ᠰᠢᠨ᠎ᠠ ᠵᠢᠯ ᠴᠠᠭᠠᠨ ᠰᠠᠷ᠎ᠠ ᠪᠠᠷ ᠠᠬᠠᠮᠠᠳ ᠨᠠᠰᠤᠳᠠᠳ ᠳᠡᠭᠠᠨ ᠮᠦᠷᠬᠦᠨ ᠵᠤᠯᠭᠠᠵᠦ᠂ ᠢᠷᠦᠭᠡᠯ ᠵᠦᠩᠨᠡᠯᠢ ᠨᠢ ᠳᠤᠰᠴᠤ᠂ ᠰᠢᠨ᠎ᠠ ᠵᠢᠨ ᠪᠤᠤᠪᠤ ᠤᠯᠬᠤ ᠨᠢ ᠪᠠᠭ᠎ᠠ ᠨᠠᠰᠤᠨᠤ ᠰᠠᠢᠬᠠᠨ ᠳᠤᠷᠠᠳᠬᠠᠯ ᠪᠤᠯᠤᠨ ᠦᠯᠡᠳᠡᠭᠰᠡᠨ ᠪᠠᠢᠳᠠᠭ᠃ ᠰᠢᠨ᠎ᠠ ᠬᠤᠪᠴᠠᠰᠤ ᠪᠠᠨ ᠡᠮᠦᠰᠴᠤ᠂ ᠪᠡᠯᠡᠭᠤᠨ ᠶᠠᠭᠤᠮ᠎ᠠ ᠪᠠᠨ ᠪᠤᠭᠴᠤᠯᠠᠭᠠᠳ᠂ ᠦᠷᠯᠦᠭᠡ ᠡᠷᠳᠡ ᠡᠴᠡ ᠦᠳᠡ ᠬᠠᠵᠠᠢᠳᠠᠯᠠ ᠭᠠᠴᠠᠭᠠᠨᠤ ᠠᠢᠯ ᠵᠢᠡᠷ ᠳᠤᠭᠤᠷᠢᠵᠦ᠂ ᠰᠠᠷ᠎ᠠ ᠰᠢᠨ᠎ᠠ ᠵᠢᠨ ᠮᠡᠨᠳᠦ ᠬᠦᠷᠭᠡᠵᠦ᠂ ᠰᠢᠨ᠎ᠠ ᠵᠢᠨ ᠠᠷᠢᠬᠢ ᠪᠠᠷᠢᠬᠤ ᠨᠢ ᠭᠡᠦᠭᠡᠳᠤᠨ ᠴᠠᠭᠠᠨ ᠰᠠᠷ᠎ᠠ ᠵᠢᠨ ᠬᠠᠮᠤᠭᠤᠨ ᠪᠠᠶᠠᠷᠳᠤ ᠠᠵᠢᠯ ᠭᠡᠯᠳᠠᠢ᠃ ᠭᠡᠳᠦᠭᠡᠨ ᠰᠢᠷᠭᠡᠭ ᠬᠦᠯᠭᠡᠨ ᠫᠤᠤᠵᠢᠩ᠂ ᠴᠠᠭᠠᠨ ᠰᠠᠷ᠎ᠠ ᠵᠢᠨ ᠰᠢᠬᠢᠷ ᠪᠤᠤᠪᠤ ᠁ ᠭᠡᠦᠭᠡᠳᠤᠨ ᠴᠠᠭᠠᠨ ᠰᠠᠷ᠎ᠠ ᠵᠢ ᠰᠢᠬᠢᠷ ᠪᠤᠷᠠᠮ ᠰᠢᠬ ᠠᠮᠳᠠᠳᠠᠢ ᠪᠤᠯᠭᠠᠵᠦ᠂ ᠰᠠᠷ᠎ᠠ ᠰᠢᠨ᠎ᠠ ᠵᠢᠨ ᠵᠢᠷᠭᠠᠯᠳᠦ ᠱᠤᠩᠪᠠᠭᠤᠯᠵᠦ ᠪᠠᠢᠭᠰᠠᠨ ᠨᠢ ᠦᠨᠡᠨ᠃
