ᠴᠠᠭᠠᠨ ᠰᠠᠷ᠎ᠠ᠎ᠶ᠋ᠢᠨ ᠵᠥᠭᠡᠭᠡᠪᠦᠷᠢ᠎ᠶ᠋ᠢᠨ ᠵᠠᠮ ᠳᠦ ᠬᠥᠮᠦᠨ᠎ᠦ ᠤᠷᠤᠰᠭᠠᠯ ᠳᠠᠪᠠᠯᠭᠠᠯᠠᠵᠤ᠂ ᠭᠠᠯᠲᠤ ᠲᠡᠷᠭᠡ ᠱᠤᠤᠬᠢᠨ ᠳᠠᠪᠬᠢᠨ᠎ᠠ᠃ ᠰᠥᠨᠢ᠎ᠶ᠋ᠢᠨ ᠭᠦᠨᠳᠤ ᠪᠠᠶᠠᠨᠨᠠᠭᠤᠷ ᠥᠷᠲᠡᠭᠡᠨ᠎ᠦ ᠲᠠᠪᠴᠠᠩ ᠳ᠋ᠦ᠍ ᠬᠦᠢᠲᠡᠨ ᠰᠠᠯᠬᠢ ᠬᠠᠴᠠᠷ᠎ᠢ ᠵᠦᠰᠦᠵᠦ᠂ ᠠᠭᠠᠷ᠎ᠤᠨ ᠳᠤᠯᠠᠭᠠᠨ ᠲᠡᠭ᠎ᠡᠴᠡ ᠳᠣᠷᠣᠭ᠍ᠰᠢ ᠠᠷᠪᠠᠨ ᠬᠡᠳᠦᠨ ᠭᠷᠠᠳᠦ᠋ᠰ ᠲᠦ᠍ ᠬᠦᠷᠴᠤ ᠪᠠᠢᠯ᠎ᠠ᠃
ᠪᠢᠳᠠᠬᠦᠨᠦ ᠡᠳᠦᠷ᠂ ᠲᠤᠰ ᠡᠳᠦᠷ᠎ᠦᠨ ᠬᠠᠮᠤᠭ᠎ᠤᠨ ᠰᠡᠭᠦᠯᠴᠢ᠎ᠶ᠋ᠢᠨ ᠭᠠᠯᠲᠤ ᠲᠡᠷᠭᠡ ᠵᠢ ᠠᠮᠤᠷ ᠲᠦᠪᠱᠢᠨᠮᠤᠷᠳᠠᠨ ᠭᠠᠷᠤᠭᠰᠠᠨ ᠤ ᠳᠠᠷᠠᠭ᠎ᠠ ᠯᠢᠩ ᠴᠧᠨ ᠬᠡᠳᠦᠨ ᠬᠠᠮᠳᠤ ᠠᠵᠢᠯᠯᠠᠬᠰᠠᠳ᠎ᠲᠠᠶ ᠪᠠᠨ ᠥᠷᠲᠡᠭᠡᠨ ᠳᠦ ᠣᠷᠣᠵᠤ ᠠᠵᠢᠯ᠎ᠢᠶᠡᠨ ᠡᠬᠢᠯᠡᠬᠦᠯᠪᠡ᠃ ᠲᠡᠳᠡᠨ᠎ᠦ ᠡᠭᠦᠷᠭᠡ ᠪᠣᠯ ᠵᠠᠮ᠎ᠤᠨ ᠬᠠᠵᠠᠭᠤ᠎ᠳᠠᠬᠢ ᠵᠣᠭ᠍ᠰᠣᠭᠠᠯ ᠤᠨ ᠲᠠᠪᠴᠠᠩᠳ᠋ᠤ ᠵᠠᠭᠠᠭ᠎ᠤᠨ ᠬᠡᠮᠵᠢᠯᠲᠡ ᠬᠢᠵᠦ᠍᠂ ᠨᠠᠷᠢᠯᠢᠭ ᠣᠨᠣᠪᠴᠢᠲᠠᠶ ᠲᠣᠭ᠎ᠠ ᠪᠠᠷᠢᠮᠲᠠ᠎ᠪᠠᠷ ᠴᠠᠭᠠᠨ ᠰᠠᠷ᠎ᠠ᠎ᠶ᠋ᠢᠨ ᠵᠥᠭᠡᠭᠡᠪᠦᠷᠢ᠎ᠶ᠋ᠢᠨ ᠠᠮᠤᠷ ᠲᠦᠪᠱᠢᠨ᠎ᠢ ᠬᠠᠮᠠᠭᠠᠯᠠᠨ᠎ᠠ᠃
