᠠᠰᠤᠲᠠᠨ᠎ᠤ ᠭᠡᠷ ᠨᠢ ᠳᠤᠯᠠᠭᠠᠨ ᠪᠤᠯ ᠦᠦ? ᠯᠢ ᠠᠪᠠᠭ᠎ᠠ ᠴᠠᠭ ᠲᠠᠭᠠᠨ ᠡᠮ ᠵᠢᠡᠨ ᠤᠤᠭᠤᠭᠰᠠᠨ ᠪᠤᠯ ᠦᠦ? 《ᠠᠮᠤᠷ ᠮᠡᠨᠳᠦ ᠪᠠᠨ ᠮᠡᠳᠡᠭᠦᠯᠬᠦ》 ᠵᠢᠷᠭᠢᠶ᠎ᠡ᠎ᠵᠢᠨ ᠬᠣᠯᠪᠣᠭ᠎ᠠ᠎ᠳᠤ ᠨᠠᠰᠤᠲᠠᠳ ᠥᠨᠥᠳᠥᠷ ᠺᠠᠷᠲᠵᠢᠡᠨ ᠪᠦᠷᠢᠳᠬᠡᠭᠦᠯᠦᠭᠰᠡᠨ ᠪᠤᠯ ᠦᠦ?
2 ᠰᠠᠷ᠎ᠠ᠎ᠶ᠋ᠢᠨ 15 ᠤ᠋ ᠥᠷᠯᠥᠭᠡ᠂ ᠲᠡᠷᠡ ᠬᠣᠣᠰ ᠤᠶᠠᠩᠭ᠎ᠠ ᠪᠣᠯᠤᠨ ᠲᠣᠬᠣᠨᠢᠭᠤᠯᠬᠤ ᠪᠤᠳᠠᠰ᠎ᠢᠶᠡᠨ ᠪᠠᠷᠢᠵᠤ ᠪᠡᠯᠪᠡᠰᠦᠨ ᠴᠢᠦᠶ ᠨᠠᠰᠤᠳᠠᠨ ᠤ᠋ ᠭᠡᠷ᠎ᠲᠦ ᠬᠦᠷᠪᠡ᠃ 2020 ᠣᠨ᠎ᠳᠤ ᠨᠠᠰᠤᠲᠠᠨ᠎ᠤ ᠪᠠᠢᠳᠠᠯ᠎ᠢ ᠣᠢᠯᠠᠭᠠᠭ᠍ᠰᠠᠨ᠎ᠤ ᠳᠠᠷᠠᠭ᠎ᠠ ᠴᠣᠯᠮᠣᠨ ᠳᠡᠭᠦᠨ᠎ᠳᠦ ᠰᠠᠳᠤᠨ ᠲᠥᠷᠥᠯ᠎ᠡᠴᠡ ᠨᠢ ᠳᠤᠳᠤᠨᠤ ᠲᠦᠱᠢᠭ ᠲᠤᠯᠭᠠᠭᠤᠷᠢ ᠪᠣᠯᠵᠣ — ᠡᠮ ᠡᠮᠨᠡᠯᠭᠡ᠎ᠶ᠋ᠢᠨ ᠳᠠᠭᠠᠳᠭᠠᠯ᠎ᠳᠦ ᠤᠷᠤᠬᠤ᠎ᠳᠤᠨᠢ ᠬᠠᠮᠵᠢᠵᠤ᠂ ᠪᠠᠲᠤᠯᠠᠭ᠎ᠠ᠎ᠶ᠋ᠢᠨ ᠣᠷᠣᠨ ᠰᠠᠭᠤᠴᠠ ᠭᠤᠶᠤᠴᠢᠯᠠᠨ ᠦᠭᠴᠦ᠂ ᠬᠠᠨᠢ ᠪᠤᠯᠵᠤ ᠵᠣᠭᠣᠭ᠍ᠳᠠᠨ ᠤᠢᠳᠭᠠᠷᠢ ᠨᠢ ᠰᠡᠷᠭᠦᠭᠡᠯᠠ ᠁ ᠬᠡᠳᠦᠨ ᠵᠢᠯ ᠦᠩᠭᠡᠷᠡᠬᠦ᠎ᠳᠦ ᠨᠠᠰᠤᠲᠠᠨ ᠤ᠋ ᠠᠮᠢᠳᠤᠷᠠᠯ ᠠᠭᠠᠵᠢᠮ᠎ᠢᠶᠠᠷ ᠰᠠᠢᠵᠢᠷᠠᠪᠠ᠃
《ᠴᠠᠬᠢᠯᠭᠠᠨ ᠤᠳᠠᠰᠤ ᠵᠢ ᠪᠢ ᠪᠠᠢᠴᠠᠭᠠᠵᠤ ᠦᠵᠡᠭᠰᠡᠨ᠂ ᠠᠰᠠᠭᠤᠳᠠᠯ ᠦᠭᠡᠢ᠂ ᠲᠠ ᠰᠠᠨᠠᠭ᠎ᠠ ᠠᠮᠤᠷ ᠱᠢᠨᠡᠯᠡᠭᠡᠷᠡᠢ᠂ ᠤᠴᠢᠷ᠎ᠲᠠᠶ ᠪᠣᠯ ᠨᠠᠳᠠ᠎ᠳᠤ ᠤᠲᠠᠰᠤᠳᠠᠭᠠᠷᠠᠶ!》 ᠴᠤᠯᠮᠤᠠ ᠳᠤᠯᠠᠭᠠᠯᠠᠭ᠎ᠠ᠎ᠶ᠋ᠢᠨ ᠲᠥᠬᠥᠭᠡᠷᠦᠮᠵᠢ ᠪᠣᠯᠤᠨ ᠴᠠᠬᠢᠯᠭᠠᠨ ᠤᠳᠠᠰᠤ ᠵᠢ ᠪᠠᠢᠴᠠᠭᠠᠨ ᠦᠵᠡᠬᠦ᠌᠎ᠶ᠋ᠢᠨ ᠳᠠᠭᠠᠤ ᠨᠠᠰᠤᠳᠠᠨ᠎ᠳᠦ ᠡᠢᠨᠬᠦ ᠰᠠᠨᠠᠭᠤᠯᠵᠤ ᠪᠠᠢᠯ᠎ᠠ᠃ ᠲᠡᠭᠦᠨ᠎ᠦ ᠰᠡᠳᠭᠢᠯ᠎ᠳᠦ ᠬᠠᠷᠢᠶ᠎ᠠ ᠣᠷᠣᠨ ᠠᠮᠤᠷ ᠲᠦᠪᠱᠢᠨ᠂ ᠤᠯᠠᠨ ᠲᠦᠮᠡᠨ ᠰᠠᠨᠠᠭ᠎ᠠ ᠠᠮᠤᠷ ᠪᠠᠢᠪᠠᠯ ᠳᠠᠷᠤᠢ ᠬᠠᠮᠤᠭ᠎ᠤᠨ ᠰᠠᠢ᠌ᠨ ᠰᠢᠨ᠎ᠡ ᠵᠢᠯ ᠪᠣᠯᠤᠨ᠎ᠠ᠃
ᠠᠳᠠᠯᠢᠬᠠᠨ ᠬᠠᠢᠷ᠎ᠠ ᠬᠠᠯᠠᠮᠵᠢ ᠨᠢ ᠳᠤᠮᠳᠠᠳᠤ ᠮᠣᠩᠭᠣᠯ᠎ᠤᠨ ᠬᠢᠯᠢ᠎ᠳᠤ ᠪᠠᠢᠷᠢᠯᠠᠭ᠎ᠠ ᠭᠠᠭ᠍ᠴᠠᠮᠤᠳᠤ ᠬᠢᠯᠢ᠎ᠶ᠋ᠢᠨ ᠪᠣᠭᠣᠮᠲᠠ᠎ᠪᠠᠷ ᠴᠤ᠌ ᠲᠦᠬᠡᠪᠡ ᠃ ᠴᠠᠭᠠᠨ ᠰᠠᠷ᠎ᠠ ᠡᠴᠡ ᠡᠮᠦᠨᠡᠬᠡᠨ ᠪᠠᠶᠠᠨᠨᠠᠭᠤᠷ᠎ᠤᠨ ᠬᠢᠯᠢ᠎ᠶ᠋ᠢᠨ ᠬᠠᠮᠢᠶᠠᠷᠤᠯᠲᠠ᠎ᠶ᠋ᠢᠨ ᠰᠠᠯᠪᠤᠷᠢ ᠠᠩᠭᠢ᠎ᠶ᠋ᠢᠨ ᠭᠠᠭ᠍ᠴᠠᠮᠤᠳᠤ ᠬᠢᠯᠢ᠎ᠶ᠋ᠢᠨ ᠲᠣᠮᠢᠯᠠᠭ᠍ᠰᠠᠨ ᠰᠠᠯᠪᠤᠷᠢ 《ᠦᠯᠵᠡᠢ ᠪᠤᠶᠠᠨ᠎ᠢ ᠠᠢᠯ ᠡᠷᠦᠭᠡ᠎ᠳᠦ ᠬᠦᠷᠭᠡᠵᠦ᠍᠂ ᠠᠮᠤᠷ ᠠᠮᠤᠭᠤᠯᠠᠩ᠎ᠢ ᠰᠠᠬᠢᠨ ᠬᠠᠮᠠᠭᠠᠯᠠᠬᠤ》 ᠠᠵᠢᠯᠯᠠᠭ᠎ᠠ ᠥᠷᠨᠢᠭᠦᠯᠵᠦ᠍᠂ ᠠᠷᠠᠳ᠎ᠤᠨ ᠴᠠᠭ᠍ᠳᠠᠭ᠎ᠠ ᠴᠤᠭᠯᠠᠭᠠᠨ 《ᠬᠢᠯᠢ ᠬᠢᠵᠠᠭᠠᠷ ᠪᠠᠲᠤ ᠳᠤᠭᠳᠠᠭᠤᠨ ᠠᠭᠤᠯᠠ ᠤᠰᠤ ᠰᠦᠷᠯᠢᠭ᠂ ᠬᠠᠷᠢᠶ᠎ᠠ ᠲᠣᠭᠣᠷᠢᠭ ᠡᠶ᠎ᠡ ᠵᠣᠬᠢᠴᠠᠩᠭᠤᠶ ᠠᠷᠠᠳ ᠤᠯᠠᠨ ᠪᠠᠶᠠᠰᠬᠤᠯᠠᠩᠳᠠᠢ》 ᠭᠡᠬᠦ᠌ ᠴᠠᠭᠠᠨ ᠰᠠᠷ᠎ᠠ᠎ᠶ᠋ᠢᠨ ᠬᠣᠣᠰ ᠤᠶᠠᠩᠭ᠎ᠠ ᠪᠢᠴᠢᠪᠡ᠃ ᠠᠵᠢᠯᠯᠠᠭ᠎ᠠ᠎ᠶᠢᠨ ᠴᠢᠮᠡᠭᠡ᠎ᠪᠡᠷ ᠬᠦᠷᠦᠯᠴᠡᠨ ᠢᠷᠡᠭ᠌ᠰᠡᠨ ᠮᠠᠯᠴᠢᠳ ᠪᠤᠶᠠᠨ ᠤ᠋ ᠦᠰᠦᠭ ᠪᠢᠴᠢᠬᠦ ᠵᠢ ᠰᠤᠷᠴᠤ᠂ ᠪᠢᠷ ᠴᠠᠭᠠᠰᠤ ᠵᠢ ᠲᠢᠭᠯᠡᠨ ᠦᠭᠴᠦ᠂ ᠲᠤᠬᠠᠢ᠎ᠶ᠋ᠢᠨ ᠲᠠᠯᠠᠪᠠᠢ ᠪᠠᠶᠠᠷ ᠬᠦᠷ᠎ᠢᠶᠡᠷ ᠪᠢᠯᠬᠠᠪᠠ᠃ ᠳᠠᠷᠠᠭ᠎ᠠ ᠨᠢ ᠠᠷᠠᠳ᠎ᠤᠨ ᠴᠠᠭ᠍ᠳᠠᠭ᠎ᠠ᠎ᠨᠠᠷ ᠴᠠᠭᠠᠨ ᠰᠠᠷ᠎ᠠ᠎ᠶ᠋ᠢᠨ ᠬᠣᠣᠰ ᠤᠶᠠᠩᠭ᠎ᠠ᠂ ᠪᠤᠶᠠᠨ᠎ᠤ ᠦᠰᠦᠭ᠎ᠦᠳ᠎ᠢ ᠨᠢᠭᠡᠳ ᠨᠢᠭᠡ᠎ᠪᠡᠷ ᠮᠠᠯᠴᠢᠳ᠎ᠤᠨ ᠭᠡᠷ᠎ᠲᠦ ᠬᠦᠷᠭᠡᠪᠡ᠃
ᠬᠢᠯᠢ ᠬᠠᠮᠠᠭᠠᠯᠠᠭ᠍ᠴᠢ ᠭᠠᠨᠭᠪᠠᠲᠦᠶᠢᠨ ᠭᠡᠷ᠎ᠲᠦ ᠤᠷᠤᠬᠤ᠎ᠳᠦ ᠬᠢᠰᠠ ᠵᠢᠨ ᠭᠠᠯ ᠳᠦᠷᠡᠯᠵᠡᠨ ᠨᠤᠴᠤᠨ᠎ᠠ᠃ ᠭᠠᠬ᠍ᠴᠠᠮᠤᠳᠦ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠳᠠᠷᠤᠭ᠎ᠠ ᠬᠤᠸᠠᠩ ᠵᠢᠶᠠᠨ ᠴᠠᠭᠠᠨ ᠰᠠᠷ᠎ᠠ᠎ᠶᠢᠨ ᠬᠣᠣᠰ ᠤᠶᠠᠩᠭ᠎ᠠ᠂ ᠪᠤᠶᠠᠨ ᠪ ᠦᠰᠦᠭ ᠪᠠ ᠲᠣᠬᠣᠨᠢᠭᠤᠯᠬᠤ ᠪᠣᠳᠠᠰ ᠠᠪᠴᠤ ᠭᠡᠷ ᠲᠦ᠍ᠨᠢ ᠬᠦᠷᠴᠦ ᠲᠠᠯᠠᠷᠬᠠᠯ ᠢᠯᠡᠳᠬᠡᠵᠤ᠄ 《ᠨᠢᠳᠤᠨᠤᠨ ᠶᠡᠬᠡ ᠴᠠᠰᠤ ᠣᠷᠣᠵᠤ ᠵᠠᠮ ᠬᠠᠰᠢᠭᠳᠠᠭᠰᠠᠨ᠎ᠳᠦ ᠲᠠ ᠰᠠᠨᠠᠭᠠᠴᠢᠯᠠᠭ᠎ᠠ᠎ᠡᠴᠡ᠎ᠪᠠᠨ ᠪᠢᠳᠡᠨ᠎ᠢ ᠬᠠᠪᠰᠤᠷᠴᠦ ᠳᠦᠳᠡ ᠵᠠᠮ᠎ᠢ ᠰᠢᠯᠭᠠᠨ ᠪᠠᠢᠴᠠᠭᠠᠵᠤ᠂ ᠭᠡᠮ ᠰᠤᠭᠤᠭ᠎ᠢ ᠳᠡᠭᠡᠭᠰᠢ ᠮᠡᠳᠡᠭᠦᠯᠪᠡ᠂ ᠲᠠ ᠵᠦᠳᠡᠷᠡᠯ᠎ᠡ!》 