ᠰᠢᠨ᠎ᠠ ᠤᠷᠤᠨ ᠰᠠᠭᠤᠴᠠ ᠳ᠋ᠠᠭᠠᠨ ᠰᠢᠨᠡᠯᠡᠯ᠎ᠡ
2026-02-21 12:01:07
ᠵᠣᠬᠢᠶᠠᠭ᠍ᠴᠢ᠄
ᠼᠠᠢ ᠳ᠋ᠦᠩ ᠮᠧᠶ
ᠣᠩᠱᠢᠭ᠍ᠰᠠᠨ ᠣᠳᠠᠭ᠎ᠠ᠄
★★★☆☆

ᠬᠣᠶᠠᠷ ᠰᠠᠷ᠎ᠠ ᠦᠩᠬᠡᠷᠡᠭᠡᠳ ᠰᠤᠷᠪᠤᠯᠵᠢᠯᠠᠭ᠍ᠴᠢ ᠳᠠᠬᠢᠨᠲᠠ ᠪᠤᠭᠤᠲᠤ ᠬᠣᠲᠠ᠎ᠶ᠋ᠢᠨ ᠲᠦᠮᠡᠳ ᠪᠠᠷᠠᠭᠤᠨ ᠬᠣᠱᠢᠭᠤᠨ᠎ᠤ ᠱᠤᠸᠠᠩ ᠯᠦᠩ ᠪᠠᠯᠭᠠᠰᠤᠨ᠎ᠳᠤ ᠬᠦᠷᠪᠡ᠃

2 ᠰᠠᠷ᠎ᠠ᠎ᠶ᠋ᠢᠨ 15 ᠤ᠋ ᠡᠳᠦᠷ᠂ ᠮᠠᠰᠢᠨ ᠲᠡᠷᠭᠡ᠎ᠪᠡᠷ ᠠᠶᠠᠯᠠᠵᠤ ᠯᠤ᠌ ᠰᠠᠨ ᠭᠸ᠎ᠳ᠋ᠦᠢ ᠲᠣᠰᠭᠣᠨ᠎ᠳᠦ ᠬᠦᠷᠪᠡᠯ᠂ ᠨᠢᠳᠤᠨ ᠡᠮᠦᠨ᠎ᠠ ᠢᠯᠡᠷᠡᠭᠰᠡᠨ ᠦᠵᠡᠮᠵᠢ ᠡᠪᠦᠯ᠎ᠦᠨ ᠡᠬᠢᠨ᠎ᠦ ᠪᠠᠢᠳᠠᠯ᠎ᠲᠠᠶ ᠶᠡᠬᠡᠳᠡ ᠵᠦᠷᠢᠶ᠎ᠡ ᠲᠠᠢ ᠪᠣᠯᠵᠠᠢ — ᠴᠡᠪᠡᠷ ᠲᠡᠭ᠌ᠰᠢ ᠱᠦᠢᠨᠢ ᠵᠠᠮ ᠲᠣᠰᠭᠣᠨ᠎ᠳᠤ ᠱᠢᠭᠤᠳ ᠨᠡᠪᠳᠡᠷᠡᠵᠤ᠂ ᠱᠢᠨ᠎ᠡ᠎ᠪᠡᠷ ᠤᠭ᠍ᠰᠠᠷᠠᠭ᠍ᠰᠠᠨ ᠵᠠᠮ᠎ᠤᠨ ᠳ᠋ᠧᠩ᠎ᠦᠨ ᠪᠠᠭᠠᠨ᠎ᠠ ᠳᠡᠭᠡᠷ᠎ᠡ ᠡᠯᠬᠦᠭᠰᠡᠨ ᠤᠯᠠᠭᠠᠨ ᠳ᠋ᠧᠩᠯᠦ᠍ ᠰᠠᠯᠬᠢᠨ᠎ᠤ ᠠᠶ᠎ᠠ᠎ᠪᠠᠷ ᠠᠶᠠᠷᠬᠠᠨ ᠰᠠᠵᠢᠯᠠᠨ᠎ᠠ᠃ ᠠᠢᠯ ᠪᠣᠯᠭᠠᠨ᠎ᠤ ᠡᠭᠦᠳᠡ ᠴᠣᠩᠬᠣ ᠴᠡᠪᠡᠷ ᠰᠠᠢᠬᠠᠨ ᠬᠠᠷᠠᠬᠳᠠᠵᠤ᠂ ᠰᠢᠨᠡᠬᠡᠨ ᠨᠠᠭᠠᠭᠰᠠᠨ ᠬᠣᠣᠰ ᠤᠶᠠᠩᠭ᠎ᠠ ᠪᠠᠶᠠᠷ᠎ᠤᠨ ᠡᠳᠦᠷ᠎ᠤᠨ ᠠᠭᠤᠷ ᠠᠮᠢᠰᠬᠤᠯ᠎ᠢ ᠦᠳᠬᠡᠷᠡᠬᠦᠯᠵᠤ᠂ ᠬᠡᠦᠬᠡᠳ᠎ᠦᠨ ᠪᠠᠶᠠᠷᠯᠠᠯᠳᠤᠨ ᠨᠡᠷᠬᠢᠯᠳᠤᠬᠤ ᠲᠠᠭᠤᠨ ᠬᠤᠯᠠ ᠡᠴᠡ ᠰᠣᠨᠣᠰᠳᠠᠨ᠎ᠠ᠃

ᠴᠢᠨᠠᠭ᠍ᠰᠠᠨ ᠮᠢᠬᠠᠨ᠎ᠤ ᠰᠡᠩᠬᠢᠨᠡᠮ᠎ᠡ ᠦᠨᠦᠷ᠎ᠢᠶᠡᠷ ᠰᠤᠷᠪᠤᠯᠵᠢᠯᠠᠭ᠍ᠴᠢ ᠲᠣᠰᠭᠣᠨ᠎ᠤ ᠠᠷᠠᠳ ᠷᠧᠨ ᠭᠸᠨ ᠸᠠ᠎ᠶ᠋ᠢᠨ ᠬᠢᠨ᠎ᠳᠦ ᠬᠦᠷᠪᠡ᠃ ᠷᠧᠨ ᠭᠸᠨ ᠸᠠ ᠰᠠᠶᠢᠬᠠᠨ ᠪᠠᠵᠠᠭᠠᠭ᠍ᠰᠠᠨ ᠬᠤᠭᠤᠯᠠ ᠵᠠᠭᠤᠰᠢ ᠪᠠᠨ ᠱᠢᠷᠡᠭᠡᠨ᠎ᠲᠡᠬᠡᠷ᠎ᠡ ᠪᠠᠨ ᠵᠡᠷᠭᠡᠯᠡᠵᠦ᠂ ᠬᠥᠭ᠌ᠰᠢᠨ ᠨᠢ ᠠᠶᠠᠭ᠎ᠠ ᠰᠠᠪᠬ᠎ᠠ᠎ᠪᠠᠨ ᠥᠷᠥᠵᠦ᠂ ᠨᠢᠬᠡ ᠬᠡᠷ᠎ᠢᠶᠡᠷ᠎ᠢᠶᠡᠨ ᠬᠤᠭᠤᠯᠠ ᠪᠠᠨ ᠢᠳᠡᠬᠦ ᠪᠡᠷ ᠪᠡᠯᠡᠳᠬᠡᠵᠤ ᠪᠠᠢᠯ᠎ᠠ᠃ ᠡᠨᠡ ᠪᠣᠯ ᠷᠧᠨ ᠭᠸᠨ ᠸᠠ ᠭᠤᠸᠠᠢ᠎ᠶ᠋ᠢᠨ ᠨᠢᠭᠡ ᠭᠡᠷ᠎ᠦᠨ ᠬᠢᠨ ᠤ᠋ ᠲᠠᠬᠢᠨ ᠪᠠᠢᠭᠤᠯᠤᠭ᠍ᠰᠠᠨ ᠱᠢᠨ᠎ᠡ ᠤᠷᠤᠨ ᠰᠠᠭᠤᠴᠠ᠎ᠳᠠᠭᠠᠨ ᠦᠩᠭᠡᠷᠡᠬᠦᠯᠵᠦ ᠪᠠᠢᠭ᠎ᠠ ᠠᠩᠬᠠᠨ᠎ᠤ ᠴᠠᠭᠠᠨ ᠰᠠᠷ᠎ᠠ ᠪᠣᠯᠤᠨ᠎ᠠ᠃ ᠬᠡᠳᠦᠨ ᠰᠠᠷ᠎ᠠ᠎ᠶ᠋ᠢᠨ ᠡᠮᠦᠨᠡᠬᠢ ᠨᠢᠭᠡᠨ ᠤᠳᠠᠭᠠᠨ᠎ᠤ ᠦᠶᠡᠷ ᠤᠰᠤᠲᠤᠯ᠎ᠳᠦ ᠲᠡᠳᠡᠨ᠎ᠦ ᠬᠠᠭᠤᠴᠢᠨ ᠰᠠᠭᠤᠴᠠ ᠨᠢ ᠭᠠᠮᠰᠢᠭᠳᠠᠪᠠ᠃ ᠨᠠᠮ ᠪᠣᠯᠤᠨ ᠵᠠᠰᠠᠭ᠎ᠤᠨ ᠣᠷᠳᠣᠨ᠎ᠤ ᠬᠦᠴᠦᠳᠡᠢ ᠲᠡᠮᠵᠢᠯᠬᠡ ᠳᠣᠣᠷ᠎ᠠ᠂ ᠣᠬᠣᠷᠬᠠᠨ ᠬᠣᠶᠠᠷ ᠰᠠᠷ᠎ᠠ᠎ᠶ᠋ᠢᠨ ᠳᠣᠲᠣᠷ᠎ᠠ᠂ ᠲᠡᠳᠡ ᠴᠣ ᠱᠢᠨ᠎ᠡ ᠭᠡᠷ ᠪᠠᠢᠱᠢᠩ ᠲᠠᠢ ᠪᠤᠯᠵᠤ ᠰᠢᠨ᠎ᠠ ᠵᠢᠯ᠎ᠢᠶᠡᠨ ᠰᠢᠨ᠎ᠠ ᠤᠷᠤᠨ ᠰᠠᠭᠤᠴᠠ ᠳ᠋ᠠᠭᠠᠨ ᠦᠩᠬᠡᠷᠡᠬᠦᠯᠵᠤ ᠪᠠᠢᠭ᠎ᠠ ᠨᠢ ᠡᠨᠡ ᠪᠢᠯᠠ᠃


QQ截图20260219121114.png


ᠷᠧᠨ ᠭᠸᠨ ᠸᠠ ᠰᠢᠨ᠎ᠠ ᠤᠷᠤᠨ ᠰᠠᠭᠤᠴᠠ ᠳ᠋ᠠᠭᠠᠨ ᠱᠢᠨᠡᠯᠡᠨ᠎ᠡ


《ᠴᠣᠩᠬᠣ ᠨᠢ ᠳᠠᠪᠬᠤᠷ ᠱᠢᠯ᠎ᠲᠡᠶ᠂ ᠬᠡᠷᠡᠮ ᠨᠢ ᠳᠤᠯᠠᠭᠠᠨ ᠢ᠋ ᠬᠠᠮᠠᠭᠠᠯᠠᠬᠤ ᠳᠠᠪᠬᠤᠷᠭ᠎ᠠ ᠲᠠᠢ᠂ ᠤᠤᠯ᠎ᠤᠨ ᠲᠡᠷᠡ ᠱᠢᠷᠣᠢ ᠭᠡᠷ᠎ᠡᠴᠡ ᠬᠣᠯᠠ ᠳᠤᠯᠠᠭᠠᠨ ᠪᠤᠯᠤᠭᠰᠠᠨ᠎ᠳᠠ》 ᠭᠡᠵᠦ ᠷᠧᠨ ᠭᠸᠨ᠎ᠸᠨ ᠰᠤᠷᠪᠤᠯᠵᠢᠯᠠᠭ᠍ᠴᠢ᠎ᠶ᠋ᠢ ᠳᠠᠭᠠᠭᠤᠯᠤᠨ ᠰᠢᠨ᠎ᠡ ᠭᠡᠷ᠎ᠢᠶᠡᠨ ᠲᠤᠭᠤᠷᠢᠨ ᠦᠵᠡᠬᠦᠯᠦᠨ᠎ᠠ᠃ ᠲᠡᠭᠦᠨ᠎ᠦ ᠰᠡᠳᠭᠢᠯ᠎ᠢ ᠳᠤᠯᠠᠭᠠᠴᠠᠭᠤᠯᠤᠭ᠍ᠰᠠᠨ ᠪᠠᠰᠠ ᠨᠢᠬᠡᠨ ᠶᠠᠪᠤᠳᠠᠯ ᠭᠡᠪᠡᠯ᠂ ᠲᠣᠰᠭᠣᠨ ᠡᠴᠡ ᠲᠡᠭᠦᠨ᠎ᠳᠦ ᠨᠡᠢᠲᠡ᠎ᠶ᠋ᠢᠨ ᠠᠰᠠᠷᠠᠮᠵᠢ᠎ᠶ᠋ᠢᠨ ᠴᠢᠨᠠᠷᠲᠠᠶ ᠠᠵᠢᠯ᠎ᠤᠨ ᠪᠠᠢᠷᠢ ᠲᠣᠬᠢᠷᠠᠭᠤᠯᠵᠤ ᠦᠭᠬᠦᠨ᠂ ᠰᠠᠷ᠎ᠠ ᠪᠦᠷᠢ 800 ᠲᠥᠭᠥᠷᠢᠭ᠎ᠦᠨ ᠲᠣᠭ᠍ᠲᠠᠭᠤᠨ ᠣᠷᠣᠯᠭ᠎ᠠ ᠲᠠᠢ ᠪᠤᠯᠤᠬᠰᠠᠨ ᠡᠴᠡ ᠳᠡᠳᠡᠨ᠎ᠤ᠋ ᠬᠡᠷ ᠪᠦᠯᠢ᠎ᠶ᠋ᠢᠨ ᠠᠮᠢᠳᠤᠷᠠᠯ᠎ᠢ ᠱᠢᠨ᠎ᠡ ᠵᠢᠯ᠎ᠳᠦ ᠰᠢᠨ᠎ᠠ ᠬᠦᠰᠡᠯ ᠡᠷᠡᠮᠡᠯᠵᠡᠯ᠎ᠲᠡᠶ ᠪᠣᠯᠭᠠᠵᠠᠶ᠃

ᠡᠨᠡ ᠬᠦ᠌ ᠪᠠᠶᠠᠷ ᠪᠠᠶᠠᠰᠭᠤᠯᠠᠩ᠎ᠢᠶᠡᠷ ᠪᠢᠯᠬᠠᠬᠰᠠᠨ ᠳᠠᠢᠪᠤᠩ ᠠᠮᠤᠭᠤᠯᠠᠩ ᠲᠣᠰᠭᠣᠨ᠎ᠳᠤ᠂ ᠪᠤᠭᠤᠲᠤ ᠬᠤᠳᠠ᠎ᠶ᠋ᠢᠨ ᠵᠤᠸᠠᠨ ᠯᠦᠩ ᠠᠷᠢᠬᠢᠨ᠎ᠤ ᠦᠢᠯᠡᠰ᠎ᠦᠨ ᠬᠢᠵᠠᠭᠠᠷᠲᠤ ᠺᠣᠮᠫᠠᠨᠢ᠎ᠶ᠋ᠢᠨ ᠯᠢ ᠯᠸ ᠠᠵᠢᠯᠲᠠᠳ᠎ᠢᠶᠠᠨ ᠳᠠᠭᠠᠭᠤᠯᠤᠨ᠂ ᠲᠣᠰᠭᠣᠨ᠎ᠤ ᠠᠷᠠᠳ᠎ᠲᠤ ᠭᠠᠯ ᠤᠯᠠᠭᠠᠨ ᠳ᠋ᠧᠩᠯᠦ᠍ ᠡᠯᠭᠦᠵᠦ᠍ ᠥᠭ᠌ᠪᠡ᠃ 《ᠤᠯᠠᠭᠠᠨ ᠳ᠋ᠧᠩᠯᠦ᠍᠎ᠶ᠋ᠢ ᠥᠨᠳᠥᠷ᠎ᠲᠦ ᠡᠯᠭᠦᠪᠡᠯ ᠰᠠᠶᠢ ᠲᠣᠰᠭᠣᠨ᠎ᠤ ᠴᠠᠭᠠᠨ ᠰᠠᠷ᠎ᠠ᠎ᠶ᠋ᠢᠨ ᠠᠭᠤᠷ ᠠᠮᠢᠰᠭᠤᠯ᠎ᠢ ᠨᠠᠩ ᠥᠳᠭᠡᠨ᠂ ᠨᠠᠩ ᠬᠥᠷ ᠬᠦᠭᠵᠢᠶᠡᠨ ᠲᠡᠶ ᠪᠣᠯᠭᠠᠵᠤ ᠴᠢᠳᠠᠨ᠎ᠠ》 ᠭᠡᠵᠦ ᠯᠢ ᠯᠸ ᠰᠤᠷᠪᠤᠯᠵᠢᠯᠠᠭ᠍ᠴᠢ᠎ᠳᠤ ᠲᠠᠨᠢᠯᠴᠠᠭᠤᠯᠪᠠ᠃ ᠱᠤᠸᠠᠩ ᠯᠦᠩ ᠪᠠᠯᠭᠠᠰᠤ ᠦᠶᠡᠷ ᠤᠰᠤᠲᠤᠯ᠎ᠤᠨ ᠭᠠᠮᠱᠢᠭ᠎ᠲᠤ ᠤᠴᠠᠷᠠᠭ᠍ᠰᠠᠨ᠎ᠤ ᠳᠠᠷᠠᠭ᠎ᠠ᠂ ᠲᠤᠰ ᠺᠣᠮᠫᠠᠨᠢ ᠲᠡᠷᠡ ᠳᠠᠷᠤᠢ᠎ᠳᠤᠨᠢ ᠬᠠᠯᠠᠭᠤᠨ ᠭᠠᠷ᠎ᠢᠶᠠᠨ ᠰᠤᠩᠭᠠᠵᠤ ᠬᠠᠢᠷ᠎ᠠ ᠬᠠᠯᠠᠮᠵᠢ᠎ᠪᠠᠨ ᠡᠷᠭᠦᠵᠦ᠍᠂ ᠲᠤᠬᠠᠢ᠎ᠶ᠋ᠢᠨ ᠭᠠᠵᠠᠷ᠎ᠤᠨ ᠭᠠᠮᠱᠢᠭ᠍ᠳᠠᠭ᠍ᠰᠠᠨ ᠤᠯᠠᠨ ᠲᠦᠮᠡᠨ᠎ᠦ ᠦᠢᠯᠡᠳᠪᠦᠷᠢᠯᠡᠯ ᠠᠮᠢᠳᠤᠷᠠᠯ᠎ᠤᠨ ᠪᠠᠢᠳᠠᠯ᠎ᠢ ᠬᠠᠯᠠᠮᠵᠢᠯᠨᠵᠤ ᠪᠠᠢᠯ᠎ᠠ᠃ ᠴᠠᠭᠠᠨ ᠰᠠᠷ᠎ᠠ ᠪᠤᠯᠬᠤ ᠦᠶ᠎ᠠ ᠪᠡᠷ᠂ ᠲᠤᠰ ᠺᠣᠮᠫᠠᠨᠢ ᠲᠤᠰᠭᠠᠢᠯᠠᠨ ᠨᠢᠭᠡ ᠳᠤᠭᠤᠢᠯᠠᠩ ᠳᠠᠭᠠᠭᠤᠯᠤᠨ ᠱᠤᠸᠠᠩ ᠯᠦᠩ ᠪᠠᠯᠭᠠᠰᠤᠨ᠎ᠳᠤ ᠬᠦᠷᠴᠦ ᠢᠷᠡᠭᠡᠳ ᠨᠤᠲᠤᠭ᠎ᠤᠨ ᠠᠬ᠎ᠠ ᠳᠡᠭᠦᠦ᠍᠎ᠨᠡᠷ᠎ᠲᠦ ᠳ᠋ᠧᠩᠯᠦ᠍ ᠬᠦᠷᠭᠡᠵᠦ᠂ ᠣᠯᠠᠨ ᠲᠦᠮᠡᠨ᠎ᠦ ᠠᠮᠢᠳᠤᠷᠠᠯ᠎ᠤᠨ ᠪᠠᠢᠳᠠᠯ᠎ᠢ ᠣᠢᠯᠠᠭᠠᠵᠤ᠂ ᠲᠡᠳᠡᠨ᠎ᠦ ᠬᠦᠴᠢᠷᠳᠡᠯ ᠪᠠ ᠬᠡᠷᠡᠭ᠌ᠴᠡᠭᠡ᠎ᠶ᠋ᠢ ᠨᠠᠷᠢᠨ ᠠᠰᠠᠭᠤᠵᠤ᠂ ᠨᠤᠲᠤᠭ᠎ᠤᠨ ᠣᠯᠠᠨ ᠲᠦᠮᠡᠨ᠎ᠳᠦ ᠬᠠᠢᠷ᠎ᠠ ᠬᠠᠯᠠᠮᠵᠢ ᠬᠦᠷᠭᠡᠪᠡ᠃

ᠤᠯᠠᠭᠠᠨ ᠳ᠋ᠧᠩᠯᠦ᠍ ᠰᠠᠯᠬᠢᠨ᠎ᠤ ᠠᠶ᠎ᠠ᠎ᠪᠠᠷ ᠬᠡᠢᠰᠴᠦ ᠴᠡᠪᠡᠷ ᠴᠡᠮᠴᠡᠭᠡᠷ ᠵᠡᠭᠡᠯᠢ ᠭᠤᠳᠤᠮᠵᠢ ᠳ᠋ᠤ ᠦᠩᠬᠡ ᠨᠠᠮᠠᠷᠢᠯᠠᠵᠤ᠂ ᠴᠠᠭᠠᠨ ᠰᠠᠷ᠎ᠠ᠎ᠶ᠋ᠢᠨ ᠠᠭᠤᠷ ᠠᠮᠢᠰᠭᠤᠯ ᠠᠢᠯ ᠲᠣᠰᠭᠣᠨ᠎ᠤ ᠥᠨᠴᠥᠭ ᠪᠤᠯᠤᠩ᠎ᠳᠦ ᠪᠢᠯᠬᠠᠨ᠎ᠠ᠃ ᠡᠨᠳᠡ ᠬᠡᠳᠦᠨ ᠰᠠᠷ᠎ᠠ᠎ᠶ᠋ᠢᠨ ᠡᠮᠦᠨ᠎ᠡ ᠦᠶᠡᠷ ᠤᠰᠤᠲᠤᠯ᠎ᠤᠨ ᠭᠠᠮᠱᠢᠭ᠎ᠲᠤ ᠤᠴᠠᠷᠠᠭ᠍ᠰᠠᠨ ᠬᠡᠳᠡᠭ᠎ᠢ ᠢᠳᠡᠬᠡᠬᠦᠶ᠎ᠠ ᠪᠡᠷᠬᠡ᠃