《ᠲᠡᠷᠭᠡᠨ᠎ᠡᠴᠡ ᠪᠠᠭᠤᠬᠤ ᠠᠶᠠᠨᠴᠢᠳ ᠭᠠᠯᠲᠤ ᠲᠡᠷᠭᠡ ᠪᠣᠯᠤᠨ ᠥᠷᠲᠡᠭᠡᠨ᠎ᠦ ᠶᠡᠨᠳᠡᠷ᠎ᠦᠨ ᠬᠣᠭᠣᠷᠣᠨᠳᠣᠬᠢ ᠵᠠᠪᠰᠠᠷ᠎ᠢ ᠠᠩᠬᠠᠷᠤᠭᠠᠷᠠᠶ》᠃ ᠡᠨᠡ ᠬᠦ᠌ ᠵᠠᠪᠰᠠᠷ᠎ᠢ ᠰᠠᠢᠲᠤᠷ ᠬᠠᠮᠢᠶᠠᠷᠬᠤ ᠪᠣᠯ ᠳᠤᠮᠳᠠᠳᠤ ᠤᠯᠤᠰ᠎ᠤᠨ ᠲᠡᠮᠦᠷ ᠵᠠᠮ ᠤᠨ ᠬᠥᠬᠡᠬᠣᠲᠠ᠎ᠶ᠋ᠢᠨ ᠲᠣᠪᠴᠢᠶ᠎ᠠ᠎ᠶ᠋ᠢᠨ ᠪᠦᠯᠦᠭ᠌ᠯᠡᠯ ᠬᠢᠵᠠᠭᠠᠷᠲᠤ ᠺᠣᠮᠫᠠᠨᠢ᠎ᠶ᠋ᠢᠨ ᠪᠤᠭᠤᠲᠤ᠎ᠶ᠋ᠢᠨ ᠬᠡᠷ ᠪᠠᠢᠱᠢᠩ᠎ᠤᠨ ᠪᠥᠲᠥᠭᠡᠨ ᠪᠠᠢᠭᠤᠯᠤᠯᠲᠠ᠎ᠶ᠋ᠢᠨ ᠨᠡᠢᠲᠡ᠎ᠶ᠋ᠢᠨ ᠪᠠᠢᠷᠢ᠎ᠶ᠋ᠢᠨ ᠬᠡᠰᠡᠭ᠎ᠦᠨ ᠪᠠᠶᠠᠨᠨᠠᠭᠤᠷ ᠥᠷᠲᠡᠭᠡ᠎ᠶ᠋ᠢᠨ ᠬᠡᠷ ᠪᠠᠢᠱᠢᠩ᠎ᠤᠨ ᠪᠥᠲᠥᠭᠡᠨ ᠪᠠᠢᠭᠤᠯᠤᠯᠲᠠ᠎ᠶ᠋ᠢᠨ ᠲᠦᠷᠬᠡᠨ᠎ᠤ ᠲᠡᠮᠦᠷ ᠵᠠᠮ᠎ᠤᠨ ᠠᠵᠢᠯᠯᠠᠬᠤ ᠲᠣᠭᠣᠷᠢᠭ᠎ᠤᠨ ᠨᠢᠭᠡᠨ ᠴᠢᠬᠤᠯᠠ ᠠᠵᠢᠯ ᠪᠣᠯᠤᠨ᠎ᠠ᠃