ᠭᠡᠪᠡ᠃ ᠭᠠᠩᠪᠠᠲᠤ ᠭᠠᠷ᠎ᠢᠶᠠᠨ ᠰᠠᠵᠢᠵᠤ᠄ 《ᠬᠢᠯᠢ᠎ᠪᠡᠨ ᠰᠠᠬᠢᠬᠤ ᠪᠣᠯ ᠣᠯᠠᠨ᠎ᠤ ᠤᠴᠢᠷ᠃ ᠲᠠ ᠨᠠᠷ ᠠᠷᠤ ᠭᠡᠷ ᠡᠴᠡ᠎ᠪᠠᠨ ᠰᠠᠯᠵᠤ ᠬᠢᠯᠢ ᠬᠢᠵᠠᠭᠠᠷ᠎ᠢ ᠰᠠᠬᠢᠵᠤ ᠪᠠᠢᠭ᠎ᠠ᠎ᠳᠦ ᠮᠠᠨ᠎ᠤ ᠬᠢᠯᠢ ᠬᠠᠮᠠᠭᠠᠯᠠᠭ᠍ᠴᠢᠳ ᠬᠠᠪᠰᠤᠷᠬᠤ ᠨᠢ ᠵᠦᠢᠲᠡᠢ》 ᠭᠡᠵᠦ ᠢᠨᠢᠶᠡᠮᠰᠦᠭᠯᠡᠨ ᠬᠡᠯᠡᠪᠡ᠃ ᠡᠭᠡᠯ ᠪᠣᠷᠣᠭᠵᠢᠭᠤᠨ ᠦᠭᠡ ᠶᠠᠷᠢᠶ᠎ᠠ ᠡᠴᠡ ᠠᠷᠠᠳ ᠴᠠᠭᠳᠠᠭ᠎ᠠ ᠵᠢᠨ ᠰᠡᠳᠬᠢᠯ᠎ᠢᠶᠡᠨ ᠨᠢᠭᠡᠳᠬᠡᠵᠦ᠂ ᠭᠠᠷ ᠬᠣᠯᠪᠣᠯᠴᠠᠨ ᠬᠢᠯᠢ ᠬᠢᠵᠠᠭᠠᠷ᠎ᠢᠶᠠᠨ ᠰᠠᠬᠢᠬᠤ ᠭᠦᠨ ᠵᠤᠵᠠᠭᠠᠨ ᠬᠠᠢᠷ᠎ᠠ ᠰᠡᠳᠬᠢᠯᠭᠡ ᠢᠯᠡᠷᠡᠨ᠎ᠡ᠃
ᠡᠬᠦᠯᠡᠨᠤ ᠴᠠᠭᠠᠨᠠᠬᠢ ᠤᠬᠳᠠᠷᠭᠤᠢ ᠳ᠋ᠦ ᠵᠢᠯ᠎ᠤᠨ ᠠᠮᠲᠠ ᠪᠤᠯ ᠠᠨᠢᠷᠭᠦᠢ ᠰᠠᠬᠢᠨ ᠪᠠᠷᠠᠯᠠᠯ
ᠴᠠᠭᠠᠨ ᠰᠠᠷ᠎ᠠ ᠪᠣᠯ ᠪᠠᠶᠠᠷ ᠳᠤᠷᠠᠰᠬᠠᠯ᠎ᠤᠨ ᠡᠳᠦᠷ ᠮᠥᠨ᠂ ᠪᠠᠰᠠ ᠴᠤ᠌ ᠵᠢᠭᠤᠯᠴᠢᠯᠠᠯ᠎ᠤᠨ ᠣᠷᠭᠢᠯ ᠦᠶ᠎ᠡ ᠪᠤᠯᠤᠨ᠎ᠠ᠃ ᠬᠢᠩᠭᠠᠨ ᠠᠢᠮᠠᠭ᠎ᠤᠨ ᠷᠠᠰᠢᠶᠠᠨ ᠬᠤᠳᠠ᠎ᠳᠤ ᠬᠢᠩᠭᠠᠨ ᠠᠢᠮᠠᠭ᠎ᠤᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ᠎ᠶᠢᠨ ᠲᠢᠶᠠᠨ ᡂᠢ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠬᠠᠷᠢᠶ᠎ᠠ ᠣᠷᠣᠨ᠎ᠤ 4370 ᠲᠡᠭᠰᠢ ᠳᠥᠷᠪᠡᠯᠵᠢᠨ ᠺᠢᠯᠤᠮᠸᠲᠷ᠎ᠤᠨ ᠳᠣᠲᠣᠷ᠎ᠠ᠂ ᠪᠠᠯᠠᠷ ᠤᠢ ᠰᠢᠭᠤᠢ᠂ ᠥᠨᠳᠥᠷ ᠠᠭᠤᠯᠠ ᠨᠤᠭᠤ ᠭᠠᠵᠠᠷ ᠪᠠᠢᠬᠤ ᠪᠥᠭᠡᠳ ᠤᠯᠤᠰ᠎ᠤᠨ 5A ᠳᠡᠰ᠎ᠤᠨ ᠵᠢᠭᠤᠯᠴᠢᠯᠠᠯ᠎ᠤᠨ ᠦᠵᠡᠮᠵᠢ᠎ᠶᠢᠨ ᠣᠷᠣᠨ ᠪᠠᠢᠵᠤ᠂ ᠪᠦᠬᠦ ᠤᠯᠤᠰ᠎ᠤᠨ ᠡᠯ᠎ᠡ ᠭᠠᠵᠠᠷ᠎ᠤᠨ ᠵᠢᠭᠤᠯᠴᠢᠯᠠᠭᠰᠠᠳ᠎ᠤᠨ ᠠᠩᠬᠠᠷᠤᠯ᠎ᠢ ᠲᠠᠲᠠᠨ᠎ᠡ᠃
