2021 ᠤᠨ᠎ᠤ 2 ᠰᠠᠷ᠎ᠠ᠎ᠶᠢᠨ 25᠎ᠦ ᠡᠳᠦᠷ᠂ ᠪᠦᠬᠦ ᠤᠯᠤᠰ᠎ᠤᠨ ᠶᠠᠳᠠᠭᠤ᠎ᠡᠴᠡ ᠠᠩᠭᠢᠵᠢᠷᠠᠭᠤᠯᠬᠤ ᠪᠤᠭᠤᠮᠲᠠ ᠰᠢᠪᠳᠤᠯᠬᠤ ᠳᠠᠢᠯᠠᠯᠳᠤᠭᠠᠨ᠎ᠤ ᠳ᠋ᠦᠩᠨᠡᠨ ᠰᠠᠢᠰᠢᠶᠠᠬᠤ ᠬᠤᠷᠠᠯ ᠳᠡᠭᠡᠷ᠎ᠡ᠂ ᠶᠡᠷᠤᠩᠭᠡᠢ ᠱᠦᠵᠢ ᠰᠢ ᠵᠢᠨ ᠫᠢᠩ᠎ᠡᠴᠡ ᠮᠠᠨ᠎ᠤ ᠤᠯᠤᠰ᠎ᠤᠨ ᠶᠠᠳᠠᠭᠣ᠌ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠬᠤ ᠳᠠᠢᠯᠠᠯᠳᠤᠭᠠᠨ ᠪᠦᠬᠦ ᠲᠠᠯ᠎ᠠ ᠪᠡᠷ ᠢᠯᠠᠯᠲᠠ ᠤᠯᠤᠭᠰᠠᠨ᠎ᠢ ᠲᠦᠪ ᠴᠢᠩᠭ᠎ᠠ ᠪᠠᠷ ᠲᠤᠩᠬᠠᠭᠯᠠᠪᠠ᠃ ᠨᠢᠳᠤᠨᠤᠨ ᠪᠤᠯ ᠶᠠᠳᠠᠭᠤ᠎ᠠᠴᠠ ᠠᠩᠭᠢᠵᠢᠷᠠᠭᠤᠯᠬᠤ ᠪᠤᠭᠤᠮᠲᠠ ᠰᠢᠪᠲᠤᠯᠤᠭᠰᠠᠨ ᠦᠷ᠎ᠡ ᠪᠦᠳᠦᠭᠡᠯ᠎ᠢ ᠪᠡᠬᠢᠵᠢᠬᠦᠯᠦᠨ ᠦᠷᠭᠡᠳᠬᠡᠬᠦ ᠪᠠ ᠬᠦᠳᠡᠭᠡ ᠲᠤᠰᠬᠤᠨ᠎ᠢ ᠬᠦᠭᠵᠢᠬᠦᠯᠦᠨ ᠮᠠᠨᠳᠤᠭᠤᠯᠬᠤ ᠵᠢ ᠪᠦᠲᠤᠮᠵᠢᠳᠡᠢ ᠤᠶᠠᠯᠳᠤᠭᠤᠯᠬᠤ ᠲᠠᠪᠤᠨ ᠵᠢᠯ᠎ᠦᠨ ᠰᠢᠯᠵᠢᠯᠲᠠ᠎ᠶᠢᠨ ᠬᠤᠭᠤᠴᠠᠭᠠᠨ᠎ᠤ ᠡᠴᠦᠰ᠎ᠦᠨ ᠵᠢᠯ ᠪᠤᠯᠤᠨ᠎ᠠ᠃ ᠶᠠᠳᠠᠭᠤ᠎ᠠᠴᠠ ᠠᠩᠭᠢᠵᠢᠷᠠᠭᠤᠯᠬᠤ ᠪᠤᠯ ᠲᠡᠭᠦᠰᠭᠡᠯ᠎ᠦᠨ ᠴᠡᠭ ᠪᠢᠰᠢ᠂ ᠬᠠᠷᠢᠨ ᠰᠢᠨ᠎ᠡ ᠠᠮᠢᠳᠤᠷᠠᠯ᠂ ᠰᠢᠨ᠎ᠡ ᠲᠡᠮᠡᠴᠡᠯ᠎ᠦᠨ ᠡᠬᠢᠯᠡᠯᠲᠡ ᠪᠤᠯᠤᠨ᠎ᠠ᠃ ᠨᠠᠮ᠎ᠤᠨ ᠬᠤᠷᠢᠳᠤᠭᠠᠷ ᠬᠤᠭᠤᠴᠠᠭᠠᠨ᠎ᠤ ᠲᠥᠪ ᠬᠤᠷᠢᠶ᠎ᠠ ᠵᠢᠨ ᠲᠦᠷᠪᠡᠳᠦᠭᠡᠷ ᠪᠦᠬᠦᠳᠡ ᠬᠤᠷᠠᠯ᠎ᠠᠴᠠ᠂ ᠲᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ ᠪᠠᠢᠩᠭᠤᠵᠢᠭᠰᠠᠨ ᠲᠤᠭᠲᠠᠴᠠ᠎ᠶ᠋ᠢ ᠨᠢᠭᠡᠳᠦᠯᠳᠡᠢ ᠲᠦᠯᠦᠪᠵᠢᠬᠦᠯᠦᠨ ᠪᠠᠢᠭᠤᠯᠵᠤ᠂ ