ᠰᠠᠢᠬᠠᠨ ᠬᠠᠨ ᠠᠭᠤᠯᠠ ᠵᠢᠨ ᠤᠢ ᠬᠠᠮᠠᠭᠠᠯᠠᠭᠴᠢᠳ ᠤ᠋ᠨ ᠴᠦᠬᠦᠷᠡᠰᠢ ᠦᠬᠡᠢ ᠪᠠᠷᠢᠮᠳᠠᠯᠠᠯ
2026-02-19 12:07:53
ᠵᠣᠬᠢᠶᠠᠭ᠍ᠴᠢ᠄
ᠸᠠᠡᠭ ᠲᠠᠨ᠎ᠠ
ᠣᠩᠱᠢᠭ᠍ᠰᠠᠨ ᠣᠳᠠᠭ᠎ᠠ᠄
★★★☆☆

ᠯᠡ ᠰᠠᠷ᠎ᠠ ᠵᠢᠨ ᠬᠠᠬᠢᠷ ᠬᠦᠢᠳᠡᠨ ᠵᠢᠡᠷ ᠤᠯᠠᠭᠠᠨᠬᠠᠳᠠ ᠬᠤᠲᠠ᠎ᠶ᠋ᠢᠨ ᠪᠠᠭᠠᠷᠢᠨ ᠪᠠᠷᠠᠭᠤᠨ ᠬᠤᠱᠢᠭᠤᠨ᠎ᠤ ᠰᠠᠢᠬᠠᠨ ᠬᠠᠨ ᠠᠭᠤᠯᠨ ᠤᠯᠤᠰ᠎ᠤᠨ ᠲᠠᠰ᠎ᠤᠨ ᠪᠠᠢᠭᠠᠯᠢ᠎ᠶ᠋ᠢᠨ ᠬᠠᠮᠠᠭᠠᠯᠠᠯᠲᠠ᠎ᠶ᠋ᠢᠨ ᠣᠷᠣᠨ᠎ᠳᠤ ᠬᠦᠷᠬᠦ ᠳ᠋ᠤ ᠮᠦᠰᠦ ᠴᠠᠰᠤᠨ ᠳ᠋ᠤ ᠬᠤᠴᠢᠭᠳᠠᠭᠰᠠᠨ ᠮᠦᠡᠭᠬᠦᠨ ᠡᠪᠤᠯ ᠤ᠋ᠨ ᠰᠠᠢᠬᠠᠨ ᠦᠵᠡᠮᠵᠢ ᠬᠤᠪᠢ ᠵᠢᠨ ᠭᠠᠳᠠᠨ᠎ᠠ ᠭᠤᠶᠤ ᠬᠠᠷᠠᠭ᠍ᠳᠠᠨ᠎ᠠ᠃ ᠠᠭᠤᠯᠠ ᠳᠤᠯᠤᠭᠠᠳ ᠤ᠋ᠨ ᠳᠤᠮᠳᠠ ᠣᠢ ᠮᠣᠳᠣᠳ ᠢᠭ᠍ᠴᠤᠷᠠᠨ ᠰᠦᠨᠳᠡᠷᠯᠡᠵᠤ᠂ ᠣᠢ ᠬᠠᠮᠠᠭᠠᠯᠠᠭ᠍ᠴᠢᠳ ᠲᠤᠷᠤᠭ ᠪᠤᠭᠤ᠂ ᠲᠣᠯᠪᠣᠲᠤ ᠪᠥᠬᠦᠩ᠂ ᠪᠣᠷᠣ ᠭᠥᠷᠥᠭᠡᠰᠦ ᠵᠡᠷᠭᠡ ᠬᠡᠭᠡᠷ᠎ᠡ᠎ᠶ᠋ᠢᠨ ᠠᠮᠢᠲᠠᠨ ᠤ᠋ ᠣᠷᠣᠱᠢᠨ ᠠᠮᠢᠳᠤᠷᠠᠬᠤ ᠭᠠᠵᠠᠷ ᠢ᠋ ᠬᠠᠮᠠᠭᠠᠯᠠᠭᠰᠠᠭᠠᠷ ᠢᠷᠡᠵᠠᠢ᠃


QQ截图20260219121042.png