ᠡᠨᠡ ᠵᠢᠯ 36 ᠨᠠᠰᠤᠲᠠᠶ ᠯᠢᠩ ᠴᠧᠨ ᠪᠣᠯ ᠠᠵᠢᠯᠯᠠᠬᠤ ᠲᠣᠭᠣᠷᠢᠭ᠎ᠤᠨ ᠴᠥᠭᠡᠨ ᠲᠣᠭᠠᠨ᠎ᠤ ᠡᠮᠡᠭ᠌ᠲᠡᠶ ᠠᠵᠢᠯᠴᠢᠨ ᠪᠤᠯᠤᠨ᠎ᠠ᠃ ᠲᠡᠷᠡ ᠪᠠᠷᠢᠮᠵᠢᠶᠠᠲᠤ ᠠᠵᠢᠯᠯᠠᠬᠤ ᠶᠠᠪᠤᠴᠠ᠎ᠶ᠋ᠢ ᠴᠢᠩᠭ᠎ᠠ ᠵᠢᠷᠤᠮᠯᠠᠵᠤ᠂ ᠠᠵᠢᠯᠴᠢᠨ ᠨᠥᠬᠥᠳ ᠲᠡᠶ᠎ᠪᠡᠨ ᠲᠤᠰᠭᠠᠢ ᠮᠡᠷᠭᠡᠵᠢᠯ᠎ᠦᠨ ᠲᠤᠨᠤᠭ ᠲᠥᠬᠥᠭᠡᠷᠦᠮᠵᠢ᠎ᠶ᠋ᠢ ᠠᠱᠢᠭ᠍ᠯᠠᠨ ᠲᠡᠮᠦᠷ ᠵᠠᠮ᠎ᠤᠨ ᠭᠣᠣᠯ ᠱᠤᠭᠤᠮ᠎ᠡᠴᠡ ᠥᠷᠲᠡᠭᠡᠨ᠎ᠦ ᠶᠡᠨᠳᠡᠷ᠎ᠦᠨ ᠬᠦᠪᠡᠭᠡ ᠢᠷᠮᠡᠭ ᠬᠦᠷᠬᠦ᠌ ᠵᠠᠢ᠎ᠶ᠋ᠢ ᠬᠡᠮᠵᠢᠨ᠎ᠠ᠃ ᠥᠷᠲᠡᠭᠡᠨ ᠦ ᠶᠡᠨᠳᠡᠷ᠎ᠦᠨ ᠬᠥᠪᠡᠭᠡ ᠢᠷᠮᠡᠭᠢ ᠲᠡᠷᠭᠡᠨ ᠴᠣᠭ᠍ᠴᠠ ᠲᠠᠶ ᠱᠦᠷᠭᠦᠭᠡᠬᠦ᠌ ᠦᠭᠡᠶ ᠪᠠᠢᠬᠤ ᠵᠢ ᠪᠠᠳᠤᠯᠠᠬᠤ ᠮᠥᠷᠲᠡᠭᠡᠨ ᠪᠠᠰᠠ ᠠᠶᠠᠨᠴᠢᠳ᠎ᠤᠨ ᠪᠠᠭᠤᠬᠤ ᠬᠡᠷᠡᠭ᠌ᠴᠡᠭᠡ᠎ᠶ᠋ᠢ ᠬᠠᠩᠭᠠᠬᠤ᠎ᠶ᠋ᠢᠨ ᠲᠥᠯᠥᠭᠡ 5000 ᠭᠠᠷᠤᠶ ᠲᠡᠭ᠌ᠰᠢ ᠳᠥᠷᠪᠡᠯᠵᠢᠨ ᠮᠧᠲ᠋ᠷ ᠲᠦᠷᠭᠡᠨ᠎ᠦ ᠲᠡᠮᠦᠷ ᠵᠠᠮ᠎ᠤᠨ ᠲᠠᠪᠴᠠᠩ ᠳᠡᠭᠡᠷᠡᠬᠢ ᠤᠳᠠᠭ᠎ᠠ ᠪᠦᠷᠢ᠎ᠶ᠋ᠢᠨ ᠬᠡᠮᠵᠢᠯᠲᠡ ᠴᠥᠮ ᠨᠢᠭ᠍ᠲᠠ᠎ᠡᠴᠡ ᠨᠢᠭ᠍ᠲᠠ ᠪᠠᠢᠬᠤ᠎ᠶ᠋ᠢ ᠪᠡᠶᠡᠯᠡᠭᠦᠯᠵᠦ᠍᠂ ᠥᠴᠦᠬᠡᠨ ᠴᠦ᠍ ᠬᠠᠰᠢ ᠶᠠᠰᠢ ᠪᠠᠢᠵᠤ ᠪᠣᠯᠬᠤ ᠦᠭᠡᠶ᠃
