《ᠡᠷᠳᠡ ᠬᠦᠷᠦᠭᠡᠳ ᠢᠷᠡᠴᠢᠬᠡᠪᠡ ᠤᠤ?》᠂ 《ᠲᠠᠢᠮᠤ ᠡ᠂ ᠠᠰᠢᠭ ᠬᠤᠪᠢᠶᠠᠷᠢᠯᠠᠬᠤ ᠬᠡᠵᠦ ᠪᠠᠢᠬᠤ ᠶᠤᠮ ᠴᠢᠨᠢ ᠯᠠᠪᠳᠠᠢ ᠡᠷᠳᠡ ᠢᠷᠡᠨ᠎ᠠ ᠰᠢᠳᠡ!》 ᠤᠢᠷ᠎ᠠ ᠵᠢᠨ ᠡᠳᠦᠷ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨᠤ ᠰᠢ ᠡᠾᠧ ᠰᠢᠶᠠᠩᠤᠨ ᠴᠢᠶᠠᠨ ᠡᠾᠧ ᠲᠤᠰᠬᠤᠨᠤ ᠨᠠᠮᠤᠨ ᠭᠡᠰᠢᠬᠦᠨ ᠤᠯᠠᠨ ᠲᠦᠮᠡᠨ ᠤ ᠦᠢᠯᠡᠴᠢᠯᠡᠭᠡᠨᠤ ᠲᠦᠪ ᠲᠤ᠌ ᠬᠤᠶᠠᠷ ᠭᠦᠮᠦᠨᠤ ᠲᠦᠭᠦᠮᠬᠡᠨ ᠶᠠᠷᠢᠶ᠎ᠠ ᠪᠦᠬᠦ ᠲᠤᠰᠬᠤᠨᠤ ᠠᠷᠠᠳᠤᠨ ᠪᠠᠶᠠᠰᠤᠯᠢ ᠪᠦᠷᠢᠨ ᠢᠯᠡᠷᠡᠭᠦᠯᠵᠦ ᠪᠠᠢᠯ᠎ᠠ᠃ ᠲᠤᠰ ᠡᠳᠦᠷ ᠴᠢᠶᠠᠨ ᠡᠾᠧ ᠲᠤᠰᠬᠤᠨᠤ ᠠᠷᠠᠳᠤᠳ ᠦᠢᠯᠡᠴᠢᠯᠡᠭᠡᠨ ᠤ ᠲᠦᠪ ᠲᠤ᠌ ᠡᠷᠳᠡᠯᠡᠨ ᠢᠷᠡᠵᠦ᠂ ᠬᠦᠰᠡᠵᠦ ᠬᠦᠯᠢᠶᠡᠭᠰᠡᠨ ᠵᠢᠯᠤᠨ ᠠᠰᠢᠭ ᠵᠢᠡᠨ ᠬᠤᠪᠢᠶᠠᠷᠢᠯᠠᠵᠦ᠂ ᠮᠦᠨ ᠰᠢᠨ᠎ᠠ ᠨᠢᠭᠡ ᠵᠢᠯᠤᠨ ᠵᠢᠡᠨ ᠦᠭᠡᠳᠡ ᠡᠰᠡᠷᠡᠭ ᠪᠠᠢᠬᠤ ᠵᠢ ᠪᠡᠯᠭᠡᠰᠢᠶᠠᠨ ᠵᠤᠭᠤᠬᠳᠠᠵᠠᠭᠠᠵᠦ ᠪᠠᠢᠪᠠ᠃
