ᠡᠪᠦᠯ ᠭᠡᠷ᠎ᠤᠨ ᠭᠠᠳᠠᠨ᠎ᠠ ᠬᠦᠳᠡᠯᠬᠡᠬᠡᠨ ᠬᠢᠬᠦ ᠰᠠᠨᠠᠭᠤᠯᠤᠮᠵᠢ
2026-02-02 10:15:02
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠴᠠᠭ ᠠᠭᠤᠷ᠎ᠤᠨ ᠪᠠᠢᠳᠠᠯ᠎ᠢ ᠠᠩᠬᠠᠷᠬᠤ ᠴᠢᠬᠤᠯᠠᠳᠠᠢ

ᠠᠭᠠᠷ᠎ᠤᠨ ᠳᠤᠯᠠᠭᠠᠨ ᠲᠢᠭ ᠡᠴᠡ ᠳᠤᠷᠤᠬᠰᠢ 10 ᠭᠷᠠᠳᠦ᠋ᠰ᠎ᠢ ᠬᠡᠳᠦᠷᠡᠪᠡᠯ ᠤᠷᠳᠤ ᠬᠤᠭᠤᠴᠠᠭ᠎ᠠ ᠪᠡᠷ ᠰᠢᠷᠦᠬᠦᠨ ᠬᠦᠳᠡᠯᠬᠡᠬᠡᠨ ᠬᠢᠵᠦ ᠪᠤᠯᠬᠤ ᠦᠭᠡᠢ᠃ ᠦᠳᠡ ᠵᠢᠨ ᠡᠮᠦᠨ᠎ᠡ ᠵᠢᠨ 10 ᠴᠠᠭ ᠡᠴᠡ ᠦᠳᠡ ᠵᠢᠨ ᠬᠤᠢᠨᠠᠬᠢ 4 ᠴᠠᠬ᠎ᠤᠨ ᠬᠤᠭᠤᠷᠤᠨᠳᠤ ᠬᠦᠳᠡᠯᠬᠡᠬᠡᠨ ᠬᠢᠬᠦ ᠨᠢ ᠬᠠᠮᠤᠬ᠎ᠤᠨ ᠳᠤᠬᠢᠷᠠᠮᠵᠢᠳᠠᠢ᠃ ᠠᠭᠤᠯᠠ ᠳᠠᠯ᠎ᠠ ᠪᠡᠷ ᠶᠠᠪᠤᠬᠤ ᠳ᠋ᠠᠭᠠᠨ ᠬᠠᠨᠢ ᠤᠯᠵᠤ᠂ ᠪᠠᠴᠢᠮ ᠬᠡᠷᠡᠭᠰᠡᠬᠦ ᠡᠳ᠋ ᠪᠤᠳᠠᠰ ᠵᠢᠨᠨ ᠠᠪᠴᠤ᠂ ᠴᠢᠮᠡᠬᠡ ᠬᠤᠯᠪᠤᠭ᠎ᠠ ᠦᠷᠬᠦᠯᠵᠢ ᠨᠡᠪᠳᠡᠷᠡᠬᠦ ᠪᠠᠢᠳᠠᠯ᠎ᠳᠦ ᠪᠠᠢᠬᠤ ᠬᠡᠷᠡᠭᠳᠡᠢ᠃