ᠪᠤᠭᠤᠲᠤ ᠡᠴᠡ ᠢᠷᠭᠠᠶᠬᠦᠷᠬᠦ ᠲᠦᠷᠭᠡᠨ᠎ᠦ ᠲᠡᠮᠦᠷ ᠵᠠᠮ᠎ᠤᠨ ᠴᠢᠬᠤᠯᠠ ᠬᠦᠶ᠋ᠰᠦ ᠥᠷᠲᠡᠭᠡ ᠪᠣᠯᠤᠭ᠍ᠰᠠᠨ᠎ᠤ ᠬᠤᠪᠢ᠎ᠳᠤ᠂ ᠴᠠᠭᠠᠨ ᠰᠠᠷ᠎ᠠ᠎ᠶ᠋ᠢᠨ ᠵᠥᠭᠡᠭᠡᠪᠦᠷᠢ᠎ᠶ᠋ᠢᠨ ᠬᠤᠭᠤᠴᠠᠭᠠᠨ᠎ᠳᠤ ᠪᠠᠶᠠᠨᠨᠠᠭᠤᠷ ᠥᠷᠲᠡᠭᠡ᠎ᠡᠴᠡ ᠲᠡᠷᠭᠡᠨ ᠳᠤ ᠭᠠᠷᠬᠤ ᠠᠶᠠᠨᠴᠢᠳ᠎ᠤᠨ ᠲᠣᠭ᠎ᠠ ᠡᠩ᠎ᠦᠨ ᠡᠳᠦᠷᠦᠨᠬᠢᠡᠴᠡ ᠲᠤᠮᠳᠠᠴᠢ ᠪᠠᠷ ᠪᠠᠷᠤᠭ 50% ᠪᠠᠷ ᠨᠡᠮᠡᠭ᠌ᠳᠡᠵᠦ᠍᠂ ᠥᠨᠳᠥᠷ ᠨᠢᠭ᠍ᠲᠠᠴᠠ᠎ᠲᠤ ᠠᠶᠠᠨᠴᠢᠳ᠎ᠤᠨ ᠤᠷᠤᠰᠭᠠᠯ᠎ᠨᠢ ᠥᠷᠲᠡᠭᠡᠨ᠎ᠦ ᠬᠡᠷ ᠪᠠᠢᠱᠢᠩᠲᠤᠨᠤᠭ ᠲᠥᠬᠥᠭᠡᠷᠦᠮᠵᠢ᠎ᠶ᠋ᠢᠨ ᠤᠨᠤᠪᠴᠢ ᠵᠢᠨ ᠬᠡᠮᠵᠢᠶ᠎ᠡ ᠳ᠋ᠤ ᠨᠠᠩ ᠥᠨᠳᠥᠷ ᠱᠠᠭᠠᠷᠳᠠᠯᠭ᠎ᠠ ᠲᠠᠯᠪᠢᠵᠠᠢ᠃
《ᠬᠡᠮᠵᠢᠯᠲᠡ᠎ᠶ᠋ᠢᠨ ᠲᠣᠭ᠎ᠠ᠎ᠨᠢ ᠬᠡᠳᠦᠶ ᠪᠤᠢ 》᠂ 《ᠬᠡᠮᠵᠢᠭᠦᠷ᠎ᠢ ᠵᠠᠪᠠᠯ ᠲᠡᠭ᠌ᠰᠢᠬᠡᠨ ᠪᠠᠷᠢᠬᠤ ᠬᠡᠷᠡᠭ᠌ᠲᠡᠶ》᠁ ᠯᠢᠩ ᠴᠧᠨ ᠬᠠᠮᠳᠤ ᠠᠵᠢᠯᠯᠠᠬᠰᠠᠳᠲᠠᠶᠪᠠᠨ ᠬᠡᠮᠵᠢᠯᠲᠡ᠎ᠶ᠋ᠢᠨ ᠲᠣᠭ᠎ᠠ ᠪᠠᠷᠢᠮᠲᠠ᠎ᠳᠤ ᠲᠤᠢᠯ᠎ᠤᠨ ᠨᠢᠬᠳᠠ ᠴᠢᠩᠭ᠎ᠠ ᠪᠠᠷᠢᠮᠵᠢᠶ᠎ᠠ ᠲᠠᠢ ᠪᠠᠢᠵᠤ᠂ ᠲᠣᠭ᠎ᠠ ᠪᠠᠷᠢᠮᠲᠠ᠎ᠶ᠋ᠢᠨ ᠣᠨᠣᠪᠴᠢᠲᠤ ᠴᠢᠨᠠᠷ᠎ᠢ ᠪᠠᠲᠤᠯᠠᠬᠤ᠎ᠶ᠋ᠢᠨ ᠲᠥᠯᠥᠭᠡ ᠲᠠᠳᠠ ᠶᠡᠷᠦ᠍᠎ᠳᠡᠭᠡᠨ ᠲᠤᠬᠠᠶ᠎ᠶ᠋ᠢᠨ ᠲᠠᠯᠠᠪᠠᠶ᠎ᠳᠤ ᠲᠣᠭ᠎ᠠ ᠪᠠᠷᠢᠮᠲᠠ᠎ᠶ᠋ᠢ ᠠᠬᠢᠨ ᠲᠠᠬᠢᠨ ᠬᠢᠨᠠᠵᠤ᠂ ᠳᠡᠭᠡᠷ᠎ᠡ ᠤᠳᠠᠭᠠᠨ᠎ᠤ ᠲᠣᠭ᠎ᠠ ᠪᠠᠷᠢᠮᠲᠠ᠎ᠲᠠᠶ ᠪᠠᠨ ᠬᠠᠷᠢᠴᠠᠭᠤᠯᠵᠤ᠂ ᠲᠣᠭ᠎ᠠ ᠪᠠᠷᠢᠮᠲᠠ᠎ᠶ᠋ᠢ ᠠᠮᠤᠷ ᠲᠦᠪᠱᠢᠨ᠎ᠦ ᠬᠡᠪᠴᠢᠶᠡᠨ᠎ᠳᠦ ᠪᠠᠢᠯᠭᠠᠬᠤ᠎ᠶ᠋ᠢ ᠪᠠᠲᠤᠯᠠᠳᠠᠭ᠃ ᠯᠢᠩ ᠴᠧᠨ᠄《ᠡᠨᠡ ᠵᠢᠯ ᠪᠣᠯ ᠪᠠᠶᠠᠨᠨᠠᠭᠤᠷ ᠥᠷᠲᠡᠭᠡ ᠲᠦᠷᠭᠡᠨ᠎ᠦ ᠲᠡᠮᠦᠷ ᠵᠠᠮ᠎ᠤᠨ ᠴᠠᠭ ᠦᠶ᠎ᠡ᠎ᠶ᠋ᠢᠨ ᠠᠩᠬᠠᠳᠠᠭ᠍ᠴᠢ ᠴᠠᠭᠠᠨ ᠰᠠᠷ᠎ᠠ᠎ᠶ᠋ᠢᠨ ᠵᠥᠭᠡᠭᠡᠪᠦᠷᠢ ᠪᠠᠨ ᠤᠭᠳᠤᠵᠤ ᠪᠠᠢᠨ᠎ᠠ᠂ ᠱᠢᠨ᠎ᠡ᠎ᠪᠡᠷ ᠪᠠᠢᠭᠤᠯᠤᠭ᠍ᠰᠠᠨ ᠪᠠᠶᠠᠨᠨᠠᠭᠤᠷ ᠥᠷᠲᠡᠭᠡ᠎ᠶ᠋ᠢᠨ ᠮᠡᠷᠭᠡᠵᠢᠯ᠎ᠦᠨ ᠪᠠᠷᠢᠮᠵᠢᠶ᠎ᠠ ᠮᠠᠰᠢ ᠥᠨᠳᠥᠷ᠂ ᠪᠢᠳᠠ ᠲᠣᠭᠣᠷᠢᠨ ᠪᠠᠢᠴᠠᠭᠠᠬᠤ ᠠᠵᠢᠯᠵᠢᠠᠨ ᠰᠠᠢᠨ ᠬᠢᠵᠦ ᠴᠠᠭ ᠲᠤᠬᠠᠶ᠎ᠳᠤᠨᠢ ᠠᠮᠤᠷ ᠲᠦᠪᠱᠢᠨ ᠦ ᠬᠡᠮ ᠰᠣᠭᠣᠭ᠎ᠢ ᠵᠢᠭ᠍ᠰᠠᠭᠠᠨ ᠪᠠᠢᠴᠠᠭᠠᠵᠤ᠂ ᠠᠶᠠᠨᠴᠢᠳ᠎ᠤᠨ ᠠᠮᠤᠷ ᠲᠦᠪᠱᠢᠨ ᠶᠠᠪᠤᠵᠤ ᠰᠠᠭᠤᠬᠤ᠎ᠶ᠋ᠢ ᠪᠠᠲᠤᠯᠠᠬᠤ ᠬᠡᠷᠡᠭ᠌ᠲᠡᠶ 》 ᠭᠡᠵᠤ ᠪᠠᠢᠯ᠎ᠠ᠃ ᠲᠡᠭ ᠴᠠᠭ ᠡᠴᠡ ᠲᠦᠷᠪᠡᠨ ᠴᠠᠭ ᠪᠣᠯᠲᠠᠯ᠎ᠠ᠂ ᠲᠡᠷᠡ ᠬᠠᠮᠳᠤ ᠠᠵᠢᠯᠯᠠᠬᠰᠠᠳᠲᠡᠶᠪᠡᠨ ᠬᠠᠬᠢᠷ ᠬᠦᠢᠳᠡᠨ ᠢ ᠲᠡᠰᠪᠦᠷᠢᠯᠡᠨ ᠠᠵᠢᠯᠯᠠᠵᠤ᠂ ᠲᠡᠮᠦᠷ ᠵᠠᠮ᠎ᠤᠨ ᠭᠤᠤᠯ ᠱᠤᠭᠤᠮ ᠡᠴᠡ ᠥᠷᠲᠡᠭᠡᠨ᠎ᠦ ᠶᠡᠨᠳᠡᠷ᠎ᠦᠨ ᠬᠦᠪᠡᠭᠡ ᠢᠷᠮᠡᠭ ᠬᠦᠷᠬᠦ ᠬᠡᠪᠲᠡᠭᠡ ᠵᠠᠢ 1750 ᠮᠢᠯᠢᠮᠧᠲ᠋ᠷ᠎ᠡᠴᠡ ᠪᠠᠭ᠎ᠠ ᠦᠭᠡᠢ ᠪᠠᠢᠬᠤ᠎ᠶ᠋ᠢ ᠪᠠᠲᠤᠯᠠᠵᠤ᠂ ᠮᠢᠯᠢᠮᠧᠲ᠋ᠷ᠎ᠢᠶᠡᠷ ᠨᠢᠭᠡᠴᠢ ᠪᠣᠯᠭᠠᠵᠤ ᠨᠠᠷᠢᠯᠢᠭ ᠬᠠᠷᠢᠴᠠᠭᠤᠯᠤᠨ᠎ᠠ᠃