ᠰᠤᠷᠤᠯᠭ᠎ᠠ ᠠᠮᠢᠳᠤᠷᠠᠯᠤᠨ ᠬᠠᠷᠠᠭ᠎ᠠ ᠪᠠᠷ ᠨᠤᠳᠤᠭ ᠤᠰᠤᠨ ᠡᠴᠡ ᠪᠠᠨ ᠰᠠᠯᠵᠦ᠂ ᠨᠤᠳᠤᠭ ᠲᠠᠭᠠᠨ ᠬᠠᠷᠢᠵᠦ ᠰᠢᠨᠡᠯᠡᠬᠦ ᠴᠠᠭ ᠪᠤᠯᠤᠯᠴᠠᠭ᠎ᠠ ᠪᠠᠭᠠᠰᠴᠤ᠂ ᠨᠤᠳᠤᠭᠤᠨ ᠪᠤᠭᠤᠷᠤᠯᠴᠤᠳ ᠲᠠᠢ ᠪᠠᠨ ᠮᠦᠷᠬᠦᠨ ᠵᠤᠯᠭᠠᠬᠤ ᠨᠢ ᠶᠠᠪᠤᠬᠤ ᠳᠤᠳᠤᠮ ᠴᠦᠭᠡᠷᠡᠭᠰᠡᠨ ᠴᠸ᠋ ᠳᠡᠳᠡᠭᠡᠷ ᠰᠠᠢᠬᠠᠨ ᠬᠦᠮᠦᠰ ᠵᠢᠡᠨ ᠳᠤᠷᠠᠰᠤᠨ ᠰᠠᠨᠠᠭᠠᠯᠵᠠᠵᠦ᠂ ᠠᠯᠤᠰ ᠬᠤᠯᠠ ᠬᠦᠮᠦᠨᠤ ᠨᠤᠳᠤᠭ ᠡᠴᠡ ᠠᠪᠤ ᠡᠵᠢ᠂ ᠰᠠᠳᠤᠨ ᠳᠦᠷᠦᠯᠳᠡᠭᠡᠨ ᠤᠳᠠᠰᠦ ᠪᠠᠷ ᠰᠠᠷ᠎ᠠ ᠰᠢᠨ᠎ᠠ ᠵᠢᠨ ᠮᠡᠨᠳᠦ ᠬᠦᠷᠭᠡᠬᠦ ᠪᠠᠨ ᠳᠠᠰᠤᠯᠳᠠᠭᠤᠯᠤᠭᠰᠠᠨ ᠦᠭᠡᠢ᠃ 《ᠰᠠᠢᠨ ᠰᠢᠨᠡᠯᠡᠪᠠᠦ?》 《ᠰᠠᠢᠨ ᠰᠢᠨᠡᠯᠡᠯ᠎ᠡ᠂ ᠲᠠᠨᠠᠷ ᠰᠠᠢᠨ ᠰᠢᠨᠡᠯᠡᠪᠡᠦ ?》 ᠵᠢᠯ ᠵᠢᠯ ᠳᠠᠪᠳᠠᠭᠳᠠᠳᠠᠭ ᠡᠨᠡ ᠬᠠᠭᠤᠴᠢᠨ ᠦᠭᠡ᠂ ᠴᠠᠭᠠᠨ ᠰᠠᠷ᠎ᠠ ᠪᠤᠯᠬᠤ ᠪᠠᠷ ᠭᠡᠵᠢᠶᠡᠳᠡ ᠰᠢᠨᠡᠭᠡᠨ ᠪᠠᠢᠵᠦ᠂ ᠬᠦᠮᠦᠨ ᠬᠦᠮᠦᠨᠤ ᠬᠤᠭᠤᠷᠤᠨᠳᠤᠬᠢ ᠵᠠᠢ ᠵᠢ ᠤᠢᠷᠠᠳᠤᠭᠤᠯᠵᠦ ᠦᠭᠳᠡᠭ ᠰᠢᠳᠢ ᠲᠠᠢ ᠵᠢ ᠶᠠᠭᠠᠬᠢᠨ᠎ᠠ᠃
