ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠰᠢᠨᠵᠢᠯᠡᠬᠦ ᠤᠬᠠᠭᠠᠨ᠎ᠤ ᠰᠤᠳᠤᠯᠭᠠᠨ᠎ᠤ ᠪᠦᠯᠬᠦᠮ᠎ᠪᠣᠷᠣ᠌ ᠴᠠᠷᠭᠠᠰᠤ᠎ᠶᠢᠨ ᠭᠠᠩ᠎ᠢ ᠳᠠᠭᠠᠭᠠᠵᠤ ᠤᠨᠠᠯᠲᠠ᠎ᠶᠢ ᠨᠡᠮᠡᠭᠳᠡᠭᠦᠯᠬᠦ ᠭᠧᠨ᠎ᠤ ᠴᠢᠳᠠᠪᠤᠷᠢ ᠵᠢ ᠢᠯᠡᠷᠡᠬᠦᠯᠪᠡ
2026-02-27 17:47:31
ᠵᠣᠬᠢᠶᠠᠭ᠍ᠴᠢ᠄
​ ᠨᠠᠪᠴᠢ
ᠣᠩᠱᠢᠭ᠍ᠰᠠᠨ ᠣᠳᠠᠭ᠎ᠠ᠄
★★★☆☆

ᠣᠢᠷ᠎ᠠ᠎ᠳᠤ᠂ ᠥᠪᠥᠷ ᠮᠣᠩᠭᠣᠯ᠎ᠤᠨ ᠶᠡᠬᠡ ᠰᠤᠷᠭᠠᠭᠤᠯᠢ᠎ᠶᠢᠨ ᠠᠮᠢ ᠨᠠᠰᠤᠨ᠎ᠤ ᠰᠢᠨᠵᠢᠯᠡᠬᠦ ᠤᠬᠠᠭᠠᠨ᠎ᠤ ᠳᠡᠭᠡᠳᠦ ᠰᠤᠷᠭᠠᠭᠤᠯᠢ᠎ᠶᠢᠨ ᠨᠢᠦ ᠢ ᠳ᠋ᠢᠩ ᠫᠷᠤᠹᠧᠰᠰᠤᠷ᠎ᠤᠨ ᠪᠦᠯᠬᠦᠮ᠎ᠦᠨ ᠬᠢᠨ ᠪᠣᠷᠣ᠌ ᠴᠠᠷᠭᠠᠰᠤ᠎ᠶᠢᠨ ᠭᠠᠩ᠎ᠢ ᠳᠠᠭᠠᠭᠠᠬᠤ ᠪᠠ ᠥᠰᠦᠯᠲᠡ᠎ᠶᠢ ᠲᠣᠬᠢᠷᠠᠭᠤᠯᠤᠨ ᠡᠵᠡᠮᠳᠡᠬᠦ ᠲᠣᠭᠲᠠᠴᠠ᠎ᠶᠢᠨ ᠰᠤᠳᠤᠯᠭᠠᠨ᠎ᠤ ᠲᠠᠯ᠎ᠠ᠎ᠪᠠᠷ ᠴᠢᠬᠤᠯᠠ ᠶᠡᠬᠡ ᠰᠢᠪᠲᠤᠯᠤᠯᠲᠠ᠎ᠭᠠᠷᠭᠠᠵᠤ᠂  ᠵᠠᠩᠭᠢᠯᠠᠭ᠎ᠠ᠎ᠶᠢᠨ ᠭᠧᠨ ERF026  ᠢ᠋ ᠠᠮᠵᠢᠯᠲᠠ᠎ᠲᠠᠢ ᠬᠢᠨᠠᠨ ᠲᠣᠭᠲᠠᠭᠠᠪᠠ᠂ ᠲᠤᠰ ᠭᠧᠨ ᠨᠢ ᠥᠨᠳᠥᠷ ᠬᠤᠷᠢᠶᠠᠯᠲᠠ᠎ᠲᠠᠢ᠂ ᠭᠠᠩ ᠎ᠢ ᠳᠠᠭᠠᠭᠠᠬᠤ ᠲᠡᠵᠢᠭᠡᠯ ᠡᠪᠡᠰᠦᠨ᠎ᠦ ᠰᠢᠨ᠎ᠡ ᠲᠦᠷᠦᠯ ᠵᠦᠢᠯ᠎ᠢ ᠪᠣᠢᠵᠢᠭᠤᠯᠬᠤ᠎ᠳᠤ ᠭᠣᠣᠯᠯᠠᠭ᠍ᠴᠢ ᠭᠧᠨ᠎ᠤ ᠡᠬᠢ ᠪᠠᠶᠠᠯᠢᠭ᠋ ᠪᠣᠯᠣᠨ ᠤᠨᠤᠯ᠎ᠤᠨ ᠦᠨᠳᠦᠰᠦᠯᠡᠯ ᠬᠠᠩᠭᠠᠵᠠᠢ᠃

ᠪᠣᠷᠣ᠌ ᠴᠠᠷᠭᠠᠰᠤ ᠨᠢ 《ᠲᠡᠵᠢᠭᠡᠯ ᠡᠪᠡᠰᠦᠨ᠎ᠦ ᠸᠠᠩ》 ᠬᠡᠮᠡᠭᠳᠡᠵᠦ᠂ ᠮᠠᠯ ᠠᠵᠤ ᠠᠬᠤᠢ᠎ᠶᠢᠨ ᠭᠣᠣᠯ ᠲᠡᠵᠢᠭᠡᠯ ᠪᠣᠷᠳᠣᠭᠠᠨ᠎ᠤ ᠲᠠᠷᠢᠮᠠᠯ ᠪᠣᠯᠬᠤ ᠪᠥᠭᠡᠳ ᠠᠵᠤ ᠠᠬᠤᠢ ᠪᠠ ᠠᠮᠢ ᠠᠬᠤᠢ᠎ᠶᠢᠨ ᠦᠨ᠎ᠡ ᠥᠷᠲᠡᠭ᠎ᠵᠢᠡᠷ ᠦᠨᠳᠦᠷ ᠪᠠᠢᠳᠠᠭ᠃ ᠭᠡᠪᠡᠴᠦ ᠳᠤᠰ ᠤᠷᠭᠤᠮᠠᠯ ᠨᠢ ᠭᠠᠩ᠎ᠳᠦ ᠲᠤᠢᠯ᠎ᠤᠨ ᠰᠡᠷᠭᠡᠭ ᠪᠠᠢᠵᠤ᠂ ᠭᠠᠩ ᠬᠠᠭᠤᠷᠠᠢ᠂ ᠬᠠᠭᠠᠰ ᠭᠠᠩ ᠬᠠᠭᠤᠷᠠᠢ ᠭᠠᠵᠠᠷ ᠣᠷᠣᠨ᠎ᠳᠠᠬᠢ ᠭᠠᠷᠤᠯᠲᠠ ᠪᠠ ᠳᠡᠯᠭᠡᠷᠡᠭᠦᠯᠦᠯᠲᠡ᠎ᠶᠢ ᠬᠦᠨᠳᠦ ᠨᠣᠴᠢᠲᠠᠢ ᠬᠢᠵᠠᠭᠠᠷᠯᠠᠳᠠᠭ ᠃ ᠣᠷᠳᠣ᠌ ᠬᠤᠭᠤᠴᠠᠭᠠᠨ᠎ᠤ ᠲᠤᠷᠰᠢ᠂ ᠲᠠᠷᠢᠮᠠᠯ᠎ᠤᠨ ᠡᠭᠦᠯᠳᠡᠷ ᠪᠣᠢᠵᠢᠭᠤᠯᠬᠤ ᠶᠠᠪᠤᠴᠠ᠎ᠳᠤ 《ᠥᠰᠦᠯᠲᠡ ︱ ᠰᠡᠷᠭᠡᠢᠯᠡᠯᠲᠡ 》 ᠎ᠵᠢ ᠳᠡᠩᠴᠡᠬᠦᠯᠬᠦ ᠠᠰᠠᠭᠤᠳᠠᠯ ᠨᠡᠢᠳᠡᠮ ᠣᠷᠣᠰᠢᠵᠤ᠂ ᠲᠤᠬᠠᠢᠯᠠᠪᠠᠯ ᠤᠷᠭᠤᠮᠠᠯ ᠤ᠋ᠨ ᠭᠠᠩ ᠲᠠᠢ ᠲᠡᠮᠡᠴᠡᠬᠦ ᠰᠡᠷᠭᠡᠢᠯᠡᠯᠲᠡ᠎ᠶᠢᠨ ᠲᠣᠭᠲᠠᠴᠠ᠎ᠶᠢ ᠢᠳᠡᠪᠬᠢᠵᠢᠭᠦᠯᠬᠦ᠎ᠳᠡᠭᠡᠨ ᠶᠡᠷᠦ ᠨᠢ ᠥᠰᠦᠯᠲᠡ᠎ᠶᠢ ᠬᠣᠷᠢᠭ᠍ᠯᠠᠨ᠂ ᠤᠨᠠᠯᠲᠠ᠎ᠶᠢ ᠪᠠᠭᠤᠷᠠᠭᠤᠯᠬᠤ᠎ᠪᠠᠷ ᠦᠨ᠎ᠡ ᠲᠥᠯᠥᠪᠦᠷᠢ ᠪᠣᠯᠭᠠᠳᠠᠭ ᠪᠠᠢᠵᠠᠢ᠃

ᠨᠢᠦ ᠢ ᠳ᠋ᠢᠩ᠎ᠦᠨ ᠪᠦᠯᠬᠦᠮ᠎ᠦᠨ ᠬᠢᠨ᠎ᠤ ᠲᠣᠰ ᠤᠳᠠᠭ᠎ᠠ ᠵᠢᠨ ᠢᠯᠡᠷᠡᠭᠦᠯᠦᠭᠰᠡᠨ ERF026 ᠭᠧᠨ ᠨᠢ AP2/ERF ᠵᠢᠨ ᠰᠢᠯᠵᠢᠭᠦᠯᠦᠨ ᠲᠡᠮᠳᠡᠭᠯᠡᠬᠦ ᠭᠧᠨ᠎ᠦ ᠲᠥᠷᠥᠯ ᠤᠭᠰᠠᠭ᠎ᠠ᠎ᠳᠤ ᠬᠠᠷᠢᠶᠠᠯᠠᠭᠳᠠᠨ᠎ᠠ᠃ ᠲᠣᠰ ᠭᠧᠨ ᠪᠣᠯ ᠮᠡᠯᠡᠷᠡᠭ ᠬᠦᠴᠢᠯ᠎ᠦᠨ ᠳᠣᠬᠢᠶᠠᠨ᠎ᠤ ᠵᠠᠮ ᠪᠠ ᠤᠷᠭᠤᠮᠠᠯ᠎ᠤᠨ ᠥᠰᠦᠯᠲᠡ ᠪᠣᠶ᠋ᠢᠵᠢᠯᠲᠠ᠎ᠶᠢ ᠬᠣᠯᠪᠣᠬᠤ ᠵᠠᠩᠭᠢᠯᠠᠭ᠎ᠠ᠎ᠶᠢᠨ ᠬᠦᠢᠰᠦ ᠮᠥᠨ ᠃ ᠲᠡᠷᠡ ᠨᠢ ᠭᠧᠨ᠎ᠦ ᠳᠡᠬᠡᠷᠡᠬᠢ ᠰᠢᠨ᠎ᠡ DNA᠎ᠵᠢᠨ ᠪᠠᠢᠷᠢ (STRE) ᠵᠢ ᠢᠯᠭᠠᠨ ᠲᠠᠨᠢᠵᠤ᠂ ᠮᠠᠯᠢᠺᠠ ᠬᠦᠴᠢᠯ᠎ᠦᠨ ᠠᠮᠢᠳᠤ ᠪᠣᠳᠠᠰ᠎ᠤᠨ ᠨᠡᠢᠯᠡᠯᠭᠡ᠎ᠶᠢ ᠰᠢᠭᠤᠳ ᠲᠣᠬᠢᠷᠠᠭᠤᠯᠤᠨ ᠡᠵᠡᠮᠳᠡᠳᠡᠭ᠃ ᠰᠤᠳᠤᠯᠭᠠᠨ᠎ᠳ᠋ᠤ ᠢᠯᠡᠷᠡᠭᠦᠯᠦᠭᠰᠡᠨ᠎ᠢᠶᠡᠷ᠂ ERF026 ᠭᠧᠨ᠎ᠨᠢ ᠤᠰᠤᠨ᠎ᠤ ᠠᠰᠢᠭ᠍ᠯᠠᠮᠵᠢ᠎ᠶᠢ ᠪᠦᠲᠦᠮᠵᠢᠲᠡᠶ ᠳᠡᠭᠡᠭᠰᠢᠯᠡᠭᠦᠯᠦᠨ᠎ᠡ; ᠭᠠᠩ᠎ᠳᠤ ᠤᠴᠠᠷᠠᠬᠤ ᠦᠶ᠎ᠡ᠎ᠳᠦ᠂ ᠤᠷᠭᠤᠮᠠᠯ᠎ᠤᠨ ᠰᠡᠷᠭᠡᠢᠯᠡᠯᠲᠡ᠎ᠶᠢᠨ ᠲᠣᠭᠲᠠᠴᠠ᠎ᠶᠢ ᠢᠳᠡᠪᠬᠢᠵᠢᠭᠦᠯᠵᠦ᠂ ᠤᠷᠭᠤᠮᠠᠯ᠎ᠢ 《ᠰᠡᠷᠭᠡᠢᠯᠡᠯᠲᠡ᠎ᠶᠢᠨ ᠵᠠᠭᠪᠤᠷ》ᠲᠤ᠌ ᠤᠷᠤᠭᠤᠯᠵᠤ᠂ ᠤᠷᠭᠤᠮᠠᠯ᠎ᠢ ᠬᠠᠪᠰᠤᠷᠤᠨ ᠤᠰᠤ ᠳᠤᠲᠠᠭᠳᠠᠬᠤ ᠰᠥᠷᠭᠡᠦ ᠣᠷᠴᠢᠨ᠎ᠢ ᠲᠤᠭᠤᠯᠤᠭᠤᠯᠵᠤ᠂ ᠤᠷᠭᠤᠮᠠᠯ ᠨᠢ ᠬᠢᠵᠠᠭᠠᠷᠲᠠᠢ ᠤᠰᠤ᠎ᠶᠢ ᠥᠨᠳᠥᠷ ᠪᠦᠲᠦᠮᠵᠢᠲᠡᠶ᠎ᠪᠡᠷ ᠠᠰᠢᠭ᠍ᠯᠠᠬᠤ᠎ᠶᠢᠨ ᠬᠠᠮᠲᠤ᠂ ᠳᠣᠲᠣᠭᠠᠳᠤ᠎ᠶᠢᠨ ᠢᠰᠦᠯᠳᠦᠬᠦ᠎ᠶᠢ ᠡᠰᠡᠷᠭᠦᠴᠡᠬᠦ ᠢᠰᠬᠡᠭᠦᠷ᠎ᠦᠨ ᠰᠢᠰᠲᠧᠮ᠎ᠢ ᠦᠷᠭᠦᠯᠵᠢᠯᠡᠨ ᠥᠨᠳᠥᠷ ᠪᠦᠲᠦᠮᠵᠢᠲᠡᠶ᠎ᠪᠡᠷ ᠠᠵᠢᠯᠯᠠᠭᠤᠯᠵᠤ᠂ ᠭᠠᠩ᠎ᠢ ᠡᠰᠡᠷᠭᠦᠴᠡᠬᠦ ᠴᠢᠳᠠᠪᠤᠷᠢ᠎ᠶᠢ ᠳᠡᠭᠡᠭᠰᠢᠯᠡᠭᠦᠯᠬᠦ ᠪᠤᠯᠤᠨ᠎ᠠ᠃ ᠡᠨᠡ ᠨᠢ ᠡᠨᠡ ᠬᠦ᠌ ᠭᠧᠨ  ᠢ᠋ ᠲᠣᠬᠢᠷᠠᠭᠤᠯᠤᠨ ᠡᠵᠡᠮᠳᠡᠬᠦ᠎ᠪᠡᠷ ᠳᠠᠮᠵᠢᠨ 《ᠥᠰᠦᠯᠲᠡ ᠶ᠋ᠢ ᠠᠬᠢᠭᠤᠯᠬᠤ》 ᠪᠠ《ᠭᠠᠩ᠎ᠢ ᠳᠠᠭᠠᠭᠠᠬᠤ》 ᠬᠤᠤᠰ ᠬᠠᠷᠠᠯᠲᠠ ᠶ᠋ᠢ ᠵᠡᠷᠭᠡ᠎ᠪᠡᠷ ᠪᠡᠶᠡᠯᠡᠭᠦᠯᠵᠦ ᠴᠢᠳᠠᠨ᠎ᠠ᠃

ᠲᠤᠰ ᠰᠤᠳᠤᠯᠭᠠᠨ᠎ᠤ ᠦᠷ᠎ᠡ ᠪᠦᠲᠦᠭᠡᠯ᠎ᠢ ᠠᠰᠢᠭᠯᠠᠨ ᠭᠠᠩ ᠬᠠᠭᠤᠷᠠᠢ ᠭᠠᠵᠠᠷ ᠣᠷᠣᠨ᠎ᠳᠤ ᠳᠠᠷᠢᠬᠤ᠎ᠳᠤ ᠲᠣᠬᠢᠷᠠᠮᠵᠢᠳᠠᠢ᠂ ᠥᠨᠳᠥᠷ ᠲᠣᠭᠲᠠᠭᠤᠨ ᠤᠨᠠᠯᠲᠠ᠎ᠲᠠᠢ ᠪᠤᠷᠤ ᠴᠠᠷᠭᠠᠰᠤ᠎ᠶᠢᠨ ᠰᠢᠨ᠎ᠡ ᠡᠭᠦᠯᠳᠡᠷ᠎ᠢ ᠬᠠᠨᠳᠤᠯᠭ᠎ᠠ᠎ᠲᠠᠢ᠎ᠪᠠᠷ ᠪᠣᠢᠵᠢᠭᠤᠯᠵᠤ ᠪᠣᠯᠣᠨ᠎ᠠ᠃ ᠡᠨᠡ ᠨᠢ ᠮᠠᠨ᠎ᠤ ᠤᠯᠤᠰ᠎ᠤᠨ ᠮᠠᠯ ᠠᠵᠤ ᠠᠬᠤᠢ᠎ᠶᠢᠨ ᠲᠡᠵᠢᠭᠡᠯ ᠪᠣᠷᠳᠣᠭᠠᠨ᠎ᠤ ᠠᠮᠤᠷ ᠲᠦᠪᠰᠢᠨ᠎ᠢ ᠪᠠᠲᠤᠯᠠᠬᠤ᠎ᠳᠤ ᠠᠰᠢᠭ᠍ᠲᠠᠢ᠎ᠪᠠᠷ ᠪᠠᠷᠠᠬᠤ ᠦᠭᠡᠢ ᠭᠠᠩ ᠬᠠᠭᠤᠷᠠᠢ ᠭᠠᠵᠠᠷ ᠣᠷᠣᠨ᠎ᠤ ᠠᠮᠢ ᠠᠬᠤᠢ᠎ᠶᠢ ᠰᠡᠷᠭᠦᠭᠡᠬᠦ ᠪᠠ ᠬᠥᠷᠥᠰᠥ ᠰᠢᠷᠣᠢ᠎ᠶᠢ ᠬᠠᠮᠠᠭᠠᠯᠠᠬᠤ᠎ᠳᠤ ᠢᠳᠡᠪᠬᠢᠲᠡᠢ ᠦᠢᠯᠡᠳᠦᠯ ᠦᠵᠡᠭᠦᠯᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号