《ᠬᠡᠮᠵᠢᠯᠲᠡ᠎ᠶ᠋ᠢᠨ ᠠᠵᠢᠯ ᠨᠢ ᠦᠵᠡᠬᠦ᠌ ᠳᠦ ᠶᠠᠷᠱᠢᠭ ᠲᠦᠪᠡᠭᠲᠡᠶ ᠪᠣᠯᠪᠠᠴᠤ᠌ ᠬᠠᠷᠢᠨ ᠬᠦᠳᠡᠯᠬᠡᠬᠦ ᠬᠥᠴᠦᠨ᠎ᠳᠤ ᠴᠤᠪᠤᠭ᠎ᠠ ᠭᠠᠯᠳᠤ ᠲᠡᠷᠭᠡ ᠵᠣᠭ᠍ᠰᠣᠬᠤ ᠦᠶᠡᠰ ᠤᠨ ᠥᠷᠲᠡᠭᠡᠨ᠎ᠦ ᠲᠠᠪᠴᠠᠩ᠎ᠯᠤᠭ᠎ᠠ᠎ᠶ᠋ᠢᠨ ᠠᠮᠤᠷ ᠲᠦᠪᠱᠢᠨ᠎ᠦ ᠵᠠᠶ᠎ᠲᠠᠶ ᠬᠣᠯᠪᠣᠭ᠍ᠳᠠᠨ᠎ᠠ》᠃ ᠯᠢᠩ ᠴᠧᠨ 4 ᠴᠠᠭ᠎ᠤᠨ ᠳᠣᠲᠣᠷ᠎ᠠ ᠬᠠᠮᠳᠤ ᠠᠵᠢᠯᠯᠠᠬᠰᠠᠳᠲᠡᠶᠪᠡᠨ ᠥᠨᠳᠥᠷ ᠪᠦᠲᠦᠮᠵᠢᠲᠡᠶ ᠪᠥᠭᠡᠳ ᠣᠨᠣᠴᠠᠲᠠᠶ ᠪᠠᠷ ᠬᠡᠮᠵᠢᠯᠲᠡ ᠬᠢᠬᠦ᠎ᠡᠴᠡ ᠭᠠᠳᠠᠨ᠎ᠠ ᠪᠠᠰᠠ ᠥᠷᠲᠡᠭᠡᠨ᠎ᠦ ᠶᠡᠨᠳᠡᠷ᠎ᠦᠨ ᠱᠠᠯᠠ᠎ᠶ᠋ᠢᠨ ᠲᠣᠭᠣᠰᠭ᠎ᠠ ᠰᠤᠯᠠᠷᠠᠭ᠍ᠰᠠᠨ ᠡᠰᠡᠬᠦ᠌ ᠵᠡᠷᠭᠡ ᠪᠠᠢᠳᠠᠯ᠎ᠢ ᠵᠢᠭ᠍ᠰᠠᠭᠠᠨ ᠪᠠᠢᠴᠠᠭᠠᠳᠠᠭ ᠭᠡᠵᠦ ᠲᠠᠨᠢᠯᠴᠠᠭᠤᠯᠪᠠ᠃ ᠠᠶᠠᠨᠴᠢᠳ᠎ᠤᠨ ᠬᠠᠯᠠᠭᠤᠨ ᠳᠤᠯᠠᠭᠠᠨ ᠠᠶᠠᠯᠠᠬᠤ᠎ᠶ᠋ᠢ ᠪᠠᠲᠤᠯᠠᠬᠤ᠎ᠶ᠋ᠢᠨ ᠲᠥᠯᠥᠭᠡ ᠲᠡᠷᠡ ᠬᠠᠮᠳᠤ ᠠᠵᠢᠯᠯᠠᠬᠰᠠᠳᠲᠡᠶᠪᠡᠨ ᠡᠳᠦᠷ ᠪᠦᠷᠢ ᠥᠷᠲᠡᠭᠡᠨ᠎ᠦ ᠭᠡᠷ ᠳᠣᠲᠣᠷᠠᠬᠢ ᠪᠤᠢ ᠪᠦᠬᠦᠢ ᠪᠣᠰᠣᠭ᠎ᠠ ᠬᠡᠯᠪᠡᠷᠢ᠎ᠶ᠋ᠢᠨ ᠢᠯᠴᠢ ᠰᠠᠷᠨᠢᠭᠤᠯᠤᠭ᠍ᠴᠢ ᠵᠡᠷᠭᠡ᠎ᠳᠤ ᠬᠣᠶᠠᠷ ᠤᠳᠠᠭ᠎ᠠ ᠲᠣᠭᠣᠷᠢᠨ ᠪᠠᠢᠴᠠᠭᠠᠯᠲᠠ ᠬᠢᠨ᠎ᠡ᠃ ᠡᠭᠦᠨ᠎ᠡᠴᠡ ᠭᠠᠳᠠᠨ᠎ᠠ᠂ ᠵᠣᠷᠯᠣᠩ ᠤᠨ ᠨᠢᠭᠤᠷ ᠤᠬᠢᠶᠠᠬᠤ ᠲᠠᠰᠤᠭ᠎ᠤᠨ ᠳᠡᠭᠡᠷ᠎ᠡ ᠳᠣᠣᠷᠠᠬᠢ ᠤᠰᠤ᠂ ᠭᠡᠷ᠎ᠦᠨ ᠬᠠᠶᠠᠭ᠎ᠠ ᠵᠢᠨ ᠤᠰᠤ ᠰᠡᠷᠭᠡᠢᠯᠡᠬᠦ᠌ ᠵᠢᠴᠢ ᠥᠷᠲᠡᠭᠡᠨ᠎ᠦ ᠭᠡᠷ᠎ᠦᠨ ᠪᠣᠯᠣᠳ ᠪᠦᠲᠦᠴᠡ ᠪᠠ ᠱᠢᠯ ᠬᠠᠨ᠎ᠠ ᠵᠡᠷᠭᠡ᠎ᠶ᠋ᠢ ᠪᠦᠷ ᠡᠳᠦᠷ ᠪᠦᠷᠢ ᠪᠠᠢᠴᠠᠭᠠᠳᠠᠭ ᠪᠠᠢᠨ᠎ᠠ᠃
ᠲᠩᠷᠢ ᠭᠡᠭᠡᠷᠡᠬᠦ᠌ ᠦᠶ᠎ᠠ ᠪᠡᠷ᠂ ᠪᠠᠶᠠᠨᠨᠠᠭᠤᠷ ᠥᠷᠲᠡᠭᠡ ᠠᠭᠠᠵᠢᠮ᠎ᠢᠶᠠᠷ ᠬᠥᠷ ᠬᠥᠭ᠌ᠵᠢᠶᠡᠨᠲᠡᠶ ᠪᠣᠯᠪᠠ᠃ ᠯᠢᠩ ᠴᠧᠨ᠄ 《ᠤᠳᠠᠭ᠎ᠠ ᠪᠦᠷᠢ ᠶ᠋ᠢᠨ ᠨᠠᠷᠢᠯᠢᠭ ᠣᠨᠣᠪᠴᠢᠲᠠᠢ ᠬᠡᠮᠵᠢᠯᠲᠡ᠂ ᠤᠳᠠᠭ᠎ᠠ ᠪᠦᠷᠢ᠎ᠶ᠋ᠢᠨ ᠨᠠᠷᠢᠨ ᠬᠢᠨᠠᠮᠠᠭᠠᠢ ᠲᠣᠭᠣᠷᠢᠨ ᠪᠠᠢᠴᠠᠭᠠᠯᠲᠠ᠎ᠪᠠᠷ ᠳᠠᠮᠵᠢᠨ ᠦᠷᠬᠡᠨ ᠤᠯᠠᠨ ᠠᠶᠠᠨᠴᠢᠳ᠎ᠤᠨ ᠠᠮᠤᠷ ᠲᠦᠪᠰᠢᠨ᠎ᠢ ᠪᠠᠳᠤᠯᠠᠬᠤ ᠨᠢ ᠪᠢᠳᠡᠨ ᠳᠤ ᠮᠠᠰᠢ ᠤᠳᠬ᠎ᠠ ᠠᠭᠤᠯᠭ᠎ᠠ ᠲᠠᠢ ᠰᠠᠨᠠᠬᠳᠠᠳᠠᠭ ᠶᠤᠮ》 ᠭᠡᠪᠡ᠃