《ᠵᠠ ᠪᠦᠭᠦᠳᠡᠭᠡᠷ ᠤᠷᠤ ᠤᠷᠤ ᠪᠡᠨ ᠤᠯᠤᠭᠠᠳ ᠰᠠᠭᠤᠭᠠᠷᠠᠢ᠂ ᠪᠢ ᠤᠳᠤ ᠤᠯᠠᠨ ᠳ᠋ᠤ ᠡᠨᠡ ᠨᠢᠭᠡ ᠵᠢᠯ ᠤᠨ ᠲᠠᠩᠰᠠ ᠵᠢ ᠪᠤᠳᠤᠵᠦ ᠦᠭᠭᠦᠶ᠎ᠠ!》 ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨᠤ ᠰᠢ ᠡᠾᠧ ᠰᠢᠶᠠᠩ ᠤᠨ ᠴᠢᠶᠠᠨ ᠡᠾᠧ ᠲᠤᠰᠬᠤᠨᠤ ᠨᠠᠮ ᠤᠨ ᠡᠭᠦᠷ ᠤᠨ ᠱᠦᠵᠢ ᠮᠦᠷᠳᠡᠭᠡᠨ ᠲᠤᠰᠬᠤᠨᠤ ᠵᠦᠪᠯᠡᠯᠤᠨ ᠡᠷᠬᠢᠯᠡᠭᠴᠢ ᠸᠠᠩ ᠬᠠᠢ ᠵᠢᠶᠦ᠋ᠨ ᠨᠢᠭᠡ ᠲᠠᠯ᠎ᠠ ᠪᠡᠷ ᠭᠠᠷ ᠲᠤᠬᠢᠨ ᠤᠯᠠᠨᠢ ᠰᠠᠭᠤᠯᠭᠠᠬᠤ ᠵᠢᠨ ᠲᠠᠭᠠᠤ ᠨᠦᠬᠦᠭᠡ ᠲᠡᠯ᠎ᠠ ᠪᠡᠷ ᠲᠤᠰᠬᠤᠨᠤ ᠪᠡᠨ ᠡᠯᠪᠡᠭ ᠬᠤᠷᠢᠶᠠᠯᠳᠠ ᠵᠢᠨ ᠲᠠᠩᠰᠠ ᠵᠢ ᠪᠤᠳᠤᠵᠦ ᠭᠠᠷᠤᠯ᠎ᠠ᠃ 《ᠦᠨᠦᠳᠦᠷ ᠪᠢᠳᠡ ᠨᠢᠭᠡᠳᠦᠯᠳᠠᠢ ᠲᠠᠷᠢᠵᠦ ᠬᠠᠮᠳᠤ ᠪᠡᠷ ᠪᠠᠶᠠᠵᠢᠬᠤ ᠵᠢᠨ ᠠᠰᠢᠭᠢ ᠨᠡᠢᠳᠡ 100 ᠲᠦᠮᠡᠨ ᠲᠦᠭᠦᠷᠢᠭ ᠬᠤᠪᠢᠶᠠᠷᠢᠯᠠᠨ᠎ᠠ᠂ ᠡᠭᠦᠨ ᠲᠤᠳᠤᠷ᠎ᠠ ᠬᠠᠳᠠᠳᠤ᠂ ᠲᠠᠪᠤᠨ ᠤᠪᠤᠭ᠎ᠠ ᠵᠡᠷᠭᠡ 3 ᠪᠠᠢᠭᠠᠯᠢᠯᠢᠭ ᠲᠤᠰᠬᠤᠨᠢ ᠪᠠᠬᠳᠠᠭᠠᠵᠦ ᠪᠠᠢᠨ᠎ᠠ᠃ ᠡᠨᠡ ᠵᠢᠯ ᠮᠠᠨᠤᠰ ᠤᠨ ᠬᠤᠳᠠᠯᠳᠤᠬᠰᠠᠨ ᠲᠠᠷᠢᠶ᠎ᠠ ᠲᠤᠳᠤᠷ᠎ᠠ ᠦᠨ᠎ᠠ ᠪᠡᠷ ᠨᠡᠯᠢᠶᠠᠳ ᠰᠠᠢᠨ ᠨᠢ ᠨᠤᠬᠠᠢ ᠵᠢᠨ ᠬᠤᠰᠢᠭᠤ ᠡᠪᠡᠰᠤ᠂ ᠮᠤ᠌ ᠪᠦᠷᠢ ᠳ᠋ᠤ 162 ᠲᠦᠭᠦᠷᠢᠭ ᠬᠤᠪᠢᠶᠠᠷᠢᠯᠡᠵᠦ ᠲᠡᠢᠯᠦᠨ᠎ᠠ᠂ ᠨᠠᠷᠠᠨ ᠬᠤᠸᠠᠷ ᠪᠤᠯᠤᠨ ᠡᠷᠳᠡᠨᠢ ᠰᠢᠰᠢ ᠮᠤ᠌ ᠪᠦᠷᠢ ᠳ᠋ᠤ 400 ᠲᠦᠭᠦᠷᠢᠭ ᠬᠤᠪᠢᠶᠠᠷᠢᠯᠡᠵᠦ ᠲᠡᠢᠯᠦᠨ᠎ᠠ᠃ ᠮᠠᠨᠤᠰ ᠡᠨᠡ ᠵᠢᠯ ᠪᠠᠰᠠ ᠬᠢᠳᠡᠳ ᠡᠪᠡᠰᠤᠨ ᠡᠮ ᠲᠠᠷᠢᠵᠦ᠂ 8 ᠲᠦᠮᠡᠨ ᠲᠦᠭᠦᠷᠢᠭ ᠤᠨ ᠪᠡᠯᠡ ᠤᠷᠤᠭᠤᠯᠤᠯ᠎ᠠ ᠁》 ᠬᠡᠵᠦ ᠤᠷᠤᠯᠭ᠎ᠠ ᠵᠠᠷᠤᠯᠭ᠎ᠠ ᠪᠡᠨ ᠨᠠᠷᠢᠨ ᠲᠤᠭᠠᠴᠢᠵᠦ ᠭᠠᠷᠤᠯ᠎ᠠ᠃ ᠡᠳᠡᠭᠡᠷ ᠤᠷᠤᠯᠭ᠎ᠠ ᠵᠠᠷᠤᠯᠭ᠎ᠠ ᠵᠢ ᠲᠤᠰᠬᠤᠨ ᠤ ᠳ᠋ᠠ ᠳ᠋ᠦᠩ ᠡᠾᠧ ᠬᠤᠷᠰᠢᠶᠠᠵᠢᠯ ᠡᠴᠡ ᠪᠤᠳᠤᠵᠦ ᠭᠠᠷᠭᠠᠬᠰᠠᠨ ᠪᠠᠢᠵᠠᠢ᠃ ᠸᠠᠩ ᠬᠠᠢ ᠵᠢᠶᠦ᠋ᠨ ᠴᠤ᠌ ᠡᠳᠡᠭᠡᠷ ᠲᠠᠩᠰᠠ ᠵᠢ ᠠᠯᠠᠭᠠᠨᠤ ᠪᠠᠨ ᠵᠢᠷᠤᠭᠠᠰᠤ ᠰᠢᠭ᠋ ᠨᠠᠷᠢᠨ ᠴᠡᠭᠡᠵᠢᠯᠡᠵᠦ ᠪᠠᠢᠯ᠎ᠠ᠃ ᠲᠤᠰᠬᠤᠨᠤ ᠠᠷᠠᠳᠤᠳ ᠡᠳᠡᠭᠡᠷ ᠤᠷᠤᠯᠭ᠎ᠠ ᠵᠠᠷᠤᠯᠭ᠎ᠠ ᠵᠢᠨ ᠲᠠᠩᠰᠠ ᠵᠢ ᠨᠢᠮᠪᠠᠢ ᠰᠤᠨᠤᠰᠬᠤ ᠵᠢᠨ ᠲᠠᠭᠠᠤ ᠳ᠋ᠤ ᠨᠠᠮ ᠲᠠᠭᠤ ᠪᠡᠷ ᠬᠠᠵᠠᠭᠤ ᠵᠢᠨ ᠬᠦᠮᠦᠰ ᠲᠠᠢ ᠪᠡᠨ ᠶᠠᠷᠢᠯᠴᠠᠵᠦ᠂ ᠴᠢᠷᠠᠢ ᠳ᠋ᠤ ᠨᠢ ᠬᠠᠨᠤᠮᠵᠢᠳᠠᠢ ᠮᠦᠰᠢᠶᠡᠳᠤ ᠲᠤᠳᠤᠷᠠᠵᠦ ᠪᠠᠢᠪᠠ᠃
ᠲᠠᠷᠠᠭᠠᠳᠤᠨᠢ ᠨᠠᠮ ᠤᠯᠠᠨ ᠲᠦᠮᠡᠨ ᠤ ᠦᠢᠯᠡᠴᠢᠯᠡᠭᠡᠨ ᠤ ᠲᠦᠪ ᠤᠨ ᠬᠦᠷᠢᠶᠡᠨ ᠲᠤᠮᠳᠠᠬᠢ ᠫᠤᠤᠵᠢᠩ ᠤᠨ ᠲᠠᠭᠤ ᠵᠢᠨ ᠨᠢᠵᠢᠬᠢᠨᠡᠬᠦ ᠵᠢ ᠲᠠᠭᠠᠯᠳᠤᠨ ᠠᠰᠢᠭ ᠬᠤᠪᠢᠶᠠᠷᠢᠯᠠᠯ ᠤᠨ ᠮᠦᠩᠬᠦ ᠭᠠᠷᠳᠠᠭᠤᠯᠬᠤ ᠠᠵᠢᠯ ᠵᠢᠩᠬᠢᠨᠢ ᠪᠡᠷ ᠡᠬᠢᠯᠡᠯ᠎ᠠ᠃ ᠠᠵᠢᠯᠳᠠᠳ ᠡᠴᠡ ᠠᠢᠯ ᠪᠤᠯᠭᠠᠨ ᠤ ᠬᠤᠪᠢᠶᠠᠷᠢᠯᠠᠬᠰᠠᠨ ᠬᠡᠮᠵᠢᠶ᠎ᠠ ᠪᠡᠷ ᠵᠤᠭᠤᠰᠢ ᠲᠤᠭᠠᠯᠠᠨ ᠤᠯᠠᠭᠠᠨ ᠤᠭᠤᠳᠠᠨ ᠳ᠋ᠤ ᠬᠢᠵᠦ᠂ ᠲᠤᠰᠬᠤᠨᠤ ᠠᠷᠠᠳ ᠲᠤ᠌ ᠭᠠᠷᠳᠠᠭᠤᠯᠤᠯ᠎ᠠ᠃ ᠲᠤᠰᠬᠤᠨᠤ ᠠᠷᠠᠳ ᠤᠳ ᠪᠠᠶᠠᠷᠤᠨ ᠢᠨᠢᠶᠡᠳᠤ ᠪᠢᠯᠬᠠᠭᠤᠯᠤᠨ ᠠᠢᠯ ᠠᠢᠯᠤᠨ ᠠᠰᠢᠭ ᠬᠤᠪᠢᠶᠠᠷᠢᠯᠠᠯᠤᠨ ᠮᠦᠩᠬᠦ ᠪᠡᠨ ᠭᠠᠷᠳᠠᠬᠤ ᠵᠢᠨ ᠲᠠᠭᠠᠤ ᠬᠠᠷᠢᠯᠴᠠᠨ ᠪᠡᠶᠠᠷ ᠬᠦᠷᠭᠡᠵᠦ᠂ ᠲᠤᠬᠠᠢ ᠵᠢᠨ ᠲᠠᠯᠠᠪᠤᠷᠤᠨ ᠠᠭᠤᠷ ᠠᠮᠢᠰᠬᠤᠯ ᠦᠭᠡᠳᠡᠷᠭᠡᠭ ᠰᠠᠢᠬᠠᠨ ᠪᠠᠢᠯ᠎ᠠ᠃
《ᠪᠢ 2024 ᠤᠨ ᠳ᠋ᠤ ᠳ᠋ᠠ ᠳ᠋ᠦᠩ ᠡᠾᠧ ᠬᠤᠷᠰᠢᠶᠠᠵᠢᠯ ᠳ᠋ᠤ ᠤᠷᠤᠵᠦ᠂ ᠨᠢᠳᠤᠨᠤᠨ ᠪᠠᠰᠠ 50 ᠭᠠᠷᠤᠢ ᠮᠤ᠌ ᠭᠠᠵᠠᠷ ᠨᠤᠳᠤᠭ ᠵᠢᠡᠷ ᠵᠢᠡᠨ ᠬᠤᠪᠢ ᠤᠷᠤᠵᠦ᠂ ᠦᠨᠦᠳᠤᠷᠤᠨ ᠠᠰᠢᠭ ᠬᠤᠪᠢᠶᠠᠷᠢᠯᠠᠯ ᠳ᠋ᠤ ᠬᠤᠶᠠᠷ ᠲᠦᠮᠡ ᠭᠠᠷᠤᠢ ᠲᠦᠭᠦᠷᠢᠭ ᠤᠯᠤᠯ᠎ᠠ᠂ ᠰᠡᠳᠬᠢᠯ ᠮᠠᠰᠢ ᠬᠠᠩᠭᠠᠮᠵᠢᠳᠠᠢ ᠪᠠᠢᠨ᠎ᠠ》 ᠬᠡᠵᠦ ᠲᠤᠰᠬᠤᠨ ᠤ᠋ ᠢᠷᠭᠡᠨ ᠯᠢ ᠸᠧᠨ ᠵᠢᠶᠦ᠋ᠨ ᠶᠠᠷᠢᠵᠦ ᠪᠠᠢᠯ᠎ᠠ᠃ ᠬᠤᠷᠰᠢᠶᠠᠵᠢᠯ ᠳ᠋ᠤ ᠤᠷᠤᠬᠰᠠᠨ ᠡᠴᠡ ᠨᠠᠭᠠᠰᠢ ᠴᠢᠶᠠᠨ ᠡᠾᠧ ᠲᠤᠰᠬᠤᠨᠤ ᠠᠷᠠᠳ ᠶᠠᠮᠠᠷᠴᠦ ᠰᠡᠳᠬᠢᠯ ᠵᠤᠪᠠᠬᠤ ᠤᠴᠢᠷ ᠦᠭᠡᠢ ᠪᠡᠷ ᠬᠠᠮᠤᠭ ᠲᠤᠤᠷ᠎ᠠ ᠲᠦᠪᠰᠢᠨ ᠢ ᠪᠠᠳᠤᠯᠠᠬᠰᠠᠨ ᠤᠷᠤᠯᠭ᠎ᠠ ᠲᠠᠢ ᠪᠡᠷ ᠦᠯᠦ ᠪᠠᠷᠠᠮ ᠪᠠᠰᠠ ᠦᠪᠡᠷᠰᠡᠳᠤᠨ ᠲᠠᠷᠢᠶ᠎ᠠ ᠲᠠᠷᠢᠬᠤ ᠪᠤᠯᠤᠨ ᠬᠤᠨᠢ ᠲᠡᠵᠢᠭᠡᠬᠦ ᠪᠡᠨ ᠬᠠᠷᠰᠢᠯᠠᠬᠤ ᠦᠭᠡᠢ᠂ ᠲᠡᠷᠡᠴᠢᠯᠡᠨ ᠬᠤᠷᠰᠢᠶᠠᠵᠢᠯ ᠳ᠋ᠤ ᠬᠦᠳᠡᠯᠮᠤᠷᠢ ᠬᠦᠴᠦ ᠬᠡᠷᠡᠭᠴᠡᠭᠡᠳᠠᠢ ᠦᠶ᠎ᠠ ᠳ᠋ᠤ ᠢᠷᠡᠵᠦ ᠬᠠᠪᠰᠤᠷᠤᠨ ᠠᠵᠢᠯ ᠬᠢᠵᠦ ᠦᠭᠭᠦᠨ᠂ ᠢᠯᠡᠭᠦᠦ ᠨᠢᠭᠡ ᠬᠤᠪᠢ ᠤᠷᠤᠯᠭ᠎ᠠ ᠤᠯᠵᠦ ᠲᠡᠢᠯᠬᠦ ᠪᠤᠯᠤᠬᠰᠠᠨ ᠪᠠᠢᠨ᠎ᠠ᠃
ᠤᠢᠷ᠎ᠠ ᠵᠢᠨ ᠵᠢᠯ ᠡᠴᠡ ᠰᠢ ᠡᠾᠧ ᠰᠢᠶᠠᠩ ᠤᠨ ᠴᠢᠶᠠᠨ ᠡᠾᠧ ᠲᠤᠰᠬᠤᠨ ᠨᠢ ᠲᠤᠰᠬᠤᠨ ᠤ ᠨᠠᠮ ᠤᠨ ᠡᠭᠦᠷ ᠤᠨ ᠲᠠᠭᠠᠭᠤᠯᠭ᠎ᠠ ᠲᠤᠤᠷ᠎ᠠ ᠭᠠᠵᠠᠷ ᠨᠤᠳᠤᠭ ᠤᠨ ᠲᠠᠷᠬᠠᠢ ᠪᠤᠳᠠᠷᠬᠠᠢ ᠡᠵᠡᠩᠨᠡᠯᠳᠡ ᠵᠢᠨ ᠪᠠᠢᠳᠠᠯᠢ ᠬᠤᠪᠢᠷᠠᠭᠤᠯᠵᠦ᠂ ᠲᠤᠰᠬᠤᠨ ᠤ ᠬᠠᠷᠢᠶᠠᠨ ᠳ᠋ᠡᠬᠢ ᠰᠤᠯᠨ ᠲᠠᠯᠪᠢᠬᠳᠠᠵᠦ ᠪᠠᠢᠭ᠎ᠠ ᠭᠠᠵᠠᠷ ᠨᠤᠳᠤᠭ ᠤᠨ ᠡᠬᠢ ᠪᠠᠶᠠᠯᠢᠭ ᠢ ᠨᠢᠭᠡᠳᠬᠡᠵᠦ᠂ ᠲᠠᠷᠢᠶᠠᠯᠠᠩ ᠤᠨ ᠦᠢᠯᠡᠳᠪᠦᠷᠢᠯᠡᠯ ᠢ ᠲᠠᠷᠬᠠᠢ ᠪᠤᠳᠠᠷᠬᠠᠢ ᠡᠵᠡᠩᠨᠡᠯᠳᠡ ᠡᠴᠡ ᠬᠡᠪᠴᠢᠶᠡᠵᠢᠬᠦᠯᠦᠨ ᠡᠵᠡᠩᠨᠡᠬᠦ ᠵᠦᠭ ᠬᠡᠯᠪᠡᠷᠢ ᠵᠢ ᠬᠤᠪᠢᠷᠠᠭᠤᠯᠤᠨ᠂ 300 ᠮᠤ᠌ ᠵᠢᠨ ᠲᠤᠷᠰᠢᠴᠠ ᠡᠴᠡ 2 ᠲᠦᠮᠡ ᠭᠠᠷᠤᠢ ᠮᠤ᠌ ᠵᠢᠨ ᠬᠡᠪᠴᠢᠶᠡᠵᠢᠬᠦᠯᠦᠨ ᠡᠵᠡᠩᠨᠡᠬᠦ 《ᠴᠢᠶᠠᠨ ᠡᠾᠧ ᠵᠢᠨ ᠬᠤᠷᠳᠤᠴᠠ》 ᠵᠢ ᠡᠭᠦᠳᠦᠭᠰᠡᠨ ᠪᠠᠢᠨ᠎ᠠ᠃ ᠲᠤᠰᠬᠤᠨᠤ ᠠᠷᠠᠳ ᠨᠢ ᠭᠠᠵᠠᠷ ᠨᠤᠳᠤᠭ ᠵᠢᠡᠷ ᠵᠢᠡᠨ ᠬᠤᠪᠢ ᠤᠷᠤᠬᠤ ᠪᠤᠯᠤᠨ ᠪᠡᠯᠡ ᠮᠦᠩᠬᠦ ᠪᠡᠷ ᠬᠤᠪᠢ ᠤᠷᠤᠬᠤ ᠬᠤᠶᠠᠷ ᠵᠦᠢᠯ ᠤᠨ ᠬᠡᠯᠪᠡᠷᠢ ᠪᠡᠷ ᠨᠢᠭᠡᠳᠤᠯᠳᠠᠢ ᠲᠠᠷᠢᠵᠦ᠂ ᠨᠢᠭᠡᠳᠦᠯᠳᠠᠢ ᠬᠠᠮᠢᠶᠠᠷᠤᠨ᠂ ᠨᠢᠭᠡᠳᠦᠯᠳᠠᠢ ᠪᠤᠷᠤᠯᠠᠭᠤᠯᠬᠤ ᠪᠠᠷᠢᠮᠵᠢᠶᠠᠵᠢᠬᠰᠠᠨ ᠠᠵᠢᠯᠯᠠᠭᠠᠨ ᠤ ᠰᠢᠰᠲᠧᠮ ᠢ ᠪᠠᠢᠭᠤᠯᠵᠦ᠂ ᠭᠠᠵᠠᠷ ᠤᠷᠤᠨᠤ ᠪᠡᠨ ᠨᠦᠬᠦᠴᠡᠯ ᠳ᠋ᠡᠭᠡᠨ ᠲᠤᠬᠢᠷᠠᠬᠰᠠᠨ ᠲᠠᠷᠢᠵᠦ ᠤᠷᠭᠤᠭᠤᠯᠬᠤ ᠦᠢᠯᠡᠰᠢ ᠬᠦᠭᠵᠢᠬᠦᠯᠵᠠᠢ᠃ ᠢᠩᠬᠢᠭᠡᠳ ᠲᠤᠰᠬᠤᠨᠤ ᠭᠠᠵᠠᠷ ᠨᠤᠳᠤᠭ ᠵᠢᠡᠨ ᠤᠯᠠᠮ ᠡᠷᠴᠢᠮᠵᠢᠬᠦᠯᠦᠨ ᠠᠰᠢᠬᠯᠠᠵᠦ᠂ ᠲᠡᠷᠢᠶᠡᠯᠡᠩ ᠤᠨ ᠦᠷ᠎ᠠ ᠪᠦᠳᠦᠮᠵᠢ ᠵᠢ ᠲᠡᠭᠡᠭᠰᠢᠯᠡᠭᠦᠯᠦᠭᠰᠡᠨ ᠮᠦᠷᠳᠡᠭᠡᠨ ᠲᠠᠷᠢᠶᠠᠴᠢᠳᠤᠨ ᠤᠷᠤᠯᠭ᠎ᠠ ᠵᠢ ᠴᠤ᠌ ᠪᠦᠳᠦᠮᠵᠢᠳᠠᠢ ᠨᠡᠮᠡᠭᠳᠡᠭᠦᠯᠦᠭᠰᠡᠨ ᠪᠠᠢᠨ᠎ᠠ᠃