ᠮᠠ ᠬᠠᠢ ᠳ᠋ᠦᠩ


1986 ᠣᠨ᠎ᠳᠤ ᠮᠠ ᠬᠠᠢ ᠳ᠋ᠦᠩ ᠡᠴᠢᠭᠡ᠎ᠶ᠋ᠢᠨ᠎ᠢᠶᠠᠨ ᠠᠵᠢᠯ᠎ᠢ ᠵᠠᠯᠭᠠᠮᠵᠢᠯᠠᠨ ᠪᠠᠭᠠᠷᠢᠨ ᠪᠠᠷᠠᠭᠤᠨ ᠬᠤᠱᠢᠭᠤᠨ᠎ᠤ ᠰᠠᠢᠬᠠᠨ ᠬᠠᠨ ᠠᠭᠤᠯᠠ ᠣᠢ ᠱᠢᠭᠤᠢ᠎ᠶ᠋ᠢᠨ ᠲᠠᠯᠠᠪᠠᠢ᠎ᠳᠤ ᠠᠵᠢᠯᠯᠠᠭᠠᠳ ᠨᠢᠭᠡ ᠮᠡᠳᠡᠬᠦ ᠳ᠋ᠤ 40 ᠵᠢᠯ ᠪᠣᠯᠵᠠᠢ᠃ ᠯᠠ ᠰᠠᠷ᠎ᠠ᠎ᠶ᠋ᠢᠨ ᠬᠤᠷᠢᠳ᠎ᠤᠨ ᠥᠷᠯᠥᠭᠡ ᠨᠠᠮ ᠭᠥᠮ ᠠᠳᠠᠯ᠎ᠠ ᠪᠠᠨ ᠵᠢᠩ ᠲᠠᠢ ᠪᠠᠢᠪᠠ᠃ 《ᠲᠩᠷᠢ ᠭᠡᠭᠡᠷᠡᠬᠦ᠌ ᠰᠢᠬᠠᠯ᠎ᠠ᠂ ᠤᠳᠤ ᠪᠤᠰᠴᠤ ᠠᠭᠤᠯᠠ ᠴᠠᠭ᠍ᠳᠠᠨ᠎ᠠ ᠳ᠋ᠠ》 ᠬᠡᠵᠤ ᠮᠠ ᠬᠠᠢ ᠳ᠋ᠦᠩ ᠬᠡᠯᠡᠬᠦ ᠵᠢᠨ ᠲᠠᠭᠠᠤ ᠬᠦᠪᠦᠩ ᠳᠡᠪᠡᠯ ᠵᠢᠡᠨ ᠡᠮᠦᠰᠤᠨ᠂ ᠮᠣᠲ᠋ᠣᠷ ᠲᠡᠷᠭᠡ ᠪᠠᠨ ᠤᠨᠤᠨ ᠬᠠᠷᠢᠶᠠᠲᠤ ᠣᠷᠣᠨ᠎ᠤ ᠡᠾᠸᠢ ᠯᠢᠨ ᠭᠤᠤ ᠵᠦᠭ ᠲᠠᠪᠬᠢᠭᠤᠯᠪᠠ᠃ ᠮᠠ ᠬᠠᠢ ᠳ᠋ᠦᠩ ᠤᠢ ᠳ᠋ᠤ ᠤᠷᠤᠭᠰᠠᠨ ᠤ᠋ ᠲᠠᠷᠠᠭ᠎ᠠ ᠮᠣᠲ᠋ᠣᠷ ᠵᠢᠡᠨ ᠵᠤᠭᠰᠤᠭᠠᠨ ᠶᠠᠪᠠᠭᠠᠨ᠎ᠢᠶᠠᠷ ᠠᠭᠤᠯᠠ᠎ᠶ᠋ᠢ ᠴᠠᠭ᠍ᠳᠠᠨ ᠪᠠᠢᠴᠠᠭᠠᠪᠠ᠃ 《ᠨᠢᠭᠡ ᠤᠳᠠᠭ᠎ᠠ ᠪᠠᠷᠤᠭ 20 ᠭᠠᠵᠠᠷ ᠪᠠᠢᠴᠠᠭᠠᠵᠤ᠂ ᠭᠤᠷᠪᠠ ᠳᠥᠷᠪᠡᠨ ᠴᠠᠭ ᠬᠡᠷᠡᠭ᠌ᠰᠡᠳᠡᠭ᠃ ᠡᠪᠦᠯ᠎ᠤᠨ ᠤᠯᠠᠷᠢᠯ᠎ᠳᠤ ᠬᠡᠳᠦᠢᠪᠡᠷ ᠦᠷᠭᠦᠯᠵᠢ ᠴᠠᠰᠤ᠎ᠲᠠᠢ ᠪᠣᠯᠪᠠᠴᠤ᠌ ᠲᠣᠭᠤᠷᠢᠨ ᠪᠠᠢᠴᠠᠭᠠᠵᠤ ᠬᠠᠮᠢᠶᠠᠷᠤᠨ ᠬᠠᠮᠠᠭᠠᠯᠠᠬᠤ ᠠᠵᠢᠯ ᠶᠡᠷᠦ᠍᠎ᠠᠴᠠ ᠰᠤᠯᠠᠷᠠᠭ᠍ᠰᠠᠨ ᠦᠭᠡᠢ᠂ ᠤᠳᠠᠭ᠎ᠠ ᠪᠦᠷᠢ ᠵᠢᠨ ᠠᠭᠤᠯᠠ᠎ᠶ᠋ᠢ ᠲᠣᠭᠤᠷᠢᠨ ᠴᠠᠭ᠍ᠳᠠᠬᠤ᠎ᠨᠢ ᠴᠥᠮ ᠡᠨᠡ ᠬᠦ᠌ ᠡᠷᠬᠢᠮ ᠨᠠᠨᠳᠢᠨ ᠡᠬᠢ ᠪᠠᠶᠠᠯᠢᠭ᠎ᠲᠤ ᠬᠤᠪᠢ ᠨᠡᠮᠡᠷᠢ ᠦᠵᠡᠭᠦᠯᠵᠦ᠍ ᠪᠠᠢᠭ᠎ᠠ ᠶᠠᠪᠤᠳᠠᠯ ᠪᠣᠯᠤᠨ᠎ᠠ᠃ ᠡᠪᠦᠯ ᠭᠣᠣᠯᠳᠠᠭᠤ ᠡᠪᠳᠡᠷᠡᠭ᠌ᠰᠡᠨ ᠲᠣᠣᠷ ᠬᠡᠷᠡᠰᠬᠡ ᠵᠢ ᠵᠠᠰᠠᠨ ᠰᠡᠯᠪᠢᠵᠤ᠂ ᠬᠠᠪᠤᠷ ᠨᠠᠮᠤᠷ ᠲᠠᠭᠠᠨ ᠭᠤᠤᠯᠳᠠᠭᠤ ᠬᠥᠮᠦᠨ ᠬᠠᠷ᠎ᠠ ᠵᠢᠨ ᠭᠠᠯ ᠠᠯᠳᠠᠬᠤ ᠵᠢ ᠰᠡᠷᠬᠡᠢᠯᠡᠵᠤ᠂ ᠣᠶ ᠱᠢᠭᠤᠶ ᠡᠪᠡᠰᠦ ᠪᠡᠯᠴᠢᠭᠡᠷ᠎ᠤᠨ ᠭᠠᠯ᠎ᠤᠨ ᠠᠶᠤᠯ᠎ᠢ ᠴᠢᠩᠭ᠎ᠠ ᠰᠡᠷᠭᠡᠢᠯᠡᠨ᠎ᠡ》 ᠭᠡᠵᠦ ᠮᠠ ᠬᠠᠶ ᠳ᠋ᠦᠡᠭ ᠲᠠᠨᠢᠯᠴᠠᠭᠤᠯᠤᠨ᠎ᠠ᠃

ᠣᠢᠷ᠎ᠠ᠎ᠶᠢᠨ ᠵᠢᠯ᠎ᠡᠴᠡ ᠨᠠᠭᠠᠰᠢ᠂ ᠰᠠᠢᠬᠠᠨ ᠬᠠᠨ ᠠᠭᠤᠯᠠᠨ᠎ᠤ᠋ ᠬᠠᠮᠠᠭᠠᠯᠠᠯᠲᠠ᠎ᠶᠢᠨ ᠣᠷᠣᠨ ᠨᠢ ᠪᠦᠬᠦ᠌ ᠤᠯᠤᠰ᠎ᠤ᠋ᠨ 20 ᠭᠠᠷᠤᠢ ᠰᠢᠨᠵᠢᠯᠡᠬᠦ ᠤᠬᠠᠭᠠᠨ᠎ᠤ᠋ ᠰᠤᠳᠤᠯᠭᠠᠨ᠎ᠤ᠋ ᠬᠦᠷᠢᠶᠡᠯᠡᠩ ᠭᠠᠵᠠᠷ᠎ᠤ᠋ᠨ ᠰᠢᠨᠵᠢᠯᠡᠬᠦ ᠤᠬᠠᠭᠠᠨ᠎ᠤ᠋ ᠰᠤᠳᠤᠯᠭᠠᠨ ᠪᠣᠯᠤᠨ ᠵᠢᠭᠠᠨ ᠰᠤᠷᠭᠠᠯᠲᠠ᠎ᠶᠢᠨ ᠰᠠᠭᠤᠷᠢᠨ ᠭᠠᠵᠠᠷ ᠪᠣᠯᠵᠤ᠂ ᠰᠠᠢᠬᠠᠨ ᠬᠠᠨ ᠠᠭᠤᠯᠠᠨ᠎ᠤ᠋ ᠬᠠᠮᠠᠭᠠᠯᠠᠯᠲᠠ᠎ᠶᠢᠨ ᠣᠷᠣᠨ ᠨᠢ ᠰᠤᠳᠤᠯᠭᠠᠨ᠎ᠳ᠋ᠤ ᠣᠷᠣᠯᠴᠠᠬᠤ᠎ᠶᠢᠨ ᠳᠠᠭᠠᠤ ᠬᠠᠮᠠᠭᠠᠯᠠᠯᠲᠠ᠎ᠶᠢᠨ ᠣᠷᠣᠨ᠎ᠳ᠋ᠤ ᠴᠤ᠌ ᠨᠢᠭᠡ ᠪᠦᠯᠦᠭ 《ᠨᠤᠲᠤᠭ᠎ᠤ᠋ᠨ ᠲᠤᠰᠭᠠᠢ ᠮᠡᠷᠭᠡᠵᠢᠯᠲᠡᠨ》 ᠢ᠋ ᠬᠦᠮᠦᠵᠢᠬᠦᠯᠦᠨ ᠦᠭᠴᠡᠢ᠃ 《ᠲᠠᠯᠠᠭᠠᠳ ᠤᠨ ᠳ᠋ᠤ ᠲᠦᠷᠦᠭᠰᠡᠨ》 ᠹᠧᠩ ᠵᠦᠩ ᠬᠤᠸᠠ ᠪᠣᠯ ᠳᠠᠷᠤᠢ ᠲᠡᠳᠡᠨ᠎ᠤ ᠳᠣᠲᠣᠷᠠᠬᠢ ᠨᠢᠭᠡ ᠬᠡᠰᠢᠬᠦᠨ ᠪᠣᠯᠤᠨ᠎ᠠ᠃ ᠲᠡᠷᠡ ᠦᠷᠭᠦᠯᠵᠢ ᠲᠤᠰᠭᠠᠶ ᠮᠡᠷᠭᠡᠵᠢᠯᠲᠡᠨ ᠡᠷᠳᠡᠮᠲᠡᠳ ᠲᠤ᠌ ᠵᠠᠮᠴᠢᠯᠠᠭᠴᠢ ᠪᠤᠯᠵᠤ᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠠᠵᠢᠯ᠎ᠢ ᠬᠠᠪᠰᠤᠷᠤᠨ ᠥᠷᠨᠢᠭᠦᠯᠵᠦ᠍᠂ ᠲᠡᠳᠡᠨ᠎ᠳᠤ ᠬᠠᠪᠰᠤᠷᠤᠯᠭ᠎ᠠ ᠦᠵᠡᠭᠦᠯᠬᠦ᠌ ᠵᠢᠨ ᠲᠠᠭᠠᠤ ᠮᠠᠰᠢ ᠣᠯᠠᠨ ᠲᠤᠰᠭᠠᠶ ᠮᠡᠷᠭᠡᠵᠢᠯ᠎ᠤᠨ ᠮᠡᠳᠡᠯᠭᠡ᠎ᠶ᠋ᠢ ᠡᠵᠡᠮᠰᠢᠵᠦ᠂ ᠠᠭᠠᠵᠢᠮ ᠵᠢᠡᠷ ᠠᠭᠤᠯᠠᠨ ᠳᠣᠲᠣᠷᠠᠬᠢ ᠬᠡᠭᠡᠷ᠎ᠡ᠎ᠶ᠋ᠢᠨ ᠠᠮᠢᠲᠠᠨ᠎ᠤ ᠵᠠᠩ ᠴᠢᠨᠠᠷ᠎ᠢ ᠤᠢᠯᠠᠭᠠᠵᠠᠢ᠃ 《ᠲᠤᠷᠤᠭ ᠪᠤᠭᠤ᠂ ᠪᠣᠷᠣ ᠭᠥᠷᠥᠭᠡᠰᠦ ᠬᠤᠷᠴᠠ ᠰᠠᠮᠪᠠᠭᠠᠯᠢᠭ᠂ ᠪᠣᠯᠭᠤᠮᠵᠢᠲᠠᠶ ᠪᠠᠢᠵᠤ᠂ ᠱᠢᠯᠦᠭᠦᠰᠦ ᠭᠠᠭ᠍ᠴᠠᠭᠠᠷ ᠶᠠᠪᠤᠬᠤ ᠳᠤᠷᠠᠲᠠᠢ ᠪᠠᠢᠵᠤ᠂ ᠦᠨᠡᠭᠡ ᠲᠦᠷᠦᠯᠬᠢ ᠰᠡᠵᠢᠭ ᠶᠡᠬᠡᠳᠠᠢ ᠁ 》 ᠹᠧᠩ ᠵᠦᠩ ᠬᠤᠸᠠ ᠤᠢ ᠵᠢᠨ ᠲᠤᠳᠤᠷᠠᠬᠢ ᠠᠮᠢᠲᠠᠨ᠎ᠤ ᠵᠠᠩ ᠴᠢᠨᠠᠷ᠎ᠢ ᠠᠯᠠᠭᠠᠨ᠎ᠤ ᠵᠢᠷᠤᠭᠠᠰᠤ ᠰᠢᠭ᠋ ᠵᠢᠡᠨ ᠲᠤᠳᠤᠷᠬᠠᠢ ᠮᠡᠳᠡᠵᠦ ᠪᠠᠢᠯ᠎ᠠ᠃


QQ截图20260219121059.png


ᠹᠧᠩ ᠵᠦᠩ ᠬᠤᠸᠠ


ᠨᠠᠶᠠᠭᠠᠳ ᠣᠨ᠎ᠳᠤ ᠲᠦᠷᠦᠭᠰᠡᠨ ᠡᠮᠡᠭ᠌ᠲᠡᠢ ᠺᠠᠳ᠋ᠷ ᠬᠤᠩ ᠮᠸᠢ ᠵᠢᠩ 2013 ᠣᠨ᠎ᠳᠤ ᠴᠠᠭ᠍ᠳᠠᠭᠠᠨ᠎ᠤ ᠬᠤᠪᠴᠠᠰᠤ᠎ᠪᠠᠨ ᠲᠠᠢᠯᠵᠤ᠂ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠢᠯᠡᠰ᠎ᠲᠤ ᠡᠷᠡᠰ ᠱᠢᠭᠤᠷᠬᠠᠢ᠎ᠪᠠᠷ ᠣᠷᠣᠯᠴᠠᠵᠤ᠂ ᠬᠡᠭᠦᠳᠡᠭ ᠳᠦᠭᠦᠷᠡᠩ ᠤᠷᠬᠢᠯᠤᠮ᠎ᠠ ᠬᠠᠯᠠᠭᠤᠨ ᠰᠡᠳᠬᠢᠯᠬᠡ ᠪᠠᠨ ᠡᠨᠡ ᠬᠦ᠌ ᠬᠦᠷᠦᠰᠦᠨ ᠳ᠋ᠤ ᠰᠢᠩᠭᠡᠭᠡᠵᠡᠢ᠃

12 ᠵᠢᠯ᠎ᠤᠨ ᠬᠤᠭᠤᠴᠠᠭᠠᠨ᠎ᠳᠤ ᠲᠡᠷᠡ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ 《ᠰᠢᠨ᠎ᠠ ᠬᠦᠮᠦᠨ》 ᠪᠠᠢᠭᠰᠠᠨ ᠡᠴᠡ ᠪᠠᠨ 《ᠬᠤᠱᠢᠭᠤᠴᠢ ᠴᠡᠷᠢᠭ》 ᠪᠣᠯᠤᠨ ᠲᠠᠪᠳᠠᠨ ᠪᠤᠯᠪᠠᠰᠤᠷᠠᠭᠳᠠᠵᠤ᠂ ᠤᠯᠠ ᠮᠥᠷ᠎ᠨᠢ ᠰᠠᠢᠬᠠᠨ ᠬᠠᠨ ᠠᠭᠤᠯᠠ ᠵᠢᠨ ᠥᠨᠴᠥᠭ ᠪᠤᠯᠤᠩ ᠪᠤᠯᠭᠠᠨ᠎ᠳᠤ ᠲᠠᠷᠬᠠᠵᠠᠢ᠃ ᠲᠡᠷᠡ ᠪᠦᠯᠬᠦᠮ᠎ᠵᠢᠡᠨ ᠲᠠᠭᠠᠭᠤᠯᠤᠨ ᠨᠡᠢᠲᠡ 5000 ᠭᠠᠷᠤᠶ ᠬᠤᠪᠢ ᠦᠯᠢᠭᠡᠷ ᠬᠡᠪ᠎ᠢ ᠴᠤᠭ᠍ᠯᠠᠭᠤᠯᠤᠨ ᠦᠢᠯᠡᠳᠴᠦ᠍᠂ ᠬᠠᠮᠠᠭᠠᠯᠠᠯᠲᠠ᠎ᠶ᠋ᠢᠨ ᠣᠷᠣᠨ᠎ᠤ ᠬᠡᠭᠡᠷ᠎ᠡ᠎ᠶ᠋ᠢᠨ ᠠᠮᠢᠲᠠᠨ ᠤᠷᠭᠤᠮᠠᠯ᠎ᠤᠨ ᠲᠥᠷᠥᠯ ᠵᠦᠶ᠋ᠯ᠎ᠢ 3070 ᠵᠦᠶ᠋ᠯ ᠪᠠᠢᠭ᠍ᠰᠠᠨ ᠡᠴᠡ 3300 ᠵᠦᠶ᠋ᠯ ᠪᠣᠯᠭᠠᠨ ᠨᠡᠮᠡᠭ᠌ᠳᠡᠭᠦᠯᠬᠦ᠌᠎ᠶ᠋ᠢ ᠠᠬᠢᠭᠤᠯᠵᠤ᠂ ᠨᠠᠩ ᠴᠤ᠌ ᠳᠤᠮᠳᠠᠳᠤ ᠤᠯᠤᠰ᠎ᠤᠨ 13 ᠵᠦᠶ᠋ᠯ᠎ᠤᠨ ᠱᠢᠨ᠎ᠡ ᠲᠡᠮᠳᠡᠭ᠌ᠯᠡᠯ᠎ᠤᠨ ᠠᠮᠢᠳᠤ ᠪᠣᠳᠠᠰ᠎ᠢ ᠢᠯᠡᠷᠡᠭᠦᠯᠵᠦ᠂ 10 ᠭᠠᠷᠤᠢ ᠵᠦᠢᠯ᠎ᠤᠨ ᠱᠢᠨᠵᠢᠯᠡᠬᠦ᠌ ᠤᠬᠠᠭᠠᠨ᠎ᠤ ᠰᠤᠳᠤᠯᠭᠠᠨ᠎ᠤ ᠦᠷ᠎ᠡ ᠪᠦᠲᠦᠭᠡᠯ᠎ᠢ ᠭᠤᠶᠤᠴᠢᠯᠠᠨ ᠮᠡᠳᠡᠭᠦᠯᠵᠦ᠍᠂ ᠤᠯᠠᠨ ᠵᠦᠢᠯ᠎ᠤᠨ ᠲᠤᠰᠭᠠᠢ ᠠᠱᠢᠭ᠎ᠢ ᠬᠦᠷᠲᠡᠪᠡ᠃