ᠬᠡᠳᠦᠨ ᠭᠠᠵᠠᠷ᠎ᠤᠨ ᠬᠤᠯᠠ ᠪᠠᠢᠭ᠎ᠠ ᠳ᠋ᠸᠩᠺᠸᠤ ᠲᠣᠰᠭᠣᠨ᠎ᠳᠤ ᠬᠠᠷᠠᠩᠭ᠎ᠠ ᠬᠡᠩᠭᠡᠷᠭᠡ᠎ᠶ᠋ᠢᠨ ᠲᠠᠭᠤᠨ ᠰᠣᠶᠣᠯ᠎ᠤᠨ ᠬᠦᠷᠢᠶ᠎ᠡ᠎ᠳᠦ ᠴᠤᠤᠷᠢᠶᠠᠲᠤᠨ᠎ᠠ᠃ ᠥᠩᠭᠡᠲᠦ ᠬᠤᠪᠴᠠᠰᠤ ᠡᠮᠦᠰᠦᠭ᠌ᠰᠡᠨ ᠲᠣᠰᠭᠣᠨ᠎ᠤ ᠠᠷᠠᠳ ᠶᠠᠩᠭᠠᠷ ᠪᠥᠵᠢᠭ᠌ᠯᠡᠵᠦ᠍᠂ ᠪᠦᠵᠢᠭᠯᠡᠭᠴᠢᠳ᠎ᠤᠨ ᠭᠠᠷ ᠲᠡᠬᠢ ᠲᠣᠷᠭᠠᠨ ᠪᠦᠰᠡ ᠨᠢ ᠬᠤᠯᠠ ᠡᠴᠡ ᠰᠣᠯᠣᠩᠭᠠᠷᠠᠨ ᠬᠠᠷᠠᠬᠳᠠᠨ᠎ᠠ᠃ ᠰᠣᠶᠣᠯ᠎ᠤᠨ ᠬᠦᠷᠢᠶᠡᠨ᠎ᠦ ᠵᠤᠤ ᠴᠠᠩ ᠹᠠ ᠤᠯᠠᠨ᠎ᠢ ᠵᠣᠬᠢᠶᠠᠨ ᠪᠠᠢᠭᠤᠯᠤᠨ ᠶᠠᠩᠭᠠᠷ ᠪᠣᠯᠪᠠᠰᠤᠷᠠᠵᠤ ᠪᠠᠢᠯ᠎ᠠ᠂ ᠲᠡᠷᠡ ᠰᠤᠷᠪᠤᠯᠵᠢᠯᠠᠬᠴᠢ ᠳ᠋ᠤ᠄ 《ᠨᠢᠳᠤᠨᠤᠨ ᠬᠡᠳᠦᠢᠪᠡᠷ ᠭᠠᠮᠱᠢᠭ᠎ᠲᠤ ᠤᠴᠠᠷᠠᠭ᠍ᠰᠠᠨ ᠪᠣᠯᠪᠠᠴᠤ᠌ ᠨᠠᠮ ᠪᠣᠯᠤᠨ ᠵᠠᠰᠠᠭ᠎ᠤᠨ ᠣᠷᠳᠣᠨ᠎ᠤ ᠰᠠᠢ᠌ᠨ ᠲᠦᠷᠦ᠍᠎ᠶ᠋ᠢᠨ ᠪᠤᠳᠤᠯᠭ᠎ᠠ ᠬᠤᠪᠢᠷᠠᠭ᠎ᠠ ᠦᠭᠡᠢ᠂ ᠬᠠᠪᠰᠤᠷᠤᠨ ᠲᠡᠳᠬᠦᠬᠦ᠌ ᠡᠷᠴᠢᠮ ᠪᠠᠭᠤᠷᠠᠭ᠎ᠠ ᠦᠭᠡᠢ》 ᠬᠡᠪᠡ᠃

