ᠲᠠᠭᠣᠣ ᠳ᠋ᠦ ᠭᠠᠷᠣᠬᠰᠠᠨ ᠬᠠᠯᠢᠭᠣᠨ ᠶᠠᠭᠠᠬᠢᠭᠠᠳ ᠲᠦᠷᠪᠡᠨ ᠨᠠᠰᠣᠲᠠᠢ ᠪᠣᠢ
2026-02-26 10:10:26
ᠵᠣᠬᠢᠶᠠᠭ᠍ᠴᠢ᠄
ᠬᠠᠪᠤᠷ
ᠣᠩᠱᠢᠭ᠍ᠰᠠᠨ ᠣᠳᠠᠭ᠎ᠠ᠄
★★★☆☆

ᠰᠠᠷ᠎ᠠ ᠰᠢᠨ᠎ᠠ ᠎ᠳᠤ᠂ ᠦᠪᠦᠷ ᠮᠣᠩᠭᠣᠯ᠎ᠤᠨ 《ᠲᠦᠷᠪᠡᠨ ᠨᠠᠰᠣᠲᠠᠢ ᠬᠠᠯᠢᠭᠣᠨ》 ᠬᠠᠯᠠᠭᠤᠷᠠᠯ ᠪᠤᠯᠤᠯ᠎ᠠ᠃

ᠲᠦᠪ ᠲᠸᠯᠸᠢᠰ᠎ᠤᠨ 2026 ᠤᠨ᠎ᠤ ᠴᠠᠭᠠᠨ ᠰᠠᠷ᠎ᠠ᠎ᠶᠢᠨ ᠦᠲᠡᠰᠢᠯᠡᠭᠡ᠎ᠶᠢᠨ ᠲᠣᠬᠯᠠᠯᠲᠠ ᠪᠣᠯᠣᠬᠰᠠᠨ 《ᠲᠦᠷᠪᠡᠨ ᠨᠠᠰᠣᠲᠠᠢ ᠬᠠᠯᠢᠭᠣᠨ 》 ᠭᠡᠬᠦ ᠲᠠᠭᠣᠣ ᠨᠢ ᠦᠵᠡᠭᠴᠢᠳ ᠣᠯᠠᠨ᠎ᠤ ᠬᠠᠯᠠᠭᠣᠨ ᠬᠦᠷᠢᠶᠡᠯᠡᠯ᠎ᠢ ᠣᠯᠵᠣ᠂ ᠰᠡᠳᠬᠢᠯ ᠲᠣᠬᠲᠣᠯᠣᠭᠣᠯᠣᠮ᠎ᠠ ᠭᠡᠬᠦ ᠬᠣᠶᠠᠷᠬᠠᠨ ᠦᠭᠡ ᠳ᠋ᠦ ᠪᠠᠬᠲᠠᠭᠠᠵᠦ ᠲᠡᠢᠯᠬᠦ ᠦᠭᠡᠢ ᠭᠡᠮᠡᠨ ᠰᠦᠯᠵᠢᠶᠡᠨ ᠠᠨᠲᠠ ᠨᠡᠷ ᠪᠠᠬᠠᠳᠤᠨ ᠦᠨᠡᠯᠡᠵᠦ ᠪᠠᠢᠯ᠎ᠠ᠃ 《ᠲᠠᠭᠣᠯᠠᠵᠦ ᠶᠠᠪᠣᠬᠣ ᠳ᠋ᠦ ᠲᠡᠯᠡᠬᠡᠢ ᠪᠠᠶᠠᠰᠣᠨ᠎ᠠ᠂ ᠲᠣᠪᠲᠣᠯᠵᠦ ᠶᠠᠪᠣᠬᠣ ᠳ᠋ᠦ ᠭᠠᠵᠠᠷ ᠪᠠᠶᠠᠰᠣᠨ᠎ᠠ》 — ᠲᠠᠯ᠎ᠠ᠎ᠶᠢᠨ ᠦᠷᠦᠴᠡᠨ ᠡᠴᠡ ᠡᠬᠢ ᠲᠠᠢ ᠲᠣᠩᠭᠠᠯᠠᠬ ᠴᠡᠭᠡᠯᠬᠡᠨ ᠠᠶ᠎ᠠ ᠲᠠᠭᠣᠣ᠎ᠶᠢᠨ ᠮᠦᠷ ᠪᠠᠲᠠᠬ ᠲᠦ᠍ ᠠᠵᠢᠨᠠᠢ  ᠬᠦᠯᠦᠭ᠎ᠦᠨ ᠲᠠᠯ ᠨᠢ ᠨᠠᠮᠢᠷᠠᠵᠦ᠂ ᠲᠣᠭᠣᠷᠠᠢ ᠨᠢ ᠲᠠᠴᠢᠬᠢᠨᠡᠵᠦ᠂ ᠦᠣᠷᠰᠡᠬᠦ ᠨᠢ ᠰᠤᠨᠤᠰᠳᠠᠮᠠᠷ ᠰᠠᠨᠠᠬ᠍ᠳᠠᠵᠣ᠂ ᠡᠠᠭᠣᠲᠠᠮᠴᠢ ᠪᠠᠬᠲᠠᠭᠠᠮᠵᠢ᠂ ᠡᠷᠡᠯᠬᠡᠭ ᠪᠠᠭᠠᠲᠣᠷᠯᠢᠬ᠂ ᠦᠨᠡᠨᠴᠢ ᠰᠡᠳᠬᠢᠯᠭᠡ᠎ᠶᠢ ᠠᠴᠢᠶᠠᠯᠠᠨ ᠣᠷᠣᠨ ᠴᠠᠬ᠎ᠤᠨ ᠬᠢᠵᠠᠭᠠᠷ᠎ᠢ ᠬᠠᠯᠢᠨ ᠲᠠᠪᠠᠵᠦ᠂ ᠣᠯᠠᠨ ᠬᠦᠮᠦᠰ᠎ᠢ ᠲᠠᠢᠯᠠᠨ ᠪᠢᠰᠢᠷᠡᠬᠦᠯᠦᠭᠰᠡᠨ ᠪᠠᠢᠵᠠᠢ᠃

《ᠲᠦᠷᠪᠡᠨ ᠨᠠᠰᠣᠲᠠᠢ ᠬᠠᠯᠢᠭᠣᠨ》ᠭᠡᠬᠦ ᠲᠠᠭᠣᠣ ᠴᠠᠭᠠᠨ ᠰᠠᠷ᠎ᠠ᠎ᠶᠢᠨ ᠦᠲᠡᠰᠢᠯᠡᠭᠡ᠎ᠶᠢᠨ ᠬᠦᠭ ᠠᠶᠠᠰ᠎ᠢ ᠴᠢᠪᠬᠠᠲᠠᠵᠦ᠂ ᠲᠠᠰᠪᠣᠷᠢ ᠬᠠᠲᠠᠭᠣᠵᠢᠯᠲᠠᠢ ᠴᠣᠴᠠᠯᠲᠠ ᠦᠭᠡᠢ ᠲᠡᠮᠡᠦᠯᠬᠦ᠂ ᠵᠣᠷᠢᠬᠰᠠᠨ ᠳ᠋ᠠᠭᠠᠨ ᠵᠠᠪᠠᠯ ᠬᠦᠷᠬᠦ ᠮᠣᠩᠭᠣᠯ ᠮᠣᠷᠢᠨ᠎ᠤ ᠵᠣᠷᠢᠬ ᠰᠠᠨᠠᠭ᠎ᠠ᠎ᠶᠢ ᠣᠷᠠᠯᠢᠬ ᠶ᠋ᠢᠡᠷ ᠢᠯᠡᠷᠡᠬᠦᠯᠵᠦ᠂ ᠲᠠᠭᠣᠣ ᠪᠣᠯᠣᠨ ᠲᠣᠬᠯᠠᠯᠲᠠ ᠶ᠋ᠢ ᠰᠣᠯᠪᠢᠴᠠᠭᠣᠯᠣᠨ ᠣᠶᠠᠯᠲᠣᠭᠣᠯᠬᠣ ᠬᠡᠯᠪᠡᠷᠢ ᠪᠡᠷ ᠪᠣᠲᠠᠭᠠᠯᠢ ᠴᠣᠬᠴᠠ᠎ᠶᠢᠨ ᠵᠣᠷᠢᠬ ᠰᠠᠨᠠᠭ᠎ᠠ᠎ᠶᠢ ᠦᠨᠳᠦᠰᠦᠲᠡᠨ᠎ᠤ ᠣᠮᠣᠬᠯᠠᠩ ᠰᠦᠷ ᠲᠠᠢᠴᠢᠨ ᠵᠢᠪᠬᠣᠭ᠎ᠠ ᠪᠣᠯᠭᠠᠨ ᠦᠨᠳᠦᠷᠵᠢᠬᠦᠯᠵᠦ᠂ ᠦᠵᠡᠭᠰᠡᠨ ᠪᠦᠬᠦᠨ᠎ᠢ ᠣᠷᠮᠠᠰᠢᠭᠣᠯᠣᠨ ᠵᠣᠷᠢᠬᠵᠢᠭᠣᠯᠵᠦ᠂ ᠣᠯᠣᠰ ᠣᠷᠣᠨ ᠶ᠋ᠢᠡᠨ ᠬᠠᠢᠷᠠᠯᠠᠬᠣ ᠢᠲᠡᠭᠡᠯ ᠵᠣᠷᠢᠬ᠎ᠢ  ᠬᠦᠪᠴᠢᠯᠡᠭᠰᠡᠨ ᠪᠠᠢᠨ᠎ᠠ᠃  《ᠰᠠᠨᠠᠭᠰᠠᠨ ᠡᠴᠡ ᠲᠠᠯᠢᠮ ᠬᠣᠷᠳᠤᠨ᠂ ᠰᠠᠯᠬᠢᠨ ᠡᠴᠡ ᠠᠯᠳᠠ ᠬᠣᠷᠳᠤᠨ》 ᠭᠡᠵᠦ 《ᠵᠠᠨᠭᠭᠠᠷ》 ᠲᠦ᠍ ᠶᠠᠷᠢᠳᠠᠭ ᠰᠢᠭ᠋ ᠠᠯᠢ ᠡᠷᠳᠡ ᠡᠴᠡ ᠮᠣᠩᠭᠣᠯ ᠮᠣᠷᠢᠨ᠎ᠤ ᠦᠪᠡᠷᠮᠢᠴᠡ ᠤᠨᠴᠠᠯᠢᠭ ᠨᠢ ᠠᠵᠠ ᠬᠡᠢ᠌ᠮᠤᠷᠢ ᠎ᠶᠢᠨ ᠪᠡᠯᠭᠡᠳᠡᠯ᠂ ᠠᠷᠢᠭᠤᠨ ᠬᠦᠰᠨᠯ ᠎ᠦᠨ ᠵᠦᠨᠭᠨᠡᠯ  ᠪᠤᠯᠵᠤ ᠢᠷᠡᠭᠰᠡᠨ ᠶᠤᠮ ᠡ᠃

ᠦᠪᠦᠷ ᠮᠣᠩᠭᠣᠯ᠎ᠤᠨ ᠤᠶᠠᠩᠭ᠎ᠠ ᠨᠠᠢ᠌ᠷᠠᠭ᠂ ᠢᠷᠤᠭᠡᠯ ᠮᠠᠭᠲᠠᠭ᠋ᠠᠯ᠎ᠤᠨ ᠪᠠᠶᠠᠨ ᠰᠠᠩ ᠨᠢ ᠮᠣᠷᠢ ᠲᠠᠢ᠎ᠨᠢᠭᠲᠠ ᠬᠤᠯᠪᠤᠭ᠎ᠠ ᠲᠠᠢ᠃ 《ᠲᠦᠷᠪᠡᠨ ᠨᠠᠰᠣᠲᠠᠢ ᠬᠠᠯᠢᠭᠣᠨ》  ᠭᠡᠬᠦ ᠲᠠᠭᠣᠣ ᠨᠢ ᠪᠣᠲᠠᠰ᠎ᠤᠨ ᠪᠣᠰᠣ ᠰᠣᠶᠣᠯ᠎ᠤᠨ ᠦᠪ ᠪᠣᠯᠬᠣ ᠪᠠᠷᠭᠣ ᠠᠷᠠᠳ᠎ᠤᠨ ᠣᠷᠲᠣ᠎ᠶᠢᠨ ᠲᠠᠭᠣᠣ ᠪᠡᠷ ᠲᠠᠪᠢᠰᠭᠡᠷᠯᠡᠵᠦ᠂ ᠮᠣᠩᠭᠣᠯ ᠮᠣᠷᠢᠨ᠎ᠤ ᠵᠣᠷᠢᠬ ᠰᠠᠨᠠᠭ᠎ᠠ ᠪᠡᠷ ᠴᠦᠮ᠎ᠡ ᠪᠣᠯᠭᠠᠵᠦ᠂ ᠣᠯᠠᠭᠠᠨᠮᠦᠢ᠍ᠴᠢ᠍ᠷ᠎ᠤᠨ ᠡᠩᠨᠡᠭᠡ ᠪᠡᠷ ᠣᠳᠬ᠎ᠠ ᠨᠡᠮᠡᠷᠢᠯᠡᠨ᠂  ᠣᠷᠣᠨ ᠨᠣᠲᠣᠬ᠎ᠤᠨ ᠰᠣᠶᠣᠯ ᠳ᠋ᠦ ᠰᠠᠭᠣᠷᠢᠯᠠᠵᠦ᠂ ᠣᠷᠣᠰᠣᠮ᠎ᠠ ᠢᠷᠠᠭᠣ ᠠᠶᠠᠯᠭᠣ ᠡᠭᠡᠰᠢᠭ᠎ᠤᠨ ᠲᠣᠮᠲᠠ ᠦᠪᠦᠷ ᠮᠣᠩᠭᠣᠯ᠎ᠤᠨ ᠦᠵᠡᠮᠵᠢ ᠵᠢᠷᠣᠬ᠎ᠢ ᠲᠡᠯᠭᠡᠨ ᠦᠵᠡᠬᠦᠯᠵᠡᠢ᠃ ᠶᠠᠬ ᠡᠢᠮᠦ ᠡᠴᠡ ᠲᠡᠷᠡ ᠨᠢ ᠲᠠᠩ ᠴᠤᠯᠭᠤᠢ ᠲᠠᠭᠣᠣ  ᠬᠦᠭᠵᠢᠮ ᠭᠡᠬᠦ ᠬᠦᠷᠢᠶ᠎ᠡ ᠴᠠᠷᠠᠭ᠎ᠠ ᠡᠴᠡ  ᠲᠡᠯᠡᠨ ᠲᠠᠪᠠᠵᠦ᠂ ᠦᠪᠦᠷ ᠮᠣᠩᠭᠣᠯ᠎ᠤᠨ ᠲᠦᠷᠢ ᠲᠦᠷᠬᠦ᠎ᠶᠢ ᠬᠠᠷᠠᠭᠣᠯᠣᠬᠰᠠᠨ 《 ᠨᠡᠷ᠎ᠡ᠎ᠶᠢᠨ ᠬᠠᠭᠣᠲᠠᠰᠣ》 ᠪᠣᠯᠣᠬᠰᠠᠨ ᠭᠡᠯᠲᠡᠢ᠃

ᠲᠡᠭᠡᠪᠡᠯ᠂ ᠠᠷᠠᠳ᠎ᠤᠨ ᠲᠠᠭᠣᠣ᠎ᠶᠢᠨ ᠠᠶᠠᠯᠭᠣᠨ ᠳ᠋ᠦ ᠠᠮᠠᠭᠠᠢ ᠬᠡᠮᠡᠯᠢᠵᠦ ᠬᠠᠩᠬᠢᠨᠠᠬᠰᠠᠨ ᠬᠠᠯᠢᠭᠣᠨ ᠮᠣᠷᠢ᠎ᠶᠢ ᠶᠠᠭᠠᠬᠢᠭᠠᠳ ᠲᠦᠷᠪᠡᠨ ᠨᠠᠰᠣᠲᠠᠢ ᠭᠡᠵᠦ ᠲᠣᠲᠣᠳᠬᠠᠨ ᠲᠠᠭᠣᠯᠠᠲᠠᠬ ᠪᠣᠢ? ᠪᠢᠳᠡ ᠪᠦᠬᠦᠨ᠎ᠤ ᠮᠡᠳᠡᠭᠡᠵᠢ ᠪᠡᠷ᠂ ᠬᠠᠯᠢᠭᠣᠨ ᠬᠡᠮᠡᠵᠦ ᠮᠣᠷᠢᠨ᠎ᠤ ᠵᠢᠰᠣᠮ᠃  《ᠦᠩᠭᠡ ᠬᠦᠬᠡᠪᠲᠦᠷ ᠲᠡᠯ ᠰᠡᠬᠦᠯ ᠬᠠᠷ᠎ᠠ ᠮᠣᠷᠢ᠎ᠶᠢ ᠬᠠᠯᠢᠭᠣᠨ ᠮᠣᠷᠢ ᠬᠡᠮᠡᠮᠦᠢ 》 ᠭᠡᠵᠦ 《 ᠬᠣᠷᠢᠨ ᠨᠢᠭᠡᠲᠦ ᠲᠠᠢᠯᠪᠣᠷᠢ ᠲᠣᠯᠢ》 ᠳ᠋ᠦ ᠲᠠᠢᠯᠪᠣᠷᠢᠯᠠᠲᠠᠬ᠃ ᠲᠡᠭᠡᠪᠡᠯ ᠶᠡᠭᠣ ᠭᠡᠵᠦ 《ᠲᠦᠷᠪᠡᠨ ᠨᠠᠰᠣᠲᠠᠢ》 ᠭᠡᠵᠦ ᠲᠠᠭᠣᠯᠠᠭᠳᠠᠵᠣ ᠪᠠᠢ᠌ᠬᠣ ᠪᠣᠯ? ᠲᠦᠷᠪᠡᠨ ᠨᠠᠰᠣᠲᠠᠢ ᠠᠲᠣᠭᠣ ᠦᠭᠡᠷ᠎ᠢ  ᠬᠢᠵᠠᠭᠠᠯᠠᠩ ᠭᠡᠮᠡᠬᠦ ᠪᠦᠭᠡᠳ ᠡᠨᠡ ᠦᠶ᠎ᠡ ᠳ᠋ᠦ ᠪᠣᠯ ᠢᠲᠡ ᠴᠢᠲᠠᠯ ᠨᠢ ᠪᠦᠷᠢᠳᠴᠦ᠂ ᠬᠦᠮᠦᠨ ᠶ᠋ᠢᠡᠷ ᠦᠯᠢᠳᠭᠡᠵᠦ ᠶᠠᠷᠢᠪᠠᠯ ᠶᠠᠬ ᠭᠠᠯ ᠵᠠᠯᠠᠭᠣ ᠬᠣᠷᠢᠨ ᠨᠠᠰᠣᠨ᠎ᠤ ᠦᠶ᠎ᠡ ᠳ᠋ᠡᠭᠡᠨ ᠪᠠᠬᠲᠠᠵᠦ᠂ ᠴᠤᠭ ᠵᠢᠪᠬᠤᠭ᠎ᠠ᠂ ᠵᠤᠷᠢᠭ ᠰᠦᠰᠦ᠎ᠶᠢ ᠲᠦᠯᠦᠭᠡᠯᠡᠵᠦ ᠪᠠᠢᠳᠠᠭ ᠡ᠃ ᠳᠦᠷᠪᠡᠨ ᠨᠠᠰᠤᠳᠠᠢ ᠬᠠᠯᠢᠭᠤᠨ ᠶᠠᠭ ᠠᠭᠤᠯᠠ᠎ᠶᠢ ᠪᠦᠭᠳᠦᠢᠮ᠎ᠡ ᠪᠦᠬᠡ ᠣᠷᠴᠢᠯᠠᠩ᠎ᠢ ᠲᠦᠭᠡᠯᠡᠮ᠎ᠡ ᠬᠣᠷᠳᠤᠨ ᠽᠠᠨᠳᠠᠨ ᠨᠠᠰᠤᠨ ᠳ᠋ᠠᠭᠠᠨ  ᠪᠠᠢ᠌ᠬᠣ ᠡᠴᠡ ᠪᠣᠯᠣᠭᠰᠠᠨ ᠶᠣᠮ ᠳ᠋ᠠ᠃ 《 ᠲᠦᠷᠪᠡᠨ ᠨᠠᠰᠣᠲᠠᠢ ᠬᠠᠯᠢᠭᠣᠨ》 ᠲᠦᠪ ᠲᠸᠯᠸᠢᠰ᠎ᠤᠨ ᠴᠠᠭᠠᠨ ᠰᠠᠷ᠎ᠠ᠎ᠶᠢᠨ ᠦᠲᠡᠰᠢᠯᠡᠭᠡ ᠡᠴᠡ ᠴᠢᠨᠠᠬᠰᠢ ᠲᠠᠪᠬᠢᠭᠣᠯᠵᠦ᠂ ᠲᠠᠯ᠎ᠠ ᠨᠤᠲᠤᠭ ᠭᠣᠣᠯ ᠮᠦᠷᠡᠨ ᠎ᠢ  ᠲᠤᠭᠤᠯᠤᠨ ᠲᠤᠭᠤᠯᠵᠤ᠂ ᠤᠰᠤᠨ᠎ᠤ ᠲᠣᠩᠭᠠᠯᠠᠬ᠎ᠢ ᠣᠣᠭᠣᠵᠦ᠂ ᠡᠪᠡᠰᠦᠨ ᠎ᠤ ᠰᠣᠷᠭᠣᠬ᠎ᠢ ᠬᠠᠵᠠᠯᠠᠵᠦ᠂ ᠦᠵᠡᠭᠰᠡᠨ ᠪᠦᠬᠦᠨ᠎ᠢ ᠭᠠᠢᠬᠠᠰᠢ ᠠᠯᠲᠠᠭᠣᠯᠣᠨ᠎ᠠ᠃ ᠲᠡᠢ᠌ᠮᠦ ᠴᠦ᠍  ᠪᠤᠯᠬᠤᠷ ᠮᠣᠩᠭᠣᠯ ᠠᠷᠠᠳ᠎ᠤᠨ  ᠡᠷᠲᠡᠨ ᠎ᠦ  ᠲᠤᠲᠸᠮ  ᠤᠳᠤᠮ᠂ ᠰᠤᠶᠤᠯ  ᠰᠡᠳᠬᠢᠬᠦᠢ ᠡᠴᠡ ᠮᠣᠩᠭᠣᠯ ᠮᠣᠷᠢ ᠎ᠪᠡᠨ 《 ᠰᠡᠳᠭᠢᠯ ᠎ᠤᠨ ᠬᠦᠯᠦᠭ》 ᠬᠡᠮᠡᠨ ᠬᠡᠢᠰᠭᠦᠯᠡᠨᠭ ᠰᠠᠨᠠᠭ᠎ᠠ ᠪᠠᠷ  ᠨᠡᠷᠡᠯᠡᠳᠡᠭ  ᠠᠷᠠᠳ  ᠵᠤᠨ᠎ᠤ  ᠭᠦᠨ  ᠤᠬᠠᠭ᠋ᠠᠨ᠎ᠤ  ᠬᠡᠯᠡᠯᠭᠡ ᠡᠭᠦᠰᠦᠭᠰᠡᠨ  ᠠᠵᠢ᠃

《ᠤᠨᠠᠭ᠋ᠠᠨ ᠪᠠᠭ᠎ᠠ᠎ᠠᠴᠠ ᠪᠠᠨ ᠬᠤᠯᠠ ᠶᠠᠪᠤᠭᠰᠠᠨ ᠴᠦ᠍ ᠤᠨᠠᠬ᠍ᠰᠠᠨ ᠨᠤᠲᠤᠭ᠎ᠲᠠᠭᠠᠨ ᠡᠷᠭᠢᠵᠤ ᠢᠷᠡᠳᠡᠭ》᠃ ᠳᠠᠯ᠎ᠠ ᠲᠦᠬᠦᠷᠡᠩ ᠳᠠᠷᠬᠠᠨ ᠪᠡᠯᠴᠢᠭᠰᠡᠨ ᠳᠠᠷᠭᠤᠨ ᠰᠦᠷᠦᠭ᠎ᠤᠨ ᠲᠣᠮᠲᠠ ᠡᠴᠡ ᠠᠷᠠᠳ᠎ᠤᠨ ᠲᠠᠭᠣᠣ᠎ᠶᠢᠨ 《ᠲᠦᠷᠪᠡᠨ ᠨᠠᠰᠣᠲᠠᠢ ᠬᠠᠯᠢᠭᠣᠨ》 ᠬᠦᠯᠦᠭ᠎ᠤᠨ ᠲᠣᠭᠣᠰᠣ᠂ ᠬᠦᠨᠲᠡᠢ᠎ᠶᠢᠨ ᠵᠡᠷᠭᠡᠯᠭᠡᠨ᠂ ᠬᠦᠮᠦᠰ᠎ᠤᠨ ᠰᠡᠳᠬᠢᠯ᠎ᠳᠤ ᠪᠦᠷᠦᠯᠵᠡᠩᠭᠡᠨ ᠬᠠᠩᠬᠢᠨᠠᠵᠦ ᠠᠢᠰᠣᠢ᠃ ᠦᠪᠦᠷ ᠮᠣᠩᠭᠣᠯ᠎ᠢ ᠬᠦᠭᠵᠢᠭᠦᠯᠵᠦ ᠰᠢᠨ᠎ᠡ ᠠᠬᠢᠴᠠ ᠳ᠋ᠦ᠍ ᠬᠦᠷᠭᠡᠬᠦ ᠬᠦᠮᠦᠨ ᠵᠣᠨ᠎ᠤ ᠠᠶᠠᠨ ᠨᠢ ᠠᠭᠰᠣᠮ 《ᠬᠠᠯᠢᠭᠣᠨ》᠎ᠤ᠋ 《ᠲᠦᠷᠪᠡᠨ ᠨᠠᠰᠣᠨ》 ᠎ᠤ᠋ ᠲᠣᠣᠯᠢᠰᠯᠢᠭ ᠡᠷᠢᠨ ᠪᠠᠢ᠌ᠯᠲᠠᠢ᠃ 《ᠲᠦᠷᠪᠡᠨ ᠨᠠᠰᠣᠲᠠᠢ ᠬᠠᠯᠢᠭᠣᠨ ᠨᠢ ᠲᠦᠷᠦᠭᠡ ᠵᠢᠬᠢᠵᠦ ᠶᠦᠷᠭᠡᠬᠦᠯᠦᠨ᠎ᠡ》 — ᠬᠠᠯᠢᠭᠣᠨ ᠮᠣᠷᠢᠨ᠎ᠤ ᠮᠣᠨᠲᠠᠭ᠎ᠠ ᠰᠢᠬᠦᠷᠡᠵᠦ ᠮᠣᠷᠲᠠᠬᠰᠠᠨ ᠪᠢᠳᠡ ᠪᠦᠬᠦᠨ᠎ᠤ ᠠᠵᠢᠯ ᠦᠢᠯᠡᠰ ᠴᠦ᠍ ᠲᠦᠷᠦᠭᠡ ᠵᠢᠬᠢᠵᠦ ᠦᠨᠳᠡᠢᠬᠦ ᠨᠢ ᠯᠠᠪᠲᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号