ᠬᠡᠮᠵᠢᠶᠡᠨ ᠡᠴᠡ ᠪᠡᠨ ᠬᠡᠳᠦᠷᠦᠭᠰᠡᠨ ᠬᠦᠳᠡᠯᠬᠡᠬᠡᠨ ᠬᠢᠬᠦ ᠡᠴᠡ ᠳᠠᠳᠠᠭᠠᠯᠵᠠᠬᠤ ᠬᠡᠷᠡᠭᠳᠡᠢ

ᠪᠤᠯᠪᠠᠰᠤᠷᠠᠯ ᠪᠡᠯᠡᠳᠬᠡᠯ ᠲᠠᠢ ᠪᠡᠶ᠎ᠡ ᠮᠠᠬᠠᠪᠤᠳ ᠰᠠᠢᠨ ᠬᠦᠮᠦᠰ ᠴᠠᠰᠤᠨ᠎ᠳᠦ ᠭᠤᠯᠭᠤᠬᠤ ᠵᠡᠷᠭᠡ ᠦᠨᠳᠦᠷ ᠬᠦᠴᠦᠳᠡᠯ ᠲᠠᠢ ᠬᠦᠳᠡᠯᠬᠡᠬᠡᠨ ᠬᠢᠵᠦ ᠪᠤᠯᠤᠨ᠎ᠠ; ᠤᠯᠠᠩᠬᠢ ᠬᠦᠮᠦᠰ ᠠᠯᠬᠤᠬᠤ᠂ ᠤᠳᠠᠭᠠᠨ ᠬᠦᠶᠦᠬᠦ᠂ ᠨᠡᠷᠡᠬᠦᠢ ᠨᠢᠳᠤᠷᠭ᠎ᠠ ᠵᠡᠷᠭᠡ ᠬᠦᠳᠡᠯᠬᠡᠬᠡᠨ᠎ᠢ  ᠰᠤᠩᠭᠤᠪᠠᠯ ᠵᠤᠬᠢᠨ᠎ᠠ᠃ ᠬᠦᠳᠡᠯᠬᠡᠬᠡᠨ ᠬᠢᠬᠦ ᠴᠠᠬ ᠵᠢᠨᠨ 30 ᠮᠢᠨᠦ᠋ᠲ ᠡᠴᠡ 1 ᠴᠠᠭ᠎ᠤᠨ ᠳᠤᠳᠤᠷ᠎ᠠ ᠬᠢᠵᠠᠭᠠᠷᠯᠠᠨ᠎ᠠ᠃ ᠬᠦᠳᠡᠯᠬᠡᠬᠡᠨ ᠬᠢᠵᠦ ᠪᠠᠢᠬᠤ ᠎ᠳᠦ ᠳᠤᠳᠤᠷ᠎ᠠ ᠪᠠᠴᠢᠮᠳᠠᠬᠤ᠂ ᠳᠤᠯᠤᠭᠠᠢ ᠡᠷᠬᠢᠬᠦ ᠵᠡᠷᠭᠡ ᠡᠪ ᠦᠭᠡᠢ ᠪᠠᠢᠳᠠᠯ ᠳᠤᠬᠢᠶᠠᠯᠳᠤᠪᠠᠯ ᠳᠠᠷᠤᠢᠬᠠᠨ ᠪᠤᠯᠪᠠᠰᠤᠷᠠᠯ ᠵᠢᠨᠨ ᠵᠤᠬᠰᠤᠭᠠᠵᠤ ᠂ ᠪᠠᠴᠢᠮ ᠦᠶᠡᠰ ᠡᠮᠴᠢᠯᠡᠬᠦᠯᠬᠦ ᠬᠡᠷᠡᠭᠳᠡᠢ᠃


ᠪᠠᠭ᠎ᠠ ᠬᠡᠮᠵᠢᠶ᠎ᠡ ᠪᠡᠷ ᠤᠯᠠᠨ ᠤᠳᠠᠭ᠎ᠠ ᠤᠰᠤ ᠤᠤᠭᠤᠪᠠᠯ ᠵᠤᠬᠢᠨ᠎ᠠ

ᠡᠪᠦᠯ ᠴᠠᠬ ᠠᠭᠤᠷ ᠭᠠᠩ ᠬᠠᠭᠤᠷᠠᠢ ᠪᠤᠯᠬᠤᠷ ᠬᠦᠳᠡᠯᠬᠡᠬᠡᠨ ᠬᠢᠬᠦ ᠦᠶᠡᠰ ᠦᠮᠦᠨ᠎ᠤ ᠪᠡᠶ᠎ᠡ ᠠᠮᠠᠷᠬᠠᠨ ᠤᠰᠤ ᠳᠤᠳᠠᠬᠳᠠᠳᠠᠬ᠃ ᠡᠨᠡ ᠦᠶᠡᠰ ᠤᠰᠤ ᠨᠦᠬᠦᠬᠦ  ᠪᠡᠨ ᠠᠩᠬᠠᠷᠴᠤ᠂ ᠪᠤᠴᠠᠯᠤᠬᠰᠠᠨ ᠤᠰᠤ ᠤᠤᠭᠤᠵᠤ᠂ ᠨᠢᠭᠡ ᠯᠠ ᠤᠳᠠᠭ᠎ᠠ᠎ᠳᠦ ᠬᠡᠳᠦᠷᠡᠳᠡᠯ᠎ᠡ ᠬᠦᠢᠳᠡᠨ ᠤᠰᠤ ᠤᠤᠭᠤᠵᠤ ᠪᠤᠯᠬᠤ   ᠦᠭᠡᠢ᠃