QQ截图20260219121114.png


ᠬᠤᠩ ᠮᠸᠢ ᠵᠢᠩ (ᠵᠡᠭᠦᠨᠲᠡᠬᠢ)


ᠰᠢᠨ᠎ᠡ ᠥᠷᠢᠰᠦᠯᠳᠦᠭᠡᠨ᠎ᠦ᠌ ᠡᠮᠦᠨ᠎ᠡ ᠬᠣᠩ ᠮᠧᠢ ᠵᠢᠩ ᠬᠢᠨᠠᠨ ᠬᠡᠮᠵᠢᠯᠳᠠ ᠵᠢᠨ ᠦᠷ᠎ᠠ ᠳ᠋ᠦᠡᠭ ᠢ᠋ ᠴᠠᠭ ᠳᠤᠬᠠᠢ ᠳ᠋ᠤᠨᠢ ᠲᠠᠮᠵᠢᠭᠤᠯᠬᠤ ᠲᠥᠬᠥᠭᠡᠷᠦᠮᠵᠢ᠂ ᠠᠮᠢᠲᠠᠨ᠎ᠤ᠋ ᠳᠠᠭᠤᠨ᠎ᠢ᠋ ᠬᠢᠨᠠᠨ ᠬᠡᠮᠵᠢᠬᠦ᠌ ᠲᠥᠬᠥᠭᠡᠷᠦᠮᠵᠢ᠎ᠶᠢ ᠣᠷᠣᠭᠤᠯᠤᠨ ᠠᠪᠴᠢᠷᠠᠵᠤ᠂ ᠡᠷᠲᠡᠨ᠎ᠦ᠌ ᠠᠭᠤᠯᠠᠨ ᠣᠢ᠎ᠳ᠋ᠤ 《ᠣᠶᠤᠨᠳᠤ ᠳᠤᠷᠠᠨ》 ᠤᠭ᠍ᠰᠠᠷᠠᠵᠤ᠂ 《ᠤᠯᠠᠮᠵᠢᠯᠠᠬᠤ ᠬᠠᠪᠰᠤᠷᠬᠤ ᠲᠠᠭᠠᠭᠤᠯᠬᠤ》 ᠲᠠᠪᠴᠠᠩ ᠭᠠᠷᠭᠠᠵᠤ᠂ ᠦᠬᠦᠮᠡᠯ ᠲᠣᠭ᠎ᠠ ᠪᠠᠷᠢᠮᠲᠠ᠎ᠶᠢ ᠠᠮᠢᠳᠤ ᠬᠡᠷᠡᠭ᠎ᠦ᠋ᠨ ᠵᠢᠱ᠌ᠢᠶ᠎ᠡ ᠪᠣᠯᠭᠠᠨ ᠬᠤᠪᠢᠷᠠᠭᠤᠯᠵᠤ᠂ ᠵᠠᠯᠠᠭᠤ ᠮᠡᠷᠭᠡᠵᠢᠯᠲᠡᠨ᠎ᠢ᠋ ᠬᠦᠮᠦᠵᠢᠬᠦᠯᠵᠠᠢ᠃ ᠬᠣᠩ ᠮᠧᠢ ᠵᠢᠩ  ᠦᠪᠡᠷ᠎ᠤᠨ ᠴᠢᠷᠮᠠᠢᠯᠭ᠎ᠠ ᠪᠡᠷ ᠵᠢᠡᠨ ᠳᠠᠮᠵᠢᠨ ᠥᠪᠡᠷᠲᠡᠭᠡᠨ ᠵᠠᠰᠠᠬᠤ ᠣᠷᠣᠨ᠎ᠤ᠋ ᠰᠢᠨᠵᠢᠯᠡᠬᠦ ᠤᠬᠠᠭᠠᠨ ᠮᠡᠷᠭᠡᠵᠢᠯ᠎ᠦ᠋ᠨ ᠲᠠᠪᠰᠢᠯᠳᠠ᠎ᠶᠢᠨ ᠱᠠᠩᠨᠠᠯ᠎ᠤ᠋ᠨ ᠨᠢᠭᠡᠳᠦᠭᠡᠷ ᠳᠡᠰ᠂ ᠳᠤᠮᠳᠠᠳᠤ ᠤᠯᠤᠰ᠎ᠤ᠋ᠨ ᠬᠥᠮᠦᠨ ᠪᠣᠯᠤᠨ ᠠᠮᠢᠳᠤ ᠪᠣᠳᠠᠰ᠎ᠤ᠋ᠨ ᠬᠦᠷᠢᠶᠡᠨ᠎ᠦ᠌ ᠤᠯᠤᠰ᠎ᠤ᠋ᠨ ᠵᠥᠪᠯᠡᠯ᠎ᠦ᠋ᠨ 《ᠵᠠᠯᠠᠭᠤᠴᠤᠳ᠎ᠤ᠋ᠨ ᠰᠢᠨᠵᠢᠯᠡᠬᠦ᠌ ᠤᠬᠠᠭᠠᠨ᠎ᠤ᠋ ᠱᠠᠩᠨᠠᠯ》 ᠵᠡᠷᠭᠡ ᠤᠯᠠᠨ ᠱᠠᠩᠨᠠᠯ ᠲᠤᠰᠴᠠᠢ᠃

ᠰᠠᠢᠬᠠᠨ ᠬᠠᠨ ᠠᠭᠤᠯᠠ᠎ᠶ᠋ᠢᠨ ᠬᠠᠮᠠᠭᠠᠯᠠᠯᠲᠠ᠎ᠶ᠋ᠢᠨ ᠣᠷᠣᠨ᠎ᠳᠤ ᠮᠠ ᠬᠠᠢ ᠳ᠋ᠦᠩ᠂ ᠹᠧᠩ ᠵᠦᠩ ᠬᠤᠸᠠ᠂ ᠬᠤᠩ ᠮᠧᠢ ᠵᠢᠩ ᠵᠡᠷᠭᠡ ᠡᠨᠡ ᠬᠦ᠌ ᠰᠠᠬᠢᠨ ᠬᠠᠮᠠᠭᠠᠯᠠᠭ᠍ᠴᠢᠳ 120 ᠭᠠᠷᠤᠢ ᠪᠤᠢ᠃ ᠲᠡᠳᠡ ᠠᠭᠤᠯᠠ᠎ᠪᠠᠷ ᠭᠡᠷ ᠵᠢᠡᠨ ᠪᠣᠯᠭᠠᠵᠤ᠂ ᠤᠢ᠎ᠪᠠᠷ ᠬᠠᠨᠢ ᠪᠠᠨ ᠪᠣᠯᠭᠠᠵᠤ᠂ ᠨᠣᠭᠤᠭᠠᠨ ᠲᠠᠯ᠎ᠠ ᠨᠠᠷᠠᠰᠤᠨ ᠤᠢ ᠵᠢᠨ ᠬᠤᠭᠤᠷᠣᠨᠳᠤ ᠬᠠᠷᠠᠮᠰᠠᠯ ᠦᠬᠡᠢ ᠪᠠᠲᠤ ᠰᠠᠬᠢᠵᠤ᠂ ᠡᠨᠡ ᠬᠦ᠌ ᠥᠨᠢ ᠡᠭᠦᠷᠢᠳᠡ᠎ᠶᠢᠨ ᠠᠮᠢ ᠠᠬᠤᠢ᠎ᠶᠢᠨ ᠠᠷᠢᠭᠤᠨ ᠬᠥᠷᠥᠰᠥ᠎ᠶᠢ ᠬᠠᠮᠠᠭᠠᠯᠠᠵᠤ ᠶᠠᠪᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号