ᠴᠢᠮᠡᠭᠡ ᠬᠤᠯᠪᠤᠭ᠎ᠠ ᠵᠢᠨ ᠰᠢᠨᠡᠴᠢᠯᠠᠯᠳᠠ ᠬᠦᠭᠵᠢᠯᠳᠡ ᠤᠷᠤᠨ ᠵᠠᠢ ᠵᠢ ᠳᠤᠪᠴᠢᠯᠠᠵᠦ᠂ ᠡᠳᠦᠭᠡ ᠪᠤᠯᠬᠤᠳᠦ ᠵᠢᠷᠬᠢᠶ᠎ᠠ ᠵᠢᠨ ᠸᠢᠳᠢᠤ᠋ ᠤᠳᠠᠰᠤ ᠪᠠᠷ ᠬᠢᠯᠢ ᠠᠯᠤᠰᠯᠠᠵᠦ ᠪᠠᠢᠭ᠎ᠠ ᠨᠠᠢᠵᠠ ᠨᠦᠬᠦᠳ᠂ ᠨᠤᠳᠤᠭ ᠲᠠᠭᠠᠨ ᠪᠠᠢᠭ᠎ᠠ ᠰᠠᠳᠤᠨ ᠳᠦᠷᠦᠯᠤᠳ ᠲᠠᠢ ᠪᠠᠨ 《ᠨᠢᠭᠤᠷ ᠤᠴᠠᠷᠠᠨ ᠵᠤᠯᠭᠠᠬᠤ》 ᠪᠤᠯᠵᠦ᠂ ᠳᠦᠮᠡᠨ ᠭᠠᠵᠠᠷᠤᠨ ᠠᠯᠤᠰ ᠪᠠᠢᠭ᠎ᠠ ᠴᠸ᠋ ᠬᠠᠵᠠᠭᠤᠳᠦ ᠴᠢᠨᠢ ᠪᠠᠢᠭ᠎ᠠ ᠶᠤᠮ ᠰᠢᠭ᠋ ᠴᠢᠯᠦᠭᠡᠳᠠᠢ ᠶᠠᠷᠢᠯᠴᠠᠵᠦ ᠳᠠᠢᠯᠳᠡᠭ ᠪᠤᠯᠤᠭᠰᠠᠨ᠃ ᠵᠢᠯᠤᠨ ᠦᠩᠭᠡ᠂ ᠮᠠᠯ ᠠᠬᠤᠢ᠂ ᠫᠤᠤᠵᠢᠩᠤᠨ ᠳᠠᠭᠤᠨ᠂ ᠦᠳᠡᠰᠢᠯᠡᠭᠡ ᠵᠢᠨ ᠳᠤᠭᠯᠠᠯᠳᠠ ᠭᠡᠳ ᠭᠡᠷ ᠳᠡᠭᠡᠨ ᠰᠠᠭᠤᠭᠠᠳ ᠶᠠᠷᠢᠯᠴᠠᠵᠦ ᠪᠠᠢᠭ᠎ᠠ ᠶᠤᠮ ᠰᠢᠭ᠋ ᠬᠠᠯᠠᠭᠤᠨ ᠵᠤᠭᠤᠭ ᠳᠡᠯᠭᠡᠵᠦ᠂ ᠪᠠᠰᠠ 《ᠬᠤᠨᠳᠠᠭ᠎ᠠ ᠮᠦᠷᠬᠦᠬᠦᠯᠵᠦ》 ᠰᠢᠨ᠎ᠠ ᠵᠢᠨ ᠠᠷᠢᠬᠢ ᠭᠡᠮᠨᠡᠵᠦ ᠪᠤᠯᠳᠠᠭᠢ ᠶᠠᠭᠠᠬᠢᠨ᠎ᠠ᠃ ᠪᠦᠮᠪᠦᠷᠴᠡᠭ ᠳᠤᠰᠬᠤᠨᠳᠦ ᠠᠮᠢᠳᠤᠷᠠᠵᠦ ᠪᠠᠢᠭ᠎ᠠ ᠪᠢᠳᠡ ᠪᠦᠷ ᠯᠡ 《ᠵᠡᠬᠦᠨ ᠪᠠᠷᠠᠭᠤᠨ》 ᠰᠠᠭᠠᠬᠠᠯᠳᠠ ᠪᠤᠯᠤᠭᠰᠠᠨ ᠶᠤᠮ ᠴᠢᠨᠢ ᠳᠠ! ᠬᠠᠷᠢᠨ ᠴᠠᠭᠤᠨ ᠤᠷᠤᠰᠬᠠᠯᠳᠦ ᠤᠯᠠᠨ ᠵᠦᠢᠯ ᠰᠢᠨᠡᠳᠦᠨ ᠬᠤᠪᠢᠷᠠᠭᠰᠠᠨ ᠪᠤᠯᠪᠠᠴᠤ ᠴᠠᠭᠠᠨ ᠰᠠᠷ᠎ᠠ ᠵᠢᠨ ᠭᠡᠷ ᠬᠣᠲᠠᠯᠠᠭᠠᠷᠢᠶᠠᠨ ᠴᠤᠭ᠍ᠯᠠᠷᠠᠬᠤ ᠬᠦᠰᠡᠯ ᠡᠷᠡᠮᠡᠯᠵᠡᠯ᠂ ᠠᠮᠤᠷ ᠠᠮᠤᠭᠤᠯᠠᠩ ᠪᠠᠢᠬᠤ ᠬᠦᠰᠡᠯ ᠡᠷᠡᠮᠡᠯᠵᠡᠯ ᠬᠤᠪᠢᠷᠠᠭ᠎ᠠ ᠦᠭᠡᠢ ᠶᠤᠮ᠃
ᠠᠭᠠᠷᠤᠨ ᠳᠤᠯᠬᠢᠶᠠᠨ ᠵᠢᠡᠷ ᠬᠦᠷᠦᠭᠰᠡᠨ ᠰᠠᠷ᠎ᠠ ᠰᠢᠨ᠎ᠠ ᠵᠢᠨ ᠮᠠᠨᠳᠦ᠂ ᠠᠷᠢᠬᠢ ᠪᠠᠷᠢᠭᠠᠳ ᠮᠦᠷᠬᠦᠵᠦ ᠵᠤᠯᠭᠠᠭᠰᠠᠨ ᠪᠠᠭ᠎ᠠ ᠨᠠᠰᠤᠨᠤ ᠳᠤᠷᠠᠳᠬᠠᠯ᠂ ᠠᠯᠢ ᠡᠰᠡᠪᠠᠯ ᠠᠯᠤᠰᠤᠨ ᠵᠠᠮᠢ ᠳᠤᠪᠴᠢᠯᠠᠨ ᠬᠦᠷᠦᠭᠰᠡᠨ ᠰᠢᠨ᠎ᠠ ᠵᠢᠨ ᠵᠤᠯᠭᠠᠯᠳᠠ ᠵᠢᠨ ᠬᠡᠯᠪᠡᠷᠢ᠂ ᠵᠠᠢ ᠨᠢ ᠬᠤᠪᠢᠷᠠᠭᠰᠠᠨ ᠴᠸ᠋ ᠴᠢᠩ ᠰᠡᠳᠬᠢᠯ ᠨᠢ ᠬᠤᠪᠢᠷᠠᠭ᠎ᠠ ᠦᠭᠡᠢ᠃