ᠬᠠᠮᠠᠷ ᠵᠢᠨᠷ ᠵᠢᠨᠨ ᠠᠮᠢᠰᠬᠤᠵᠤ ᠠᠮᠠ ᠪᠡᠷ ᠵᠢᠨᠨ ᠭᠠᠷᠭᠠᠨ᠎ᠠ

ᠡᠪᠦᠯ ᠴᠠᠬ ᠬᠦᠢᠳᠡᠨ ᠪᠤᠯᠬᠤᠷ ᠬᠠᠮᠠᠷ ᠵᠢᠨᠷ ᠵᠢᠨᠨ ᠠᠮᠢᠰᠬᠤᠵᠤ ᠠᠮᠠ ᠪᠡᠷ ᠵᠢᠨᠨ ᠭᠠᠷᠭᠠᠨ᠂ ᠬᠦᠳᠡᠯᠬᠡᠬᠡᠨ᠎ᠤ ᠬᠦᠴᠦᠯᠡᠴᠡ ᠶᠡᠬᠡ ᠪᠤᠯᠵᠤ ᠠᠮᠠ ᠪᠡᠷ ᠵᠢᠨᠨ ᠠᠮᠢᠰᠬᠤᠬᠤ ᠴᠢᠬᠤᠯᠠᠳᠠᠢ ᠦᠶᠡᠰ ᠬᠡᠯᠡ ᠪᠡᠷ ᠵᠢᠨᠨ ᠳᠠᠩᠨᠠᠢ ᠪᠡᠨ ᠳᠤᠯᠵᠤ ᠂ ᠬᠦᠢᠳᠡᠨ ᠠᠮᠢᠰᠬᠤᠯ ᠰᠢᠭᠤᠳ ᠰᠡᠳᠡᠯᠳᠡ ᠦᠭᠬᠦ  ᠡᠴᠡ ᠪᠤᠯᠭᠤᠮᠵᠢᠯᠠᠨ᠎ᠠ᠃

ᠬᠤᠪᠴᠠᠰᠤ ᠬᠤᠨᠠᠷ ᠵᠢᠨᠨ ᠰᠠᠢᠬᠠᠨ ᠳᠤᠬᠢᠷᠠᠭᠤᠯᠬᠤ ᠬᠡᠷᠡᠭᠳᠡᠢ

ᠬᠤᠪᠴᠠᠰᠤ ᠬᠤᠨᠠᠷ ᠵᠢᠨᠨ ᠳᠠᠪᠬᠤᠷ ᠳᠠᠪᠬᠤᠷ ᠵᠢᠨᠷ ᠵᠤᠵᠠᠭᠠᠯᠠᠬᠤ ᠬᠡᠷᠡᠭᠳᠡᠢ᠃ ᠪᠡᠶ᠎ᠡ ᠨᠠᠭᠠᠯᠳᠤᠬᠰᠠᠨ ᠬᠤᠪᠴᠠᠰᠤ ᠪᠡᠨ ᠲᠦᠷᠬᠡᠨ ᠬᠠᠳᠠᠭᠠᠵᠤ ᠬᠡᠢ ᠨᠡᠪᠳᠡᠷᠡᠬᠦ ᠬᠤᠪᠴᠠᠰᠤ ᠡᠮᠦᠰᠴᠦ᠂  ᠳᠠᠷᠠᠭ᠎ᠠ ᠳ᠋ᠤᠨᠢ ᠳᠤᠯᠠᠭᠠᠨ᠎ᠢ ᠬᠠᠳᠠᠭᠠᠯᠠᠬᠤ ᠪᠡᠷ ᠰᠠᠢᠨ  ᠬᠤᠪᠴᠠᠰᠤ ᠡᠮᠦᠰᠴᠦ᠂ ᠭᠠᠳᠠᠭᠤᠷ ᠡᠮᠦᠰᠬᠦ ᠬᠤᠪᠴᠠᠰᠤ ᠪᠡᠨ ᠰᠠᠯᠬᠢ ᠤᠰᠤ ᠨᠡᠪᠳᠡᠷᠡᠬᠦ ᠦᠭᠡᠢ ᠪᠠᠢᠬᠤ᠎ᠶᠢ ᠠᠩᠬᠠᠷᠤᠨ᠎ᠠ᠃ ᠮᠠᠯᠠᠭᠠᠢ ᠪᠡᠭᠡᠯᠡᠢ ᠵᠡᠬᠦᠵᠦ᠂ ᠬᠠᠯᠠᠭᠤᠴᠠᠬᠤ ᠦᠶᠡᠰ ᠭᠠᠳᠠᠨ᠎ᠠ ᠡᠴᠡ ᠳᠤᠳᠤᠬᠰᠢ ᠪᠡᠨ ᠬᠤᠪᠴᠠᠰᠤ ᠪᠡᠨ ᠨᠢᠮᠬᠡᠯᠡᠵᠦ᠂ ᠶᠡᠬᠡ ᠬᠦᠯᠦᠰᠦ ᠭᠠᠷᠤᠬᠰᠠᠨ ᠦᠶᠡᠰ ᠨᠢᠭᠡ ᠯᠡ ᠲᠡᠭᠡᠷ᠎ᠡ ᠬᠤᠪᠴᠠᠰᠤ ᠪᠡᠨ ᠨᠢᠮᠭᠡᠯᠡᠬᠦ ᠡᠴᠡ  ᠪᠤᠯᠭᠤᠮᠵᠢᠯᠠᠬᠤ  ᠬᠡᠷᠡᠭᠳᠡᠢ᠃


QQ20260202-101417.png








ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号