1600 ᠺᠢᠯᠦᠮᠸᠲ᠋ᠷ᠎ᠢ ᠬᠤᠯᠪᠤᠭᠰᠠᠨ ᠬᠠᠭᠤᠳᠠᠰᠤ ᠵᠠᠬᠢᠳᠠᠯ᠎ᠤᠨ ᠦᠯᠢᠭᠡᠷ
2026-02-02 10:31:47
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠬᠤᠨᠠᠨ ᠡᠴᠡ ᠴᠠᠭᠠᠨ ᠰᠠᠷ᠎ᠠ ᠵᠢᠨ ᠵᠢᠷᠤᠭ᠂  ᠭᠠᠬᠠᠢ  ᠵᠢᠨ ᠮᠢᠬ᠎ᠠ ᠂ ᠴᠡᠴᠡᠭ ᠎ᠤᠨ ᠴᠠᠢ  ᠢᠷᠡᠬᠦᠯᠦᠯ᠎ᠠ

ᠦᠪᠦᠷ ᠮᠤᠩᠭᠤᠯ ᠡᠴᠠ ᠬᠤᠤᠰ ᠤᠶᠠᠩᠭ᠎ᠠ᠂ ᠦᠭᠡᠷ᠎ᠤᠨ ᠪᠤᠷᠴᠠ᠂ ᠴᠠᠭᠠᠨ ᠢᠳᠡᠭᠡ ᠢᠯᠡᠭᠡᠯ᠎ᠡ

          

            ᠨᠦᠬᠦᠷᠯᠡᠯ᠎ᠤᠨ ᠵᠠᠬᠢᠳᠠᠯ

ᠨᠠᠢᠵᠠ ᠠᠪᠢᠶᠠᠰ ᠲᠠᠨ᠎ᠠ᠄

          ᠰᠠᠢᠨ ᠪᠠᠢᠨ᠎ᠠ ᠤᠤ ? ᠪᠢᠳᠠ ᠬᠤᠶᠠᠷ ᠬᠡᠳᠦᠢᠪᠡᠷ ᠨᠢᠭᠤᠷ ᠤᠴᠠᠷᠠᠭ᠎ᠠ ᠦᠬᠡᠢ ᠪᠤᠯᠪᠠᠴᠤ ᠵᠠᠬᠢᠳᠠᠯ᠎ᠢᠶᠡᠷ ᠲᠠᠨᠢᠯᠴᠠᠬᠤ ᠪᠤᠯᠤᠭᠰᠠᠨ ᠳ᠋ᠠᠭᠠᠨ ᠲᠤᠩ ᠪᠠᠶᠠᠷᠳᠠᠢ ᠪᠠᠢᠨ᠎ᠠ᠃ ᠮᠢᠨᠤ ᠲᠦᠷᠦᠭᠰᠡᠨ ᠨᠤᠲᠤᠭ ᠬᠤᠨᠠᠨ ᠮᠤᠵᠢ᠎ᠳᠤ ᠳᠤᠮᠳᠠᠳᠤ ᠵᠢᠨ ᠲᠠᠪᠤᠨ ᠬᠠᠢᠷᠬᠠᠨ᠎ᠤ ᠨᠢᠭᠡ ᠪᠤᠯᠬᠤ ᠡᠾᠸᠩ ᠱᠠᠨ ᠠᠭᠤᠯᠠ ᠪᠠᠢᠳᠠᠭ ᠰᠢᠦ᠃

                                 ᠡᠭᠦᠨ᠎ᠡ᠄ ᠴᠸᠨ ᠯᠸ ᠶᠠᠨ ᠡᠴᠡ

                              2025 ᠤᠨ᠎ᠤ 12 ᠰᠠᠷ᠎ᠠ ᠵᠢᠨ 29᠎ᠤ᠋ ᠡᠳᠦᠷ

ᠨᠠᠢᠵᠠ ᠰᠢᠶᠠᠩ ᠶᠠᠩ ᠯᠢᠨ ᠲᠠᠨ᠎ᠠ᠄

ᠰᠠᠢᠨ ᠪᠠᠢᠨ᠎ᠠ ᠤᠤ ? ᠮᠢᠨᠤ ᠨᠡᠷ᠎ᠡ ᠵᠢ ᠠᠰᠤᠷᠤ ᠭᠡᠳᠡᠭ᠃ ᠠᠰᠤᠷᠤ ᠭᠡᠳᠡᠭ ᠪᠤᠯ ᠦᠪᠦᠷ ᠮᠤᠩᠭᠤᠯ᠎ᠤᠨ ᠨᠢᠭᠡ ᠵᠦᠢᠯ᠎ᠤᠨ ᠠᠷᠠᠳ᠎ᠤᠨ ᠨᠠᠢᠷᠠᠯ ᠬᠦᠭᠵᠢᠮ᠎ᠤᠨ ᠲᠤᠰᠬᠠᠢ ᠠᠶᠠᠯᠭᠤ ᠪᠤᠯᠤᠨ᠎ᠠ᠃ ᠨᠠᠢᠵᠠ ᠲᠠᠨ᠎ᠢ ᠦᠪᠦᠷ ᠮᠤᠩᠭᠤᠯ᠎ᠤᠨ ᠲᠠᠯ᠎ᠠ ᠨᠤᠲᠤᠭ ᠲᠸ᠋ ᠤᠷᠢᠵᠦ ᠪᠠᠢᠨ᠎ᠠ᠃

                               ᠡᠭᠦᠨ᠎ᠡ᠄ ᠠᠰᠤᠷᠤ ᠡᠴᠡ

                               2026 ᠤᠨ᠎ᠤ 1 ᠰᠠᠷ᠎ᠠ ᠵᠢᠨ 1᠎ᠤ᠋ ᠡᠳᠦᠷ




ᠰᠢᠨ᠎ᠡ ᠤᠨ᠎ᠤ ᠡᠬᠢᠨ᠎ᠤ ᠡᠳᠦᠷ᠂ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠢᠯᠢ ᠵᠢᠨ ᠭᠤᠤᠯ ᠠᠢᠮᠠᠭ᠎ᠤᠨ ᠰᠥᠨᠢᠳ ᠪᠠᠷᠠᠭᠤᠨ ᠬᠣᠰᠢᠭᠤᠨ᠎ᠤ ᠲᠠᠪᠤᠳᠤᠭᠠᠷ ᠪᠠᠭ᠎ᠠ ᠰᠤᠷᠭᠠᠭᠤᠯᠢ᠎ᠶᠢᠨ ᠳᠦᠷᠪᠡᠳᠦᠭᠡᠷ ᠤᠨ᠎ᠤ ᠳᠦᠷᠪᠡᠳᠦᠭᠡᠷ ᠠᠩᠬᠢ᠎ᠶᠢᠨ ᠰᠤᠷᠤᠭ᠍ᠴᠢᠳ 1600 ᠺᠢᠯᠦᠮᠸᠲᠷ ᠬᠤᠯᠠ ᠡᠴᠡ ᠢᠷᠡᠭᠰᠡᠨ ᠤᠨᠴᠠᠭᠠᠢ ᠵᠠᠬᠢᠳᠠᠯ᠎ᠢ ᠲᠤᠰᠴᠡᠢ᠃ ᠡᠳᠡᠭᠡᠷ ᠵᠠᠬᠢᠳᠠᠯ᠎ᠢ ᠬᠤᠨᠠᠨ ᠮᠤᠵᠢ ᠵᠢᠨ ᠱᠤᠤᠶᠠᠩ ᠬᠤᠳᠠ᠎ᠶᠢᠨ ᠯᠦᠩ ᠬᠤᠢ ᠰᠢᠶᠠᠨ᠎ᠤ ᠸᠠᠨ ᠾᠧ ᠲᠤᠷᠰᠢᠯᠲᠠ᠎ᠶᠢᠨ ᠪᠠᠭ᠎ᠠ ᠰᠤᠷᠭᠠᠭᠤᠯᠢ᠎ᠶᠢᠨ ᠲᠦᠷᠪᠡᠳᠦᠭᠡᠷ ᠣᠨ᠎ᠤ ᠰᠤᠷᠤᠭ᠍ᠴᠢᠳ ᠢᠯᠡᠭᠡᠭᠰᠡᠨ ᠶᠤᠮ᠃

— ᠪᠢ ᠬᠤᠨᠠᠨ ᠮᠤᠵᠢ ᠵᠢᠨ ᠰᠠᠢᠨ ᠨᠠᠢᠵᠠ ᠸᠸᠢ ᠰᠸ ᠢᠦᠢ ᠵᠢᠨ ᠵᠠᠬᠢᠳᠠᠯ᠎ᠢ ᠲᠤᠰᠴᠤ ᠤᠯᠤᠬᠰᠠᠨ᠂ ᠨᠠᠢᠵᠠ ᠮᠢᠨᠢ ᠨᠠᠳᠠ ᠡᠴᠡ ᠦᠪᠦᠷ ᠮᠤᠩᠭᠤᠯ᠎ᠤᠨ ᠦᠩᠭᠡ ᠦᠵᠡᠮᠵᠢ᠂ ᠡᠪᠦᠯ᠎ᠤᠨ ᠤᠯᠠᠷᠢᠯ᠎ᠤᠨ ᠲᠤᠬᠠᠢ ᠠᠰᠠᠭᠤᠭᠰᠠᠨ ᠪᠦᠭᠡᠳ ᠦᠪᠡᠷ᠎ᠤᠨ ᠪᠠᠬᠠᠷᠬᠠᠳᠠᠭ ᠠᠮᠢᠲᠠᠨ ᠬᠡᠷᠡᠮᠦ ᠪᠠᠨ ᠲᠠᠨᠢᠯᠴᠠᠭᠤᠯᠤᠭᠰᠠᠨ ᠰᠢᠦ ᠭᠡᠵᠦ ᠰᠥᠨᠢᠳ ᠪᠠᠷᠠᠭᠤᠨ ᠬᠣᠰᠢᠭᠤᠨ᠎ᠤ ᠲᠠᠪᠤᠳᠤᠭᠠᠷ ᠪᠠᠭ᠎ᠠ ᠰᠤᠷᠭᠠᠭᠤᠯᠢ᠎ᠶᠢᠨ ᠳᠦᠷᠪᠡᠳᠦᠭᠡᠷ ᠤᠨ᠎ᠤ ᠳᠦᠷᠪᠡᠳᠦᠭᠡᠷ ᠠᠩᠭᠢ ᠵᠢᠨ ᠡᠨᠡᠷᠢᠯ ᠶᠠᠷᠢᠨ᠎ᠠ᠃


QQ20260202-102609.png


                 ᠨᠤᠮ ᠤᠩᠰᠢᠨ᠎ᠠ 

— ᠪᠢ ᠦᠪᠦᠷ ᠮᠤᠩᠭᠤᠯ᠎ᠤᠨ ᠰᠠᠢᠨ ᠨᠠᠢᠵᠠ ᠰᠤᠳᠤᠷ᠎ᠤᠨ ᠵᠠᠬᠢᠳᠠᠯ᠎ᠢ ᠲᠤᠰᠤᠭᠰᠠᠨ᠂ ᠮᠢᠨᠤ ᠨᠠᠢᠵᠠ ᠮᠤᠷᠢ ᠤᠨᠤᠳᠠᠭ ᠭᠡᠰᠡᠨ᠎ᠢ ᠮᠡᠳᠡᠭᠡᠳ ᠶᠤᠰᠤᠳᠠᠢ ᠪᠠᠬᠠᠷᠬᠠᠪᠠ᠃ ᠪᠢ ᠨᠠᠢᠵᠠ ᠲᠠᠢ ᠪᠠᠨ ᠰᠦᠨᠢᠳ᠎ᠤᠨ ᠲᠠᠯ᠎ᠠ ᠪᠠᠷ ᠮᠤᠷᠢ ᠤᠨᠤᠮᠠᠷ ᠪᠠᠢᠨ᠎ᠠ ᠭᠡᠵᠦ ᠯᠦᠩ ᠬᠤᠢ ᠰᠢᠶᠠᠨ᠎ᠤ ᠸᠠᠨ ᠾᠧ ᠲᠤᠷᠰᠢᠯᠲᠠ᠎ᠶᠢᠨ ᠪᠠᠭ᠎ᠠ ᠰᠤᠷᠭᠠᠭᠤᠯᠢ᠎ᠶᠢᠨ ᠲᠦᠷᠪᠡᠳᠦᠭᠡᠷ ᠣᠨ᠎ᠤ ᠯᠢᠦ ᠠᠨ ᠶᠠ ᠬᠡᠯᠡᠨ᠎ᠡ᠃

ᠲᠤᠰ ᠬᠤᠶᠠᠷ ᠰᠤᠷᠭᠠᠭᠤᠯᠢ ᠨᠢ 2025 ᠤᠨ᠎ᠤ ᠡᠴᠦᠰ᠎ᠢᠶᠡᠷ 《ᠭᠠᠷ ᠭᠠᠷ᠎ᠢᠶᠡᠨ ᠬᠤᠯᠪᠤᠯᠴᠠᠵᠦ ᠦᠨᠳᠦᠰᠦᠳᠡᠨ᠎ᠤ ᠪᠦᠯᠬᠦᠮᠳᠡᠯ᠎ᠢ ᠠᠬᠢᠭᠤᠯᠤᠶ᠎ᠠ》 ᠭᠤᠤᠯ ᠰᠡᠳᠦᠪᠲᠤ ᠵᠠᠬᠢᠳᠠᠯ ᠪᠢᠴᠢᠬᠦ ᠠᠵᠢᠯᠯᠠᠭ᠎ᠠ ᠵᠤᠬᠢᠶᠠᠨ ᠪᠠᠢᠭᠤᠯᠤᠭᠰᠠᠨ ᠡᠴᠡ ᠬᠡᠤᠬᠡᠳ᠎ᠤᠳ ᠬᠠᠷᠢᠯᠴᠠᠨ ᠵᠠᠬᠢᠳᠠᠯ ᠪᠢᠴᠢᠬᠦ ᠪᠤᠯᠤᠬᠰᠠᠨ ᠶᠤᠮ᠃ ᠲᠡᠳᠡ ᠵᠠᠬᠢᠳᠠᠯ᠎ᠳ᠋ᠠᠭᠠᠨ ᠨᠤᠲᠤᠭ ᠤᠰᠤ᠂ ᠵᠠᠩ ᠵᠠᠩᠰᠢᠯ᠂ ᠨᠡᠷ᠎ᠡ ᠵᠢᠨ ᠢᠷᠡᠯᠳᠡ᠂ ᠬᠠᠢᠷᠠᠳᠠᠢ ᠠᠮᠢᠳᠠᠨ᠂ ᠳᠤᠷᠠᠳᠠᠢ ᠲᠤᠭᠯᠠᠭᠠᠮ ᠵᠡᠷᠭᠡ ᠪᠠᠨ ᠪᠢᠴᠢᠭᠰᠡᠨ ᠨᠢ ᠠᠷᠭ᠎ᠠ ᠦᠬᠡᠢ ᠬᠦᠭᠡᠷᠦᠭᠦᠨ᠃


