ᠠᠵᠤ ᠠᠬᠤᠶ ᠎ᠶ᠋ᠢ ᠬᠠᠷᠢᠯᠴᠠᠨ ᠱᠢᠭᠢᠳᠭᠡᠵᠦ 《ᠬᠠᠮᠲᠤ᠎ᠪᠠᠷ ᠬᠥᠭ᠌ᠵᠢᠬᠦ᠌》 ᠳᠣᠲᠣᠭᠠᠳᠤ ᠬᠥᠳᠡᠯᠭᠡᠭ᠌ᠴᠢ ᠬᠦᠴᠦᠨ ᠎ᠢ᠋ ᠬᠥᠭ᠌ᠵᠢᠭᠡᠨ᠎ᠡ
2026-02-27 17:08:52
ᠵᠣᠬᠢᠶᠠᠭ᠍ᠴᠢ᠄
ᠪᠤᠤ ᠢᠤᠢ ᠶᠢᠡᠭ
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭᠴᠢ ᠬᠦᠬᠡᠬᠤᠲᠠ ᠵᠢᠨ ᠦᠨᠲᠤᠰᠤᠲᠠᠨ ᠤ᠋ ᠬᠡᠷᠡᠭ ᠡᠷᠬᠢᠯᠡᠬᠦ ᠵᠦᠪᠯᠡᠯ ᠡᠴᠠ ᠤᠢᠯᠠᠭᠠᠭᠰᠠᠨ᠎ᠢᠶᠡᠷ᠂ ᠨᠢᠲᠤᠨᠤᠨ ᠬᠥᠬᠡᠬᠣᠲᠠ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠠᠵᠢᠯ ᠣᠯᠵᠤ ᠣᠷᠣᠯᠭ᠎ᠠ ᠎ᠪᠠᠨ ᠨᠡᠮᠡᠭ᠌ᠳᠡᠭᠦᠯᠬᠦ᠌ ᠬᠡᠷᠡᠭ᠌ᠴᠡᠭᠡ ᠱᠠᠭᠠᠷᠳᠠᠯᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠦᠶ᠋ᠯᠡᠴᠢᠯᠡᠭᠡᠨ᠎ᠦ ᠲᠠᠪᠴᠠᠩ ᠪᠠᠢᠭᠤᠯᠬᠤ᠂ ᠤᠷ᠎ᠠ ᠮᠡᠷᠬᠡᠵᠢᠯ ᠤ᠋ᠨ ᠪᠣᠯᠪᠠᠰᠤᠷᠠᠯ ᠥᠷᠨᠢᠭᠦᠯᠬᠦ᠌᠂ ᠦᠶ᠋ᠯᠡᠰ ᠪᠤᠰᠬᠠᠬᠤ ᠲᠥᠷᠥᠯ ᠵᠦᠶ᠋ᠯ᠎ᠢ ᠨᠡᠪᠴᠢᠭᠦᠯᠬᠦ᠌᠎ᠪᠡᠷ ᠳᠠᠮᠵᠢᠨ ᠦᠨᠳᠦᠰᠦᠲᠡᠨ᠎ᠨᠦᠭᠦᠳ᠎ᠦᠨ ᠣᠯᠠᠨ ᠲᠦᠮᠡᠨ᠎ᠦ ᠬᠦᠷᠲᠡᠮᠵᠢ᠎ᠶ᠋ᠢᠨ ᠲᠥᠷᠥᠭ᠌ᠳᠡᠯ᠎ᠢ ᠨᠡᠮᠡᠭ᠌ᠳᠡᠭᠦᠯᠵᠠᠢ᠃ 

《ᠥᠩᠭᠡᠷᠡᠭᠡᠭ᠌ᠰᠡᠨ᠎ᠳᠦ ᠴᠠᠭᠠᠨ ᠢᠳᠡᠭᠡ ᠬᠤᠳᠠᠯᠳᠤᠬᠤ᠎ᠳᠤ ᠵᠥᠪᠬᠡᠨ ᠲᠠᠨᠢᠯ ᠬᠥᠮᠦᠨ ᠎ᠦ ᠲᠠᠨᠢᠯᠴᠠᠭᠤᠯᠭ᠎ᠠ ᠳ᠋ᠤ ᠲᠦᠱᠢᠭ᠌ᠯᠡᠵᠦ ᠪᠠᠢᠵᠠᠢ᠂ ᠣᠳᠣ ᠨᠡᠢᠭᠡᠮ ᠲᠣᠭᠣᠷᠢᠭ᠎ᠠᠴᠠ ᠨᠠᠳᠠ᠎ᠶ᠋ᠢ ᠬᠠᠪᠰᠤᠷᠴᠤ᠌ 〈ᠤᠯᠠᠭᠠᠨ ᠠᠨᠠᠷ  ᠤ᠋ᠨ ᠠᠷᠠᠳ ᠲᠸ᠋ ᠳᠥᠭᠥᠮ ᠦᠵᠡᠭᠦᠯᠬᠦ᠌ ᠴᠤᠭ᠍ᠯᠠᠭ᠎ᠠ ᠮᠠᠢᠮᠠᠶ〉 ᠳ᠋ᠤ ᠣᠷᠣᠨ ᠪᠠᠢᠷᠢ ᠡᠷᠢᠵᠦ᠍ ᠥᠭ᠌ᠴᠸ᠋᠂ ᠬᠤᠳᠠᠯᠳᠤᠭ᠎ᠠ ᠮᠠᠢᠮᠠᠢ ᠤᠤᠯ᠎ᠤᠨ ᠬᠢ᠎ᠡᠴᠡ ᠪᠠᠨ ᠰᠠᠢᠨ ᠪᠣᠯᠵᠠᠶ》 ᠭᠡᠵᠦ ᠰᠠᠭᠤᠭᠠᠯᠢ ᠠᠷᠠᠳ ᠴᠡᠴᠡᠭ᠎ᠪᠠᠶᠠᠷᠳᠠᠢ ᠶᠠᠷᠢᠵᠤ ᠪᠠᠢᠯ᠎ᠠ᠃ ᠲᠡᠬᠦᠨ᠎ᠤ ᠥᠩᠭᠡᠷᠡᠯᠲᠡ ᠪᠣᠯ ᠨᠡᠢᠭᠡᠮ ᠲᠣᠭᠣᠷᠢᠭ᠎ᠤᠨ ᠬᠢᠨ᠎ᠤ ᠠᠵᠤ ᠠᠬᠤᠢ᠎ᠶ᠋ᠢ ᠬᠠᠷᠢᠯᠴᠠᠨ ᠱᠢᠭᠢᠳᠭᠡᠨ ᠬᠦᠭᠵᠢᠬᠦᠯᠦᠭᠰᠡᠨ ᠬᠤᠷᠢᠶᠠᠩᠭᠤᠢ ᠲᠦᠷᠰᠦ ᠪᠣᠯᠤᠨ᠎ᠠ᠃ 