《ᠪᠢᠳᠠ ᠡᠷᠬᠡᠪᠰᠢ ᠦᠵᠡᠮᠵᠢ᠎ᠶᠢᠨ ᠣᠷᠣᠨ ᠨᠢᠭᠡ ᠪᠦᠷᠢ᠎ᠶᠢᠨ ᠠᠮᠤᠷ ᠲᠦᠪᠰᠢᠨ᠎ᠢ ᠪᠠᠲᠤᠯᠠᠵᠤ᠂ ᠵᠢᠭᠤᠯᠴᠢᠯᠠᠭᠰᠠᠳ᠎ᠲᠤ ᠥᠪᠥᠷ ᠮᠣᠩᠭᠣᠯ᠎ᠤᠨ ᠦᠵᠡᠰᠬᠦᠯᠡᠩᠲᠦ ᠰᠠᠢᠬᠠᠨ ᠦᠵᠡᠮᠵᠢ᠎ᠶᠢ ᠰᠣᠨᠢᠷᠬᠠᠭᠤᠯᠬᠤ ᠪᠥᠭᠡᠳ ᠠᠮᠤᠷ ᠠᠮᠤᠭᠤᠯᠠᠩ ᠴᠠᠭᠠᠨ ᠰᠠᠷ᠎ᠠ᠎ᠶᠢ ᠥᠩᠭᠡᠷᠡᠭᠦᠯᠬᠦ ᠬᠡᠷᠡᠭᠲᠡᠢ》 ᠭᠡᠵᠦ ᠲᠢᠶᠠᠨ ᡂᠢ ᠬᠢᠯᠢ᠎ᠶᠢᠨ ᠲᠣᠮᠢᠯᠠᠭᠰᠠᠨ ᠰᠠᠯᠪᠤᠷᠢ᠎ᠶᠢᠨ ᠳᠡᠳ᠋ ᠳᠠᠷᠤᠭ᠎ᠠ ᠪᠠᠢ ᠶᠠᠨ ᠱᠧᠩ ᠬᠡᠯᠡᠨ᠎ᠡ᠃ ᠡᠭᠦᠨ᠎ᠦ ᠲᠤᠯᠠᠳᠠ᠂ ᠲᠣᠮᠢᠯᠠᠭᠰᠠᠨ ᠰᠠᠯᠪᠤᠷᠢ᠎ᠶᠢᠨ ᠪᠥᠬᠥ ᠠᠵᠢᠯᠲᠠᠨ ᠠᠵᠢᠯ᠎ᠤᠨ ᠪᠠᠢᠷᠢ ᠪᠡᠨ ᠰᠠᠬᠢᠵᠤ᠂ ᠰᠦᠯᠵᠢᠶᠡᠨ᠎ᠦ ᠨᠡᠷᠡᠲᠦ ᠵᠢᠭᠤᠯᠴᠢᠯᠠᠯ᠎ᠤᠨ ᠴᠡᠭ ᠪᠠ ᠠᠶᠤᠯᠲᠠᠢ ᠵᠠᠮ᠎ᠤᠨ ᠬᠡᠰᠡᠭ᠎ᠦᠨ ᠲᠣᠭᠣᠷᠢᠨ ᠴᠠᠭᠳᠠᠬᠤ ᠤᠳᠠᠭ᠎ᠠ᠎ᠶᠢ ᠨᠡᠮᠡᠭᠳᠡᠬᠦᠯᠬᠦ ᠵᠢᠨ ᠬᠠᠮᠲᠤ 《ᠵᠢᠭᠤᠯᠴᠢᠯᠠᠯ᠎ᠤᠨ ᠴᠠᠭᠳᠠᠭᠠᠨ᠎ᠤ ᠶᠠᠪᠤᠳᠠᠯ》 ᠤ᠋ᠨ ᠵᠠᠭᠪᠤᠷ᠎ᠢ ᠭᠠᠷᠭᠠᠵᠤ᠂ ᠬᠢᠯᠢ᠎ᠶᠢᠨ ᠬᠠᠮᠢᠶᠠᠷᠤᠯᠲᠠ ᠡᠵᠡᠮᠳᠡᠯ ᠬᠢᠭᠡᠳ ᠵᠢᠭᠤᠯᠴᠢᠯᠠᠯ᠎ᠤᠨ ᠦᠢᠯᠡᠴᠢᠯᠡᠭᠡ᠎ᠶᠢ ᠣᠷᠭᠠᠨᠢᠭ᠋᠎ᠢᠶᠠᠷ ᠠᠭᠤᠰᠤᠯᠴᠠᠭᠤᠯᠪᠠ᠃
ᠡᠭᠦᠨ᠎ᠡᠴᠡ ᠭᠠᠳᠠᠨ᠎ᠠ ᠲᠢᠶᠠᠨ ᡂᠢ ᠬᠢᠯᠢ᠎ᠶᠢᠨ ᠲᠣᠮᠢᠯᠠᠭᠰᠠᠨ ᠰᠠᠯᠪᠤᠷᠢ᠎ᠳᠤ ᠪᠠᠰᠠ ᠳᠠᠭᠠᠭᠤᠯᠢ ᠣᠳᠣᠨᠤᠳ᠋ᠢᠶᠠᠨᠭᠬᠤᠸᠠ᠂ ᠵᠢᠯᠣᠭᠣᠴᠢ ᠦᠭᠡᠢ ᠨᠢᠰᠬᠡᠯ ᠵᠡᠷᠭᠡ ᠲᠤᠰᠬᠠᠢ ᠲᠥᠬᠦᠭᠡᠷᠦᠮᠵᠢ ᠲᠣᠬᠢᠷᠠᠭᠤᠯᠵᠤ᠂ ᠠᠷᠠᠳ᠎ᠤᠨ ᠴᠠᠭᠳᠠᠭ᠎ᠠ ᠲᠣᠭᠲᠠᠮᠠᠯ ᠬᠤᠭᠤᠴᠠᠭ᠎ᠠ᠎ᠲᠠᠢ᠎ᠪᠠᠷ ᠥᠨᠳᠥᠷ ᠠᠭᠤᠯᠠᠨ᠎ᠤ ᠠᠪᠤᠷᠠᠨ ᠲᠤᠰᠠᠯᠠᠬᠤ ᠪᠣᠯᠪᠠᠰᠤᠷᠠᠯ᠎ᠳᠤ ᠣᠷᠣᠯᠴᠠᠳᠠᠭ᠃ 《ᠵᠢᠯᠣᠭᠣᠴᠢ ᠦᠭᠡᠢ ᠨᠢᠰᠬᠡᠯ ᠨᠢ ᠬᠥᠮᠥᠨ᠎ᠦ ᠬᠦᠴᠦ ᠲᠡᠷᠡ ᠳᠠᠷᠤᠢ᠎ᠳᠤ᠎ᠨᠢ ᠬᠦᠷᠴᠦ ᠴᠢᠳᠠᠬᠤ ᠦᠭᠡᠢ ᠭᠠᠵᠠᠷ᠎ᠲᠤ ᠲᠦᠷᠭᠡᠨ ᠬᠦᠷᠴᠦ᠂ ᠬᠡᠪ᠎ᠦᠨ ᠪᠤᠰᠤ ᠪᠠᠢᠳᠠᠯ᠎ᠢ ᠴᠠᠭ ᠲᠤᠬᠠᠢ ᠳ᠋ᠤᠨᠢ ᠣᠯᠵᠤ ᠮᠡᠳᠡᠳᠡᠭ》᠃ ᠲᠦᠬᠦᠭᠡᠷᠦᠮᠵᠢ ᠵᠢᠨ ᠠᠰᠢᠭᠯᠠᠯᠳᠠ ᠵᠢ ᠬᠠᠷᠢᠭᠤᠴᠠᠵᠤ ᠪᠠᠢᠭ᠎ᠠ ᠠᠷᠠᠳ᠎ᠤᠨ ᠴᠠᠭᠳᠠᠭ᠎ᠠ ᠰᠦᠨ ᠫᠧᠢ ᠱᠧᠩ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠠᠷᠭ᠎ᠠ ᠪᠠᠷᠢᠯ᠎ᠢ ᠤᠯᠠᠮᠵᠢᠯᠠᠯᠲᠤ ᠲᠣᠭᠣᠷᠢᠨ ᠴᠠᠭᠳᠠᠬᠤ ᠠᠵᠢᠯᠯᠠᠭ᠎ᠠ᠎ᠲᠠᠢ ᠤᠶᠠᠯᠳᠤᠭᠤᠯᠤᠭᠰᠠᠨ᠎ᠤ ᠳᠠᠷᠠᠭ᠎ᠠ ᠤᠯᠠᠮᠵᠢᠯᠠᠯᠲᠤ ᠲᠠᠩ ᠭᠠᠭᠴᠠ ᠲᠣᠭᠣᠷᠢᠨ ᠴᠠᠭᠳᠠᠬᠤ ᠵᠠᠭᠪᠤᠷ᠎ᠲᠠᠢ ᠬᠠᠷᠢᠴᠠᠭᠤᠯᠪᠠᠯ ᠪᠠᠴᠢᠮ ᠪᠠᠢᠳᠠᠯ᠎ᠢ ᠠᠷᠭᠠᠴᠠᠭᠠᠬᠤ ᠠᠵᠢᠯ᠎ᠤᠨ ᠦᠷ᠎ᠡ ᠪᠦᠲᠦᠮᠵᠢ᠎ᠶᠢ 40% ᠰᠢᠬᠠᠮ ᠳᠡᠭᠡᠭᠰᠢᠯᠡᠭᠦᠯᠵᠡᠢ ᠭᠡᠵᠤ ᠲᠠᠨᠢᠯᠴᠠᠭᠤᠯᠪᠠ᠃