QQ20260202-102622.png


     ᠠᠮᠳᠠᠳᠤ ᠢᠳᠡᠭᠡᠨ ᠠᠮᠳᠠᠷᠬᠠᠨ᠎ᠠ 


— ᠦᠪᠦᠷ ᠮᠣᠩᠭᠣᠯ ᠪᠤᠯᠤᠨ ᠬᠤᠨᠠᠨ᠎ᠤ ᠰᠤᠷᠤᠭᠴᠢᠳ ᠬᠠᠷᠢᠯᠴᠠᠨ ᠵᠠᠬᠢᠳᠠᠯ ᠪᠢᠴᠢᠬᠦ ᠪᠠᠷ ᠳᠠᠮᠵᠢᠵᠦ ᠨᠡᠩ ᠢᠯᠡᠭᠦᠦ ᠤᠢᠯᠠᠭᠠᠯᠴᠠᠵᠦ ᠴᠢᠩ ᠰᠡᠳᠬᠢᠯ᠎ᠤᠨ ᠨᠦᠬᠦᠷᠯᠡᠯ ᠪᠠᠢᠭᠤᠯᠪᠠ᠂ ᠰᠤᠷᠤᠭᠴᠢᠳ ᠲᠸ᠋ ᠮᠠᠨ᠎ᠤ ᠤᠯᠤᠰ ᠪᠤᠯ ᠨᠢᠭᠡᠳᠦᠭᠰᠡᠨ ᠤᠯᠠᠨ ᠦᠨᠳᠦᠰᠦᠳᠠᠨ ᠲᠠᠢ ᠤᠯᠤᠰ ᠮᠦᠨ᠂ ᠳᠤᠮᠳᠠᠳᠤ ᠵᠢᠨ ᠦᠨᠳᠦᠰᠦᠳᠡᠨ ᠪᠤᠯ ᠤᠯᠠᠨ ᠦᠨᠳᠦᠰᠦᠳᠡᠨ ᠲᠠᠰᠤᠷᠠᠯᠳᠠ ᠦᠬᠡᠢ ᠶᠠᠪᠤᠯᠴᠠᠨ ᠰᠤᠯᠢᠯᠴᠠᠵᠦ ᠠᠭᠤᠰᠤᠯᠴᠠᠭᠰᠠᠨ ᠡᠴᠡ ᠪᠤᠢ ᠪᠤᠯᠵᠦ ᠪᠦᠷᠢᠯᠳᠦᠭᠰᠡᠨ ᠭᠡᠳᠡᠭ᠎ᠢ ᠲᠠᠨᠢᠭᠤᠯᠬᠤ ᠵᠢ ᠵᠤᠷᠢᠭᠰᠠᠨ ᠡ ᠭᠡᠵᠦ ᠲᠤᠰ ᠠᠵᠢᠯᠯᠠᠭ᠎ᠠ᠎ᠳᠤ ᠤᠷᠤᠯᠴᠠᠭᠰᠠᠨ ᠯᠦᠩ ᠬᠤᠢ ᠰᠢᠶᠠᠨ᠎ᠤ ᠸᠠᠨ ᠾᠧ ᠲᠤᠷᠰᠢᠯᠲᠠ᠎ᠶᠢᠨ ᠪᠠᠭ᠎ᠠ ᠰᠤᠷᠭᠠᠭᠤᠯᠢ᠎ᠶᠢᠨ ᠰᠢᠶᠤᠤ ᠵᠢᠩ ᠪᠠᠭᠰᠢ ᠶᠠᠷᠢᠯ᠎ᠠ᠃

ᠦᠪᠡᠷ᠎ᠤᠨ ᠵᠢᠷᠤᠭᠰᠠᠨ ᠵᠢᠷᠤᠭ᠎ᠢᠶᠡᠨ ᠰᠢᠤᠳᠠᠨ ᠲᠡᠮᠳᠡᠭ ᠪᠤᠯᠭᠠᠨ ᠨᠠᠭᠠᠭᠰᠠᠨ᠂ ᠦᠷᠦᠪᠴᠢᠬᠡᠨ ᠰᠡᠳᠬᠢᠯ᠎ᠤᠨ ᠦᠬᠡ ᠪᠠᠨ ᠦᠰᠦᠭ ᠪᠤᠯᠭᠠᠨ᠎ᠳ᠋ᠠᠭᠠᠨ ᠰᠢᠪᠡᠨᠡᠭᠰᠡᠨ ᠲᠤᠭᠲᠤᠢ ᠵᠠᠬᠢᠳᠠᠯ ᠬᠤᠩᠭᠤᠷᠬᠠᠨ ᠬᠡᠤᠬᠡᠳ᠎ᠤᠨ ᠦᠨᠡᠨᠴᠢᠬᠡᠨ ᠨᠦᠬᠦᠷᠯᠡᠯ᠎ᠤᠨ ᠪᠡᠯᠭᠡᠳᠡᠯ ᠠᠵᠠᠢ᠃


ᠪᠦᠯᠬᠦᠮᠳᠡᠯ᠎ᠤᠨ ᠵᠠᠬᠢᠳᠠᠯ

ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠢᠯᠢ ᠵᠢᠨ ᠭᠤᠤᠯ ᠠᠢᠮᠠᠭ᠎ᠤᠨ ᠰᠥᠨᠢᠳ ᠪᠠᠷᠠᠭᠤᠨ ᠬᠣᠰᠢᠭᠤ ᠪᠤᠯᠤᠨ ᠬᠤᠨᠠᠨ ᠮᠤᠵᠢ ᠵᠢᠨ ᠱᠤᠤᠶᠠᠩ ᠬᠤᠳᠠ᠎ᠶᠢᠨ ᠯᠦᠩ ᠬᠤᠢ ᠰᠢᠶᠠᠨ ᠬᠤᠭᠤᠷᠤᠨᠳᠤ ᠪᠠᠨ 1600 ᠺᠢᠯᠦᠮᠸᠲᠷ ᠵᠠᠢᠳᠠᠢ᠂ ᠭᠡᠪᠡᠴᠦ ᠲᠡᠳᠡᠨ᠎ᠤ ᠪᠦᠯᠬᠦᠮᠳᠡᠯ᠎ᠤᠨ ᠰᠡᠳᠬᠢᠯ ᠵᠡᠬᠦᠦ ᠬᠠᠳᠬᠤᠬᠤ ᠵᠠᠢ ᠦᠬᠡᠢ ᠤᠢᠷᠠᠬᠠᠨ᠃

ᠰᠥᠨᠢᠳ ᠪᠠᠷᠠᠭᠤᠨ ᠬᠣᠰᠢᠭᠤᠨ᠎ᠤ ᠲᠠᠪᠤᠳᠤᠭᠠᠷ ᠪᠠᠭ᠎ᠠ ᠰᠤᠷᠭᠠᠭᠤᠯᠢ᠎ᠶᠢᠨ ᠳᠦᠷᠪᠡᠳᠦᠭᠡᠷ ᠤᠨ᠎ᠤ ᠳᠦᠷᠪᠡᠳᠦᠭᠡᠷ ᠠᠩᠭᠢ᠎ᠶᠢᠨ ᠰᠤᠷᠤᠭ᠍ᠴᠢᠳ ᠬᠤᠯᠠ᠎ᠶᠢᠨ ᠵᠠᠬᠢᠳᠠᠯ ᠲᠠᠢ ᠬᠠᠮᠳᠤ ᠪᠠᠰᠠ ᠨᠢᠭᠡᠨ ᠤᠨᠴᠠᠭᠠᠢ ᠪᠡᠯᠡᠭ ᠲᠤᠰᠴᠠᠢ᠂ ᠳᠠᠷᠤᠢ ᠬᠤᠨᠠᠨ᠎ᠤ ᠨᠠᠢᠵᠠ ᠨᠠᠷ᠎ᠤᠨ ᠬᠢᠨᠢ ᠢᠯᠡᠭᠡᠭᠰᠡᠨ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠤᠶᠤᠯ᠎ᠤᠨ ᠦᠪ ᠪᠤᠯᠬᠤ ᠲᠠᠨᠲᠸᠦ ᠵᠢᠨ ᠴᠠᠭᠠᠨ ᠰᠠᠷ᠎ᠠ ᠵᠢᠨ ᠵᠢᠷᠤᠭ᠂ ᠲᠠᠪᠤᠰᠤᠯᠠᠭᠰᠠᠨ ᠭᠠᠬᠠᠢ ᠵᠢᠨ ᠮᠢᠬ᠎ᠠ᠂ ᠠᠯᠲᠠᠨ ᠮᠦᠩᠬᠦᠨ ᠴᠡᠴᠡᠭ᠎ᠤᠨ ᠴᠠᠢ ᠵᠡᠷᠭᠡ ᠪᠤᠯᠤᠨ᠎ᠠ᠃


微信截图_20260202102630.png

              

               ᠵᠢᠷᠤᠭ ᠲᠤᠰᠤᠨ᠎ᠠ 


— ᠬᠤᠨᠠᠨ᠎ᠤ᠋ ᠨᠠᠢᠵᠠ ᠨᠠᠷ᠎ᠤᠨ ᠢᠯᠡᠭᠡᠭᠰᠡᠨ ᠲᠠᠪᠤᠰᠤᠯᠠᠭᠰᠠᠨ ᠭᠠᠬᠠᠢ᠎ᠶᠢᠨ ᠮᠢᠬ᠎ᠠ ᠨᠢ ᠮᠠᠰᠢ ᠠᠮᠳᠠ ᠲᠠᠢ᠂ ᠲᠠᠨᠲᠸᠦ ᠵᠢᠨ ᠴᠠᠭᠠᠨ ᠰᠠᠷ᠎ᠠ ᠵᠢᠨ ᠵᠢᠷᠤᠭ᠎ᠢ ᠬᠠᠷᠠᠭᠠᠳ ᠮᠠᠨ᠎ᠤ ᠤᠯᠤᠰ᠎ᠤᠨ ᠴᠠᠭᠠᠨ ᠰᠠᠷ᠎ᠠ ᠵᠢᠨ ᠲᠤᠬᠠᠢ ᠪᠠᠰᠠ ᠨᠢᠭᠡᠨ ᠵᠠᠩᠰᠢᠯ ᠲᠠᠢ ᠲᠠᠨᠢᠯᠴᠠᠭᠰᠠᠨ ᠭᠡᠵᠦ ᠰᠥᠨᠢᠳ ᠪᠠᠷᠠᠭᠤᠨ ᠬᠣᠰᠢᠭᠤᠨ᠎ᠤ ᠲᠠᠪᠤᠳᠤᠭᠠᠷ ᠪᠠᠭ᠎ᠠ ᠰᠤᠷᠭᠠᠭᠤᠯᠢ᠎ᠶᠢᠨ ᠳᠦᠷᠪᠡᠳᠦᠭᠡᠷ ᠤᠨ᠎ᠤ ᠳᠦᠷᠪᠡᠳᠦᠭᠡᠷ ᠠᠩᠬᠢ᠎ᠶᠢᠨ ᠴᠢᠩᠬᠠᠨᠢ ᠶᠠᠷᠢᠨ᠎ᠠ᠃

《ᠠᠭᠳᠠ ᠵᠢᠨ ᠬᠠᠷᠢᠭᠤ ᠵᠢᠯ ᠳ᠋ᠡᠬᠡᠨ᠂ ᠠᠶᠠᠭᠠᠨ᠎ᠤ ᠬᠠᠷᠢᠭᠤ ᠡᠳᠦᠷ ᠲᠡᠬᠡᠨ》 ᠭᠡᠳᠡᠭ᠎ᠢᠶᠡᠷ᠂ ᠲᠡᠳᠡ ᠴᠸ᠋ ᠬᠤᠨᠠᠨ᠎ᠤ ᠨᠠᠢᠵᠠ ᠨᠠᠷ ᠲᠠᠭᠠᠨ ᠴᠠᠭᠠᠨ ᠢᠳᠡᠭᠡ᠂ ᠦᠬᠡᠷ᠎ᠤᠨ ᠪᠤᠷᠴᠠ ᠵᠡᠷᠭᠡ ᠦᠪᠦᠷ ᠮᠤᠩᠭᠤᠯ᠎ᠤᠨ ᠤᠨᠴᠠ ᠭᠠᠷᠤᠯᠳᠠ ᠪᠠᠨ ᠰᠦ ᠴᠠᠭᠠᠨ ᠰᠡᠳᠬᠢᠯ᠎ᠤᠨ ᠪᠡᠯᠡᠭ ᠪᠤᠯᠭᠠᠨ ᠬᠠᠷᠢᠭᠤ ᠢᠯᠡᠭᠡᠯ᠎ᠡ᠃

— ᠦᠪᠦᠷ ᠮᠤᠩᠭᠤᠯ᠎ᠤᠨ ᠴᠠᠭᠠᠨ ᠢᠳᠡᠭᠡ ᠤᠨᠴᠠᠭᠠᠢ ᠠᠮᠳᠠ ᠳᠠᠢ᠂ ᠪᠢ ᠠᠩᠬ᠎ᠠ ᠤᠳᠠᠭ᠎ᠠ ᠴᠠᠭᠠᠨ ᠢᠳᠡᠭᠡ ᠢᠳᠡᠵᠦ ᠪᠠᠢᠨ᠎ᠠ᠂ ᠨᠠᠢᠵᠠ ᠵᠢᠨ ᠮᠢᠨᠢ ᠪᠡᠯᠡᠭᠯᠡᠭᠰᠡᠨ 《ᠬᠡᠢ ᠮᠤᠷᠢ ᠮᠠᠨᠳᠠ》 ᠬᠡᠬᠦ ᠬᠤᠤᠰ ᠤᠶᠠᠩᠭ᠎ᠠ ᠵᠢ ᠪᠢ ᠰᠢᠨᠡᠯᠡᠬᠦ ᠦᠶᠡᠰ ᠴᠤᠩᠬᠤᠨ ᠳᠡᠭᠡᠷ᠎ᠡ ᠪᠠᠨ ᠨᠠᠭᠠᠨ᠎ᠠ ᠭᠡᠵᠦ ᠯᠦᠩ ᠬᠤᠢ ᠰᠢᠶᠠᠨ᠎ᠤ ᠸᠠᠨ ᠾᠧ ᠲᠤᠷᠰᠢᠯᠲᠠ᠎ᠶᠢᠨ ᠪᠠᠭ᠎ᠠ ᠰᠤᠷᠭᠠᠭᠤᠯᠢ᠎ᠶᠢᠨ ᠲᠦᠷᠪᠡᠳᠦᠭᠡᠷ ᠣᠨ᠎ᠤ ᠭᠦᠸᠸ ᠢᠦᠢ ᠹᠸᠢ ᠪᠡᠯᠡᠭ ᠲᠤᠰᠤᠭᠠᠳ ᠪᠠᠶᠠᠷᠳᠠᠢᠬᠠᠨ ᠪᠠᠢᠯ᠎ᠠ᠃