ᠰᠢᠨ ᠼᠦᠨ ᠳᠤᠰᠬᠤᠨ᠎ᠤ ᠯᠢᠦᠢ ᠡᠯ ᠪᠤᠤ᠎ᠶ᠋ᠢᠨ ᠬᠢᠨ᠎ᠴᠤ ᠰᠢᠨ᠎ᠡ ᠲᠣᠭᠣᠰᠭᠠᠨ ᠪᠠᠢᠱᠢᠩ᠎ᠳᠠᠭᠠᠨ ᠨᠡᠬᠦᠵᠤ ᠤᠷᠤᠭᠠᠳ ᠳᠤᠯᠠᠭᠠᠨ ᠪᠦᠯᠢᠶᠡᠨ ᠰᠢᠨᠡᠯᠡᠪᠡ᠃ ᠯᠢᠦᠢ ᠡᠯ ᠪᠦᠦ ᠭᠠᠷ ᠤᠲᠠᠰᠤᠨ᠎ᠳᠠᠬᠢ ᠰᠡᠭᠦᠳᠡᠷ᠎ᠢᠶᠡᠨ ᠤᠷᠪᠠᠭᠤᠯᠵᠤ ᠰᠤᠷᠪᠤᠯᠵᠢᠯᠠᠭ᠍ᠴᠢ᠎ᠳᠤ᠄ 《ᠡᠨᠡ ᠪᠣᠯ ᠮᠠᠨ᠎ᠤ ᠤᠤᠯ᠎ᠤᠨ ᠱᠢᠪᠠᠷ ᠪᠠᠢᠱᠢᠩ᠂ ᠬᠡᠳᠦᠨ ᠠᠷᠪᠠᠨ ᠵᠢᠯ ᠰᠠᠭᠤᠬᠰᠠᠨ ᠶᠤᠮ᠂ ᠡᠨᠡ ᠪᠣᠯ ᠣᠳᠣ᠎ᠶ᠋ᠢᠨ ᠱᠢᠨ᠎ᠡ ᠪᠠᠢᠰᠢᠩ᠂ ᠰᠠᠭᠤᠬᠤ᠎ᠳᠤ ᠦᠨᠡᠬᠡᠷ ᠲᠠᠭᠠᠯᠠᠮᠵᠢᠲᠠᠶ》 ᠬᠡᠵᠤ ᠲᠡᠷᠡ ᠢᠨᠢᠶᠡᠮᠰᠦᠭ᠌ᠯᠡᠨ ᠬᠡᠯᠡᠪᠡ᠃


QQ截图20260220121158.png


ᠯᠢᠦᠢ ᠡᠯ ᠪᠤᠤ᠎ᠶ᠋ᠢᠨ ᠬᠢᠨ ᠰᠢᠨ᠎ᠡ ᠲᠣᠭᠣᠰᠭᠠᠨ ᠪᠠᠢᠱᠢᠩ᠎ᠳᠠᠭᠠᠨ ᠨᠡᠭᠦᠯ᠎ᠡ


ᠠᠮᠢᠳᠤᠷᠠᠯ ᠬᠠᠢᠷ᠎ᠠ ᠳᠡᠭᠡᠷ᠎ᠡ ᠳᠤᠭᠳᠠᠨ᠎ᠠ᠃ 2025 ᠣᠨ᠎ᠤ 11 ᠰᠠᠷ᠎ᠠ᠎ᠶ᠋ᠢᠨ ᠡᠴᠦᠰ ᠪᠣᠯᠲᠠᠯ᠎ᠠ᠂ ᠲᠦᠮᠡᠳ ᠪᠠᠷᠠᠭᠤᠨ ᠬᠣᠱᠢᠭᠤᠨ᠎ᠤ ᠱᠤᠸᠠᠩ ᠯᠦᠩ ᠪᠠᠯᠭᠠᠰᠤᠨ᠎ᠤ ᠡᠪᠳᠡᠭ᠌ᠳᠡᠭ᠌ᠰᠡᠨ ᠬᠡᠷ ᠪᠠᠢᠱᠢᠩ᠎ᠢ ᠪᠦᠬᠦᠨ᠎ᠢ ᠰᠡᠯᠪᠢᠨ ᠵᠠᠰᠠᠵᠤ ᠳᠠᠬᠢᠨ ᠪᠠᠢᠭᠤᠯᠵᠤ᠂ ᠭᠠᠮᠱᠢᠭ᠍ᠳᠠᠭ᠍ᠰᠠᠨ ᠣᠯᠠᠨ ᠲᠦᠮᠡᠨ ᠲᠣᠭ᠍ᠲᠠᠭ᠍ᠰᠠᠨ ᠬᠤᠭᠤᠴᠠᠭᠠᠨ᠎ᠳᠤ ᠬᠠᠯᠠᠭᠤᠨ ᠳᠤᠯᠠᠭᠠᠨ ᠱᠢᠨ᠎ᠡ ᠰᠠᠭᠤᠴᠠᠠ᠎ᠳᠤ ᠨᠡᠭᠦᠵᠤ ᠣᠷᠣᠪᠠ᠃ ᠱᠤᠸᠠᠩ ᠯᠦᠩ ᠪᠠᠯᠭᠠᠰᠤᠨ᠎ᠤ ᠨᠠᠮ᠎ᠤᠨ ᠬᠤᠷᠢᠶ᠎ᠠ᠎ᠶᠢᠨ ᠳᠡᠳ᠋ ᠱᠦᠵᠢ᠂ ᠪᠠᠯᠭᠠᠰᠤᠨ᠎ᠤ ᠳᠠᠷᠤᠭ᠎ᠠ ᠺᠠᠩ ᠱᠢᠨ ᠰᠤᠷᠪᠤᠯᠵᠢᠯᠠᠭ᠍ᠴᠢ᠎ᠳᠤ ᠰᠢᠨ᠎ᠠ ᠨᠢᠬᠡ ᠵᠢᠯ᠎ᠤᠨ ᠬᠦᠭᠵᠢᠯᠳᠠ ᠵᠢᠨ ᠲᠦᠯᠦᠪᠯᠡᠬᠡ ᠪᠠᠨ ᠶᠠᠷᠢᠵᠤ ᠦᠭᠬᠦᠯ᠎ᠠ᠄ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠤᠨ ᠥᠭᠡᠷᠡᠴᠢᠯᠡᠯᠲᠡ᠂ ᠲᠡᠵᠢᠭᠡᠨ ᠦᠷᠡᠵᠢᠭᠦᠯᠬᠦ᠌ ᠠᠵᠤ ᠦᠶ᠋ᠯᠡᠰ᠎ᠦᠨ ᠱᠠᠩᠨᠠᠯ ᠨᠥᠬᠥᠪᠥᠷᠢ᠂ ᠨᠡᠢᠲᠡ᠎ᠶ᠋ᠢᠨ ᠠᠰᠠᠷᠠᠮᠵᠢ᠎ᠶ᠋ᠢᠨ ᠠᠵᠢᠯ᠎ᠤᠨ ᠪᠠᠢᠷᠢ᠎ᠶ᠋ᠢ ᠨᠡᠭᠡᠭᠡᠨ ᠬᠥᠭ᠌ᠵᠢᠭᠦᠯᠬᠦ᠌ ᠁ ᠲᠡᠷᠡ᠄ 《ᠪᠢᠳᠡ ᠣᠯᠠᠨ ᠲᠦᠮᠡᠨ᠎ᠢ ᠰᠠᠭᠤᠬᠤ ᠬᠡᠷ᠎ᠲᠡᠶ ᠪᠣᠯᠭᠠᠬᠤ᠎ᠪᠠᠷ ᠪᠠᠷᠠᠬᠤ ᠥᠬᠡᠶ ᠨᠠᠩ ᠴᠤ᠌ ᠬᠢᠬᠦ᠌ ᠠᠵᠢᠯ᠎ᠲᠠᠶ᠂ ᠤᠯᠬᠤ ᠵᠣᠭᠣᠰ᠎ᠲᠠᠶ ᠪᠣᠯᠭᠠᠵᠤ᠂ ᠠᠮᠢᠳᠤᠷᠠᠯ᠎ᠢ ᠨᠢ ᠡᠳᠦᠷ᠎ᠡᠴᠡ ᠡᠳᠦᠷ ᠰᠠᠢᠨ ᠪᠣᠯᠭᠠᠨ᠎ᠠ》 ᠭᠡᠪᠡ᠃zzz

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号