ᠡᠨᠡ ᠮᠡᠲᠦ ᠪᠡᠷ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ᠎ᠦᠨ ᠲᠤᠯᠭᠠᠭᠤᠷᠢᠯᠠᠯ ᠨᠢ ᠲᠠᠯ᠎ᠠ ᠵᠢᠨ ᠭᠦᠨ᠎ᠳᠦ ᠴᠦ᠍ ᠦᠢᠯᠡᠳᠦᠯ ᠬᠡᠷᠡᠭᠴᠡᠭᠡ ᠪᠡᠨ ᠪᠠᠳᠠᠷᠠᠭᠤᠯᠵᠤ ᠪᠠᠢᠨ᠎ᠠ᠃ 2 ᠰᠠᠷ᠎ᠠ᠎ᠶᠢᠨ 14᠎ᠤ᠋ ᠡᠳᠦᠷ᠂ ᠰᠢᠯᠢ᠎ᠶᠢᠨ ᠭᠣᠣᠯ ᠠᠢᠮᠠᠭ᠎ᠤᠨ ᠵᠡᠭᠦᠨ ᠦᠵᠦᠮᠦᠴᠢᠨ ᠬᠣᠰᠢᠭᠤᠨ᠎ᠤ ᠨᠢᠭᠡᠨ ᠵᠢᠯᠣᠭᠣᠴᠢ ᠦᠭᠡᠢ ᠨᠢᠰᠬᠡᠯ᠎ᠦᠨ ᠴᠠᠭᠳᠠᠨ ᠰᠡᠷᠭᠡᠢᠯᠡᠬᠦ ᠭᠣᠣᠯ ᠨᠢᠰᠬᠡᠯ᠎ᠦᠨ ᠪᠠᠭᠤᠳᠠᠯ᠎ᠳᠤ 《ᠨᠢᠰ᠂ ᠲᠣᠭᠣᠷᠢᠨ ᠬᠠᠮᠠᠭᠠᠯᠠ!》 ᠭᠡᠰᠡᠨ ᠵᠠᠷᠯᠢᠭ ᠵᠢᠡᠷ ᠨᠢᠭᠡᠨ ᠴᠠᠭᠳᠠᠭᠠᠨ᠎ᠤ ᠵᠢᠯᠣᠭᠣᠴᠢ ᠦᠭᠡᠢ ᠨᠢᠰᠬᠡᠯ ᠠᠭᠠᠷ᠎ᠲᠤ ᠨᠢᠰᠤᠨ ᠭᠠᠷᠴᠤ᠂ ᠬᠢᠯᠢ ᠲᠡᠢᠰᠢ ᠨᠢᠰᠴᠦ᠂ ᠬᠠᠷᠢᠶ᠎ᠡ ᠣᠷᠣᠨ᠎ᠤ ᠵᠢᠷᠤᠭ ᠳᠦᠷᠰᠦ᠎ᠶᠢ ᠪᠥᠬᠥᠢᠯᠡᠳᠤᠨᠢ ᠰᠡᠭᠦᠳᠡᠷᠯᠡᠬᠦ᠎ᠶᠢᠨ ᠬᠠᠮᠲᠤ ᠴᠠᠭ ᠲᠤᠬᠠᠢ ᠳ᠋ᠤᠨᠢ ᠳᠠᠮᠵᠢᠭᠤᠯᠤᠨ ᠬᠦᠷᠭᠡᠨ᠎ᠡ᠃ ᠴᠠᠭᠠᠨ ᠰᠠᠷ᠎ᠠ᠎ᠡᠴᠡ ᠨᠠᠭᠠᠰᠢ ᠨᠤᠲᠤᠭ ᠪᠤᠴᠠᠵᠤ ᠲᠦᠷᠦᠯ ᠰᠠᠳᠤᠨ᠎ᠢᠶᠠᠨ ᠡᠷᠭᠢᠬᠦ ᠬᠦᠮᠦᠰ᠂ ᠵᠢᠭᠤᠯᠴᠢᠯᠠᠭᠰᠠᠳ᠎ᠤᠨ ᠲᠣᠭ᠎ᠠ ᠣᠯᠠᠰᠢᠷᠠᠬᠤ᠎ᠶᠢ ᠳᠠᠭᠠᠯᠳᠤᠨ ᠰᠢᠯᠢ᠎ᠶᠢᠨ ᠭᠣᠣᠯ᠎ᠤᠨ ᠬᠢᠯᠢ᠎ᠶᠢᠨ ᠬᠠᠮᠢᠶᠠᠷᠤᠯᠲᠠ᠎ᠶᠢᠨ ᠰᠠᠯᠪᠤᠷᠢ ᠠᠩᠭᠢ 《ᠤᠭᠲᠠᠷᠭᠤᠢ + ᠭᠠᠵᠠᠷ》 ᠤ᠋ᠨ ᠪᠣᠰᠣᠭ᠎ᠠ ᠴᠣᠭᠴᠠᠲᠤ ᠲᠣᠭᠣᠷᠢᠨ ᠬᠠᠮᠠᠭᠠᠯᠠᠬᠤ ᠵᠠᠭᠪᠤᠷ᠎ᠢ ᠪᠦᠬᠦ ᠲᠠᠯ᠎ᠠ᠎ᠪᠠᠷ ᠬᠡᠷᠡᠭᠯᠡᠵᠦ᠂ ᠬᠢᠯᠢ᠎ᠶᠢᠨ ᠨᠢᠭᠡᠳᠦᠭᠡᠷ ᠹᠷᠣᠨᠲ᠂ ᠬᠢᠯᠢ᠎ᠶᠢᠨ ᠪᠣᠭᠣᠮᠲᠠ ᠤᠯᠤᠰ᠎ᠤᠨ ᠡᠭᠦᠳᠡᠨ᠎ᠳᠦ ᠲᠣᠭᠣᠷᠢᠨ ᠪᠠᠢᠴᠠᠭᠠᠯᠲᠠ ᠬᠢᠵᠦ᠂ ᠴᠠᠭᠠᠨ ᠰᠠᠷ᠎ᠠ᠎ᠶᠢᠨ ᠠᠮᠤᠷ ᠲᠦᠪᠰᠢᠨ᠎ᠢ ᠬᠠᠮᠠᠭᠠᠯᠠᠵᠤ ᠪᠠᠢᠨ᠎ᠠ᠃
ᠴᠠᠰᠤᠲᠤ ᠣᠶᠡᠴᠡ ᠲᠠᠯ᠎ᠠ ᠵᠢᠨ ᠭᠦᠨ᠎ᠳᠦ ᠬᠦᠷᠲᠡᠯ᠎ᠡ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠨᠢ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠴᠠᠭᠳᠠᠭ᠎ᠠ ᠶᠢᠨ ᠴᠠᠭᠠᠨ ᠰᠠᠷ᠎ᠠ᠎ᠶᠢᠨ ᠠᠮᠤᠷ ᠠᠮᠤᠭᠤᠯᠠᠩ᠎ᠢ ᠰᠠᠬᠢᠨ ᠬᠠᠮᠠᠭᠠᠯᠠᠬᠤ᠎ᠳᠤ ᠰᠢᠨ᠎ᠡ ᠬᠥᠳᠡᠯᠭᠡᠬᠦ ᠡᠨ᠋ᠸᠷᠭᠢ ᠣᠯᠭᠣᠵᠤ ᠪᠠᠢᠨ᠎ᠠ᠃
ᠴᠠᠭᠠᠨ ᠰᠠᠷ᠎ᠠ᠎ᠶᠢᠨ ᠨᠠᠷᠠᠨ᠎ᠤ ᠰᠠᠴᠤᠷᠠᠭ ᠮᠤᠷᠤᠯᠵᠠᠨ ᠰᠤᠨᠤᠯᠵᠠᠭᠰᠠᠨ ᠬᠢᠯᠢ᠎ᠶᠢᠨ ᠱᠤᠭᠤᠮ᠎ᠢ ᠭᠡᠷᠡᠯᠲᠦᠭᠦᠯᠵᠦ᠂ ᠨᠡᠭᠦᠳᠡᠯ ᠠᠷᠠᠳ᠎ᠤᠨ ᠬᠠᠮᠢᠶᠠᠷᠤᠯᠲᠠ᠎ᠶᠢᠨ ᠴᠠᠭᠳᠠᠭ᠎ᠠ᠎ᠶᠢᠨ ᠴᠢᠷᠠᠢ᠎ᠳᠦ ᠴᠤᠭ ᠵᠢᠪᠬᠤᠭ᠎ᠠ ᠨᠡᠮᠡᠷᠢᠯᠡᠨ᠎ᠡ᠃ ᠥᠪᠥᠷ ᠮᠣᠩᠭᠣᠯ᠎ᠤᠨ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠳᠡᠳᠡ ᠠᠵᠢᠯ᠎ᠤᠨ ᠪᠠᠢᠷᠢ ᠪᠡᠨ ᠪᠠᠳᠦ ᠰᠠᠬᠢᠵᠤ᠂ ᠦᠨᠡᠨᠴᠢ ᠰᠢᠳᠤᠷᠭᠤ ᠬᠠᠷᠢᠭᠤᠴᠠᠯᠭ᠎ᠠ᠎ᠪᠠᠷ᠎ᠢᠶᠠᠨ ᠬᠢᠯᠢ ᠬᠢᠵᠠᠭᠠᠷ᠎ᠤᠨ ᠠᠮᠤᠷ ᠲᠣᠭᠲᠠᠭᠤᠨ᠎ᠢ ᠰᠠᠬᠢᠨ ᠬᠠᠮᠠᠭᠠᠯᠠᠵᠤ ᠪᠠᠢᠨ᠎ᠠ᠃