ᠥᠪᠥᠷ ᠮᠣᠩᠭᠣᠯ 《ᠤᠮᠠᠷᠠᠲᠤ ᠵᠢᠨ ᠭᠤᠷᠪᠠᠨ ᠤᠷᠤᠨ》 ᠵᠡᠷᠭᠡ ᠭᠤᠤᠯᠳᠠᠯᠭ᠎ᠠ᠎ᠲᠠᠶ ᠠᠮᠢ ᠠᠬᠤᠶ ᠵᠢᠨ ᠢᠨᠵᠧᠨᠧᠷᠢᠩ ᠤ᠋ᠨ ᠦᠷ᠎ᠡ ᠴᠢᠬᠢ ᠮᠤᠳᠤᠨ᠎ᠦ ᠶᠠᠰᠤ ᠴᠢᠨᠠᠷ ᠤ᠋ᠨ ᠰᠡᠷᠭᠡᠢᠯᠡᠯᠲᠡ ᠵᠢᠨ ᠱᠤᠭᠤᠮ ᠢ᠋ ᠪᠠᠲᠤ ᠴᠤᠭᠴᠠᠯᠠᠪᠠ
2026-02-25 16:57:07
ᠵᠣᠬᠢᠶᠠᠭ᠍ᠴᠢ᠄
ᠨᠠᠮᠤᠭ
ᠣᠩᠱᠢᠭ᠍ᠰᠠᠨ ᠣᠳᠠᠭ᠎ᠠ᠄
★★★☆☆

《ᠤᠮᠠᠷᠠᠲᠤ ᠵᠢᠨ ᠭᠤᠷᠪᠠᠨ ᠤᠷᠤᠨ 》  ᠵᠡᠷᠭᠡ ᠭᠤᠤᠯᠳᠠᠯᠭ᠎ᠠ᠎ᠲᠠᠶ ᠠᠮᠢ ᠠᠬᠤᠶ ᠵᠢᠨ ᠢᠨᠵᠧᠨᠧᠷᠢᠩ ᠤ᠋ᠨ ᠪᠥᠲᠥᠭᠡᠨ ᠪᠠᠢᠭᠤᠯᠤᠯᠲᠠ ᠵᠢᠨ ᠶᠠᠰᠤ ᠴᠢᠨᠠᠷ ᠢ᠋ ᠪᠠᠲᠤᠯᠠᠬᠤ ᠵᠢᠨ ᠲᠥᠯᠥᠭᠡ ᠥᠪᠡᠷᠲᠡᠭᠡᠨ ᠵᠠᠰᠠᠬᠤ ᠣᠷᠣᠨ ᠤ᠋ ᠣᠶ ᠱᠢᠭᠤᠶ  ᠪᠠ  ᠨᠤᠲᠤᠭ ᠪᠡᠯᠴᠢᠭᠡᠷ ᠤ᠋ᠨ ᠲᠣᠪᠴᠢᠶ᠎ᠠ 2025 ᠣᠨ ᠳ᠋ᠤ 《ᠤᠮᠠᠷᠠᠲᠤ ᠵᠢᠨ ᠭᠤᠷᠪᠠᠨ ᠤᠷᠤᠨ》 ᠵᠡᠷᠭᠡ ᠭᠤᠤᠯᠳᠠᠯᠭ᠎ᠠ᠎ᠲᠠᠶ ᠠᠮᠢ ᠠᠬᠤᠶ ᠵᠢᠨ ᠢᠨᠵᠧᠨᠧᠷᠢᠩ ᠤ᠋ᠨ ᠣᠶ ᠱᠢᠭᠤᠶ ᠪᠠ  ᠨᠤᠲᠤᠭ  ᠪᠡᠯᠴᠢᠭᠡᠷ ᠤ᠋ᠨ ᠴᠢᠬᠢ ᠮᠣᠳᠣᠨ ᠤ᠋ ᠶᠠᠰᠤ ᠴᠢᠨᠠᠷ ᠢ᠋ ᠬᠢᠨᠠᠨ ᠬᠠᠮᠢᠶᠠᠷᠬᠤ 《 ᠨᠣᠭᠣᠭᠠᠨ ᠰᠡᠯᠡᠮ᠎ᠡ 2025 》 ᠲᠤᠰᠭᠠᠶ ᠠᠵᠢᠯᠯᠠᠭ᠎ᠠ ᠶ᠋ᠢ ᠵᠣᠬᠢᠶᠠᠨ ᠪᠠᠢᠭᠤᠯᠤᠨ ᠥᠷᠨᠢᠭᠦᠯᠪᠡ᠃

ᠲᠤᠰᠭᠠᠶ ᠠᠵᠢᠯᠯᠠᠭ᠎ᠠ ᠨᠢ ᠥᠪᠡᠷᠲᠡᠭᠡᠨ ᠵᠠᠰᠠᠬᠤ ᠣᠷᠣᠨ᠂ ᠠᠢᠮᠠᠭ ᠬᠣᠲᠠ᠂ ᠬᠣᠱᠢᠭᠤ ᠱᠢᠶᠠᠨ ᠭᠤᠷᠪᠠᠨ ᠱᠠᠲᠤᠨ ᠤ᠋ ᠣᠶ ᠱᠢᠭᠤᠶ ᠪᠠ ᠨᠤᠲᠤᠭ ᠪᠡᠯᠴᠢᠭᠡᠷ ᠤ᠋ᠨ ᠰᠠᠯᠠᠭ᠎ᠠ ᠮᠥᠴᠢᠷ ᠤ᠋ᠨ ᠬᠦᠴᠦᠨ ᠢ᠋ ᠨᠢᠭᠡᠳᠦᠯᠲᠡᠶ ᠲᠦᠯᠦᠪᠵᠢᠬᠦᠯᠦᠨ᠂ 400 ᠭᠠᠷᠤᠶ ᠮᠡᠷᠭᠡᠵᠢᠯ ᠤ᠋ᠨ ᠠᠵᠢᠯᠲᠠᠨ ᠲᠣᠮᠢᠯᠠᠵᠤ᠂ ᠪᠥᠬᠥ᠌ ᠣᠷᠣᠨ ᠤ᠋ 12 ᠠᠢᠮᠠᠭ ᠬᠣᠲᠠ ᠵᠢᠨ 86 ᠬᠣᠱᠢᠭᠤ ᠱᠢᠶᠠᠨ᠎ᠢ ᠪᠦᠬᠦᠨ᠎ᠢ ᠬᠠᠮᠤᠷᠪᠠ᠃ ᠲᠤᠰᠬᠠᠢ ᠠᠵᠢᠯᠯᠠᠭ᠎ᠠ ᠨᠢ ᠠᠢᠮᠠᠭ ᠬᠣᠲᠠ ᠬᠣᠱᠢᠭᠤ ᠱᠢᠶᠠᠨ ᠪᠦᠬᠦᠨ᠎ᠳᠦ ᠰᠤᠭᠤᠴᠢᠨ ᠪᠠᠢᠴᠠᠭᠠᠬᠤ ᠪᠠ ᠥᠪᠡᠷᠲᠡᠭᠡᠨ ᠵᠠᠰᠠᠬᠤ ᠣᠷᠣᠨ ᠡᠴᠨ ᠭᠤᠤᠯᠳᠠᠯᠭ᠎ᠠ᠎ᠲᠠᠶ ᠬᠡᠰᠡᠭ ᠣᠷᠣᠨ ᠳ᠋ᠤ ᠰᠤᠭᠤᠴᠢᠨ ᠪᠠᠢᠴᠠᠭᠠᠬᠤ᠎ᠪᠠᠷ ᠳᠡᠮᠵᠢᠨ᠂ ᠭᠤᠷᠪᠠᠳᠤᠭᠠᠷ ᠳᠡᠰ ᠤ᠋ᠨ ᠰᠤᠭᠤᠴᠢᠨ ᠪᠠᠢᠴᠠᠭᠠᠯᠲᠠ ᠪᠡᠷ ᠨᠡᠢᠲᠡ 3206 ᠴᠢᠬᠢ᠂ 1386 ᠦᠷ᠎ᠡ ᠶ᠋ᠢ ᠪᠠᠢᠴᠠᠭᠠᠵᠤ᠂  ᠰᠤᠭᠤᠴᠢᠨ ᠪᠠᠢᠴᠠᠭᠠᠭ᠍ᠰᠠᠨ ᠲᠣᠭ᠎ᠠ ᠬᠡᠮᠵᠢᠶ᠎ᠡ ᠨᠢ ᠥᠩᠭᠡᠷᠡᠭ᠌ᠰᠡᠨ ᠵᠢᠯ ᠤ᠋ᠨ 5 ᠳᠠᠬᠢᠨ ᠪᠣᠯᠪᠠ᠃ ᠪᠥᠬᠥ᠌ ᠣᠷᠣᠨ ᠤ᠋ ᠴᠢᠬᠢ ᠮᠣᠳᠣ ᠵᠢᠨ ᠶᠡᠷᠦᠩᠬᠡᠶ ᠰᠤᠭᠤᠴᠢᠨ ᠪᠠᠢᠴᠠᠭᠠᠯᠲᠠ ᠳ᠋ᠤ ᠬᠢᠷᠢ ᠲᠡᠩᠴᠡᠭ᠌ᠰᠡᠨ ᠨᠣᠷᠮ᠎ᠠ ᠶ᠋ᠢ 98%᠎ᠠᠴᠠ ᠳᠡᠭᠡᠭ᠌ᠰᠢ᠎ᠳᠦ ᠲᠣᠭ᠍ᠲᠠᠭᠤᠨ ᠪᠠᠢᠯᠭᠠᠵᠤ᠂ ᠦᠷ᠎ᠡ ᠵᠢᠨ ᠶᠡᠷᠦᠩᠬᠡᠶ ᠰᠤᠭᠤᠴᠢᠨ ᠪᠠᠢᠴᠠᠭᠠᠯᠲᠠ ᠳ᠋ᠤ ᠬᠢᠷᠢ ᠲᠡᠩᠴᠡᠭ᠌ᠰᠡᠨ ᠨᠣᠷᠮ᠎ᠠ ᠶ᠋ᠢ 95%᠎ᠠᠴᠠ ᠳᠡᠭᠡᠭ᠌ᠰᠢ᠎ᠳᠦ ᠬᠦᠷᠭᠡᠪᠡ᠃ 2025 ᠣᠨ ᠳ᠋ᠤ ᠪᠥᠬᠥ᠌ ᠣᠷᠣᠨ ᠳ᠋ᠤ ᠨᠡᠢᠲᠡ 594 ᠬᠤᠪᠢ  ᠵᠥᠪᠱᠢᠶᠡᠷᠡᠯ  ᠤ᠋ᠨ  ᠦᠨᠡᠮᠯᠡᠯ ᠢ᠋  ᠭᠦᠶ᠋ᠴᠡᠳᠭᠡᠬᠦ᠌ ᠵᠢᠨ ᠬᠠᠮᠲᠤ 《ᠬᠣᠶᠠᠷ ᠢ᠋ ᠰᠤᠭᠤᠴᠢᠵᠤ᠂  ᠨᠢᠭᠡ ᠶ᠋ᠢ ᠢᠯᠡ ᠪᠣᠯᠭᠠᠬᠤ 》 ᠪᠠᠢᠴᠠᠭᠠᠯᠲᠠ ᠳ᠋ᠤ ᠲᠦᠱᠢᠭ᠌ᠯᠡᠨ 368 ᠤᠳᠠᠭ᠎ᠠ ᠪᠠᠢᠴᠠᠭᠠᠯᠲᠠ ᠬᠢᠵᠦ᠍᠂ 27 ᠠᠰᠠᠭᠤᠳᠠᠯ᠎ᠲᠠᠶ ᠠᠵᠤ ᠠᠬᠤᠢᠯᠠᠯ ᠢ᠋ ᠴᠡᠭ᠌ᠴᠡᠯᠡᠨ ᠰᠠᠢᠵᠢᠷᠠᠭᠤᠯᠵᠦ᠍᠂ ᠠᠵᠤ ᠠᠬᠤᠢᠯᠠᠯ ᠤ᠋ᠨ ᠦᠶ᠋ᠯᠡᠳᠪᠦᠷᠢᠯᠡᠯ ᠡᠵᠡᠩᠨᠡᠯᠲᠡ ᠵᠢᠨ ᠠᠵᠢᠯᠯᠠᠭ᠎ᠠ ᠶ᠋ᠢ ᠵᠢᠷᠤᠮᠵᠢᠭᠤᠯᠪᠠ᠃ ᠲᠤᠰᠭᠠᠶ ᠮᠡᠷᠭᠡᠵᠢᠯᠲᠡᠨ ᠢ᠋ ᠤᠷᠢᠵᠤ 《ᠲᠥᠪᠯᠡᠷᠡᠭᠦᠯᠦᠨ ᠬᠢᠴᠢᠶᠡᠯ ᠣᠷᠣᠬᠤ + ᠲᠤᠬᠠᠶ ᠵᠢᠨ ᠲᠠᠯᠠᠪᠤᠷ᠎ᠲᠤ ᠲᠣᠭᠣᠷᠢᠨ ᠦᠵᠡᠬᠦ᠌ 》 ᠪᠣᠯᠪᠠᠰᠤᠷᠠᠯ ᠥᠷᠨᠢᠭᠦᠯᠵᠤ᠂ ᠵᠠᠰᠠᠭ ᠵᠠᠬᠢᠷᠭᠠᠨ ᠤ᠋ ᠬᠠᠤᠯᠢ ᠬᠡᠷᠡᠭ᠌ᠵᠢᠭᠦᠯᠬᠦ᠌᠂ ᠶᠠᠰᠤ ᠴᠢᠨᠠᠷ ᠢ᠋ ᠪᠠᠢᠴᠠᠭᠠᠨ ᠬᠡᠮᠵᠢᠬᠦ᠂ ᠤᠷᠭᠤᠮᠠᠯ ᠤ᠋ᠨ ᠱᠢᠨ᠎ᠡ ᠡᠭᠦᠯᠳᠡᠷ ᠢ᠋ ᠬᠠᠮᠠᠭᠠᠯᠠᠬᠤ ᠵᠡᠷᠭᠡ ᠣᠯᠠᠨ ᠲᠠᠯ᠎ᠠ ᠵᠢᠨ ᠠᠭᠤᠯᠭ᠎ᠠ ᠶ᠋ᠢ  ᠬᠠᠮᠤᠷᠴᠠᠶ᠃

ᠥᠪᠥᠷ ᠮᠣᠩᠭᠣᠯ ᠵᠢᠯ ᠳᠤᠮᠳᠠᠴᠢ᠎ᠪᠠᠷ ᠪᠠᠷᠤᠭ 7 ᠳ᠋ᠦᠩᠱᠢᠭᠤᠷ ᠰᠠᠭᠤᠷᠢ ᠴᠢᠬᠢ ᠮᠤᠳᠤ᠂ 1000 ᠲᠦᠮᠡᠨ ᠺᠢᠯᠣᠭ᠌ᠷᠠᠮ ᠱᠢᠬᠠᠮ ᠡᠪᠡᠰᠦᠨ ᠦᠷ᠎ᠡ ᠶ᠋ᠢ 《ᠤᠮᠠᠷᠠᠲᠤ ᠵᠢᠨ ᠭᠤᠷᠪᠠᠨ ᠣᠷᠣᠨ 》 ᠤ᠋ ᠢᠨᠵᠧᠨᠧᠷᠢᠩ ᠤ᠋ᠨ ᠪᠥᠲᠥᠭᠡᠨ ᠪᠠᠢᠭᠤᠯᠤᠯᠲᠠ ᠳ᠋ᠤ ᠬᠡᠷᠡᠭ᠌ᠯᠡᠵᠦ᠍ ᠪᠣᠶ᠃《ᠨᠣᠭᠣᠭᠠᠨ ᠰᠡᠯᠡᠮ᠎ᠡ 2025》 ᠲᠤᠰᠭᠠᠶ ᠠᠵᠢᠯᠯᠠᠭ᠎ᠠ ᠨᠢ ᠦᠷ᠎ᠡ ᠪᠠ ᠴᠢᠬᠢ ᠮᠣᠳᠣᠨ ᠤ᠋ ᠶᠠᠰᠤ ᠴᠢᠨᠠᠷ ᠢ᠋ ᠲᠣᠭ᠍ᠲᠠᠭᠤᠨ ᠵᠢᠡᠷ ᠳᠡᠭᠡᠭ᠌ᠰᠢᠯᠡᠭᠦᠯᠬᠦ᠌ ᠶ᠋ᠢ ᠬᠦᠴᠦᠲᠡᠶ ᠠᠬᠢᠭᠤᠯᠵᠤ᠂ 《ᠤᠮᠠᠷᠠᠲᠤ ᠵᠢᠨ ᠭᠤᠷᠪᠠᠨ ᠣᠷᠣᠨ》 ᠤ᠋ ᠢᠨᠵᠧᠨᠧᠷᠢᠩ ᠤ᠋ᠨ ᠪᠤᠭᠤᠮᠲᠠ ᠱᠢᠪᠲᠤᠯᠤᠯᠲᠠ ᠵᠢᠨ ᠳᠠᠢᠯᠠᠯᠳᠤᠭᠠᠨ ᠤ᠋ ᠢᠯᠠᠯᠲᠠ ᠶ᠋ᠢ ᠤᠯᠬᠤ ᠳ᠋ᠤ ᠪᠠᠲᠤ ᠰᠠᠭᠤᠷᠢ ᠲᠠᠯᠪᠢᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号