ᠡᠬᠡᠯᠭᠡᠨ ᠵᠠᠬᠢᠳᠠᠯ ᠪᠤᠯᠪᠠᠴᠤ ᠡᠩᠬᠦᠷᠡᠢ ᠪᠠᠭᠠᠴᠤᠳ᠎ᠤᠨ ᠨᠦᠬᠦᠷᠯᠡᠯ᠎ᠢ ᠵᠤᠵᠠᠭᠠᠳᠭᠠᠵᠦ ᠪᠦᠯᠬᠦᠮᠳᠡᠯ᠎ᠢ ᠨᠢᠭᠲᠠᠷᠠᠭᠤᠯᠤᠭᠰᠠᠨ ᠵᠠᠬᠢᠳᠠᠯ ᠪᠤᠯᠬᠤ ᠶᠤᠮ᠃ ᠦᠪᠦᠷ ᠮᠤᠩᠭᠤᠯ᠎ᠤᠨ ᠪᠠᠭᠠᠴᠤᠳ ᠡᠴᠡ ᠬᠤᠨᠠᠨ᠎ᠤ ᠨᠠᠢᠵᠠ᠎ᠳ᠋ᠠᠭᠠᠨ ᠪᠢᠴᠢᠭᠰᠡᠨ 《ᠡᠭᠦᠷᠢᠳᠡ ᠵᠢᠨ ᠠᠯᠳᠠᠨ ᠬᠤᠯᠪᠤᠭ᠎ᠠ》᠂ 《ᠦᠨᠢ ᠮᠦᠩᠬᠡ ᠵᠢᠨ ᠨᠦᠬᠦᠷᠯᠡᠯ》 ᠬᠡᠬᠦ ᠤᠷᠠᠨ ᠪᠢᠴᠢᠯᠭᠡ ᠨᠢ ᠦᠨᠳᠦᠰᠦᠳᠡᠨ ᠨᠤᠭᠦᠳ᠎ᠤᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠤᠨ ᠦᠯᠢᠭᠡᠷ᠎ᠢ ᠶᠠᠷᠢᠵᠦ ᠪᠠᠢᠨ᠎ᠠ᠂ ᠪᠢᠴᠢᠭᠯᠡᠵᠦ ᠪᠠᠢᠨ᠎ᠠ ᠁

— ᠬᠤᠨᠠᠨ᠎ᠤ ᠨᠠᠢᠵᠠ ᠮᠢᠨᠢ ᠦᠪᠦᠷ ᠮᠤᠩᠭᠤᠯ᠎ᠤᠨ ᠦᠨᠢᠶᠡᠨ ᠰᠦ ᠠᠮᠳᠠ ᠳᠠᠢ ᠤᠤ ᠭᠡᠵᠦ ᠠᠰᠠᠭᠤᠵᠠᠢ᠃ ᠪᠢ ᠦᠪᠦᠷ ᠮᠤᠩᠭᠤᠯ᠎ᠤᠨ ᠦᠨᠢᠶᠡᠨ ᠰᠦ ᠠᠮᠳᠠ ᠳᠠᠢ ᠪᠠᠷ ᠪᠠᠷᠠᠬᠤ ᠦᠬᠡᠢ ᠤᠯᠤᠰ ᠲᠠᠶᠠᠭᠠᠷ ᠲᠸ᠋ ᠨᠡᠷᠡᠳᠡᠢ ᠰᠢᠦ ᠭᠡᠵᠦ ᠬᠠᠷᠢᠭᠤ ᠪᠢᠴᠢᠪᠠ᠃ ᠪᠢᠳᠠᠨ᠎ᠤ ᠨᠦᠬᠦᠷᠯᠡᠯ ᠰᠦ ᠪᠠᠷ ᠡᠬᠢᠯᠡᠭᠰᠡᠨ ᠳ᠋ᠡᠬᠡᠨ ᠲᠤᠩ ᠪᠡᠯᠭᠡᠰᠢᠶᠡᠵᠦ ᠪᠠᠢᠨ᠎ᠠ᠃ ᠪᠢᠳᠠ ᠠᠨᠠᠷ᠎ᠤᠨ ᠦᠷ᠎ᠠ ᠰᠢᠭ ᠨᠢᠭᠲᠠᠷᠠᠨ ᠪᠦᠯᠬᠦᠮᠳᠡᠵᠦ᠂ ᠰᠢᠨ᠎ᠠ ᠴᠠᠭ ᠦᠶ᠎ᠠ ᠵᠢᠨ ᠰᠠᠢᠨ ᠪᠠᠭᠠᠴᠤᠳ ᠪᠤᠯᠬᠤ ᠪᠠᠷ ᠴᠢᠷᠮᠠᠢᠨ᠎ᠠ ᠭᠡᠵᠦ ᠰᠥᠨᠢᠳ ᠪᠠᠷᠠᠭᠤᠨ ᠬᠣᠰᠢᠭᠤᠨ᠎ᠤ ᠲᠠᠪᠤᠳᠤᠭᠠᠷ ᠪᠠᠭ᠎ᠠ ᠰᠤᠷᠭᠠᠭᠤᠯᠢ᠎ᠶᠢᠨ ᠳᠦᠷᠪᠡᠳᠦᠭᠡᠷ ᠤᠨ᠎ᠤ ᠳᠦᠷᠪᠡᠳᠦᠭᠡᠷ ᠠᠩᠭᠢ᠎ᠶᠢᠨ ᠭᠡᠭᠡᠨᠵᠦ᠍ᠩ ᠶᠠᠷᠢᠨ᠎ᠠ᠃

ᠳᠤᠮᠳᠠᠳᠤ ᠵᠢᠨ ᠦᠨᠳᠦᠰᠦᠳᠡᠨ᠎ᠤ ᠶᠡᠬᠡ ᠪᠦᠯᠬᠦᠮᠳᠡᠯ ᠎ᠢ᠋ ᠴᠢᠩᠭᠠᠳᠬᠠᠬᠤ ᠵᠢᠨ ᠠᠯᠤᠰ ᠬᠡᠳᠦ ᠵᠢᠨ ᠪᠠ ᠦᠨᠳᠦᠰᠦᠨ ᠵᠦᠢᠯ ᠨᠢ ᠰᠤᠶᠤᠯ᠎ᠤᠨ ᠬᠠᠮᠲᠤ ᠵᠢᠨ ᠲᠠᠨᠢᠯᠳᠠ ᠵᠢ ᠴᠢᠩᠭᠠᠳᠬᠠᠨ᠂ ᠦᠨᠳᠦᠰᠦᠳᠡᠨ ᠨᠤᠭᠦᠳ᠎ᠤᠨ ᠬᠠᠮᠲᠤ ᠵᠢᠨ ᠤᠶᠤᠨ ᠰᠠᠨᠠᠭᠠᠨ᠎ᠤ ᠬᠡᠷ ᠤᠷᠤᠨ᠎ᠢ ᠪᠠᠢᠭᠤᠯᠵᠦ᠂ ᠳᠤᠮᠳᠠᠳᠤ ᠵᠢᠨ ᠦᠨᠳᠦᠰᠦᠳᠠᠨ᠎ᠤ ᠬᠠᠮᠲᠤ ᠵᠢᠨ ᠴᠤᠭᠴᠠ ᠵᠢᠨ ᠤᠬᠠᠮᠰᠠᠷ᠎ᠢ ᠪᠠᠲᠤ ᠴᠤᠭᠴᠠᠯᠠᠬᠤ᠎ᠳᠤ ᠪᠤᠢ᠃

— ᠮᠠᠨ᠎ᠤ ᠬᠤᠶᠠᠷ ᠰᠤᠷᠭᠠᠭᠤᠯᠢ ᠵᠢᠨ ᠰᠤᠷᠤᠭᠴᠢᠳ ᠵᠠᠬᠢᠳᠠᠯ᠎ᠢᠶᠡᠷ ᠵᠠᠭᠤᠴᠢ ᠪᠤᠯᠭᠠᠵᠦ᠂ ᠦᠨᠳᠦᠰᠦᠳᠡᠨ ᠨᠤᠭᠦᠳ᠎ᠤᠨ ᠶᠠᠪᠤᠯᠴᠠᠭ᠎ᠠ ᠰᠤᠯᠢᠯᠴᠠᠭ᠎ᠠ ᠠᠭᠤᠰᠤᠯᠴᠠᠯ᠎ᠢ ᠠᠬᠢᠭᠤᠯᠵᠦ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤ ᠴᠤᠭᠴᠠᠯᠠᠬᠤ ᠵᠢ ᠪᠤᠳᠠᠳᠠᠢᠵᠢᠭᠤᠯᠵᠦ ᠪᠠᠢᠨ᠎ᠠ ᠭᠡᠵᠦ ᠲᠤᠰ ᠠᠵᠢᠯᠯᠠᠭ᠎ᠠ᠎ᠳᠤ ᠤᠷᠤᠯᠴᠠᠭᠰᠠᠨ ᠰᠥᠨᠢᠳ ᠪᠠᠷᠠᠭᠤᠨ ᠬᠣᠰᠢᠭᠤᠨ᠎ᠤ ᠲᠠᠪᠤᠳᠤᠭᠠᠷ ᠪᠠᠭ᠎ᠠ ᠰᠤᠷᠭᠠᠭᠤᠯᠢ᠎ᠶᠢᠨ ᠠᠯᠢᠮ᠎ᠠ ᠪᠠᠭᠰᠢ ᠪᠤᠯᠤᠨ ᠯᠢ ᠴᠸᠨ ᠡᠾᠸ ᠪᠠᠭᠰᠢ ᠶᠠᠷᠢᠯ᠎ᠠ᠃ 

ᠭᠡᠷᠡᠯ ᠵᠢᠷᠤᠭ᠎ᠢ ᠠᠯᠢᠮ᠎ᠠ ᠬᠠᠩᠭᠠᠪᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号