2025 ᠤᠨ ᠳ᠋ᠤ᠂ ᠬᠥᠬᠡᠬᠣᠲᠠ ᠎ᠶ᠋ᠢᠨ ᠡᠯ᠎ᠡ ᠨᠡᠢᠭᠡᠮ ᠲᠣᠭᠣᠷᠢᠭ ᠰᠠᠨᠠᠭᠠᠴᠢᠯᠠᠭ᠎ᠠ᠎ᠠᠴᠠ᠎ᠪᠠᠨ ᠠᠵᠢᠯ ᠣᠯᠭᠣᠵᠤ ᠬᠠᠪᠰᠤᠷᠤᠨ ᠲᠡᠳᠬᠦᠬᠦ᠌ ᠥᠷᠲᠡᠭᠡ ᠪᠠᠢᠭᠤᠯᠵᠤ᠂ ᠰᠠᠭᠤᠭᠠᠯᠢ ᠠᠷᠠᠳ᠎ᠤᠨ ᠬᠡᠷ᠎ᠲᠦᠨᠢ ᠬᠦᠷᠴᠦ᠍ ᠬᠥᠳᠡᠯᠮᠦᠷᠢ ᠬᠦᠴᠦᠨ ᠎ᠦ ᠬᠡᠷᠡᠭ᠌ᠴᠡᠭᠡ᠎ᠶ᠋ᠢ ᠲᠣᠳᠣᠷᠬᠠᠶ ᠣᠢᠯᠠᠭᠠᠬᠤ᠎ᠶ᠋ᠢᠨ ᠬᠠᠮᠲᠤ ᠠᠵᠢᠯ ᠤᠯᠭᠤᠯᠳᠠ ᠵᠢᠨ ᠡᠬᠡ ᠲᠠᠩᠰᠠ ᠪᠠᠢᠭᠤᠯᠪᠠ᠃《ᠠᠵᠢᠯ ᠣᠯᠭᠣᠯᠲᠠ᠎ᠶ᠋ᠢᠨ ᠣᠶᠤᠨᠴᠢ ᠦᠶ᠋ᠯᠡᠴᠢᠯᠡᠭᠡᠨ᠎ᠦ ᠡᠭᠦᠯᠡᠨ ᠲᠠᠪᠴᠠᠩ》 ᠳ᠋ᠤ ᠲᠦᠱᠢᠭ᠌ᠯᠡᠨ ᠬᠥᠮᠦᠨ ᠪᠠ ᠠᠵᠢᠯ᠎ᠤᠨ ᠪᠠᠢᠷᠢ᠎ᠶ᠋ᠢ ᠨᠠᠷᠢᠯᠢᠭ ᠤᠨᠤᠴᠠᠲᠠᠢ ᠪᠠᠷ ᠵᠣᠬᠢᠴᠠᠭᠤᠯᠬᠤ᠎ᠶ᠋ᠢ ᠪᠡᠶᠡᠯᠡᠭᠦᠯᠵᠦ᠂ ᠠᠵᠢᠯ ᠣᠯᠭᠣᠯᠲᠠ᠎ᠶ᠋ᠢᠨ ᠱᠢᠭᠤᠳ ᠨᠡᠪᠲᠡᠷᠡᠭᠦᠯᠭᠡ᠂ ᠨᠡᠢᠭᠡᠮ ᠲᠣᠭᠣᠷᠢᠭ᠎ᠤᠨ ᠠᠵᠢᠯᠴᠢᠨ ᠬᠡᠷᠡᠭ᠌ᠯᠡᠬᠦ᠌ ᠮᠡᠳᠡᠭᠡ ᠵᠠᠩᠭᠢ᠎ᠶ᠋ᠢ ᠬᠠᠮᠲᠤ᠎ᠪᠠᠷ ᠡᠳ᠋ᠯᠡᠬᠦ᠌ ᠎ᠪᠡᠷ ᠠᠵᠢᠯ ᠣᠯᠭᠣᠯᠲᠠ᠎ᠶ᠋ᠢᠨ ᠠᠷᠭ᠎ᠠ ᠵᠠᠮ᠎ᠢ ᠥᠷᠭᠡᠳᠭᠡᠪᠠ᠃ ᠱᠢᠨ᠎ᠡ ᠬᠤᠳᠠ ᠲᠣᠭᠣᠷᠢᠭ ᠎ᠤᠨ ᠹᠦ᠋ ᠱᠢᠩ ᠨᠡᠢᠭᠡᠮ ᠲᠣᠭᠣᠷᠢᠭ ᠲᠤᠰᠬᠠᠢ ᠲᠠᠯᠠᠪᠤᠷ ᠬᠠᠩᠭᠠᠵᠤ᠂ ᠥᠪᠥᠷ ᠮᠣᠩᠭᠣᠯ ᠎ᠤᠨ ᠳ᠋ᠸ ᠯᠢ ᠶᠤᠸᠠᠨ ᠬᠤᠪᠴᠠᠰᠤ ᠵᠠᠰᠠᠯ᠎ᠤᠨ ᠬᠢᠵᠠᠭᠠᠷᠲᠤ ᠺᠣᠮᠫᠠᠨᠢ᠎ᠯᠤᠭ᠎ᠠ 《ᠹᠦ᠋ ᠢ ᠹᠠᠩ》 ᠎ᠢ᠋ ᠪᠠᠢᠭᠤᠯᠵᠤ᠂ 《ᠵᠠᠬᠢᠶᠠᠯᠠᠭ᠎ᠠ᠎ᠶ᠋ᠢᠨ ᠮᠠᠶᠢᠭ᠎ᠤᠨ ᠰᠤᠷᠤᠯᠴᠠᠯᠭ᠎ᠠ ᠪᠣᠯᠪᠠᠰᠤᠷᠠᠯ》 ᠥᠷᠨᠢᠭᠦᠯᠵᠦ᠍᠂ 200 ᠭᠠᠷᠤᠢ ᠡᠮᠡᠭ᠌ᠲᠡᠢᠴᠦᠳ ᠲᠸ᠋ ᠠᠰᠢᠭ ᠬᠦᠷᠳᠡᠭᠡᠨ᠂ ᠬᠥᠮᠦᠨ ᠳᠤᠮᠳᠠᠴᠢ᠎ᠶ᠋ᠢᠨ ᠰᠠᠷ᠎ᠠ᠎ᠶ᠋ᠢᠨ ᠣᠷᠣᠯᠭ᠎ᠠ ᠵᠢ1000 ᠭᠠᠷᠤᠢ ᠲᠥᠭᠥᠷᠢᠭ ᠨᠡᠮᠡᠭ᠌ᠳᠡᠬᠦᠯᠵᠡᠢ᠃ ᠲᠦᠮᠡᠳ ᠵᠡᠭᠦᠨ ᠬᠣᠱᠢᠭᠤᠨ ᠎ᠤ᠎ᠶ᠋ᠢᠨ ᠷᠦᠨ ᠨᠡᠢᠭᠡᠮ ᠲᠣᠭᠣᠷᠢᠭ᠎ᠤᠨ《ᠡᠮᠡᠭ᠌ᠲᠡᠢᠴᠦᠳ᠎ᠦᠨ ᠨᠡᠢᠲᠡ᠎ᠶ᠋ᠢᠨ ᠠᠰᠠᠷᠠᠮᠵᠢ᠎ᠶ᠋ᠢᠨ ᠭᠠᠷ ᠤᠷᠠᠯᠠᠯ᠎ᠤᠨ ᠭᠠᠵᠠᠷ》 ᠨᠢ 2024 ᠣᠨ᠎ᠤ 3 ᠰᠠᠷ᠎ᠠ᠎ᠳᠤ ᠪᠠᠢᠭᠤᠯᠤᠭ᠍ᠳᠠᠭ᠍ᠰᠠᠨ᠎ᠠᠴᠠ ᠨᠠᠭᠠᠰᠢ 140 ᠭᠠᠷᠤᠢ ᠭᠡᠷ ᠲᠡᠭᠡᠨ ᠰᠠᠭᠤᠭ᠎ᠠ ᠠᠵᠢᠯ ᠦᠭᠡᠢ ᠡᠮᠡᠭᠳᠡᠢᠴᠦᠳ᠎ᠢ ᠲᠠᠲᠠᠵᠤ ᠠᠮᠢᠳᠤᠯᠢᠭ ᠵᠢᠡᠷ ᠠᠵᠢᠯ ᠤᠯᠭᠤᠵᠤ᠂ ᠨᠡᠢᠲᠡ 34 ᠲᠦᠮᠡᠨ ᠲᠥᠭᠥᠷᠢᠭ᠎ᠦᠨ ᠠᠰᠢᠭ ᠤᠷᠤᠯᠭ᠎ᠠ ᠡᠬᠦᠳᠴᠦ ᠦᠭᠴᠡᠢ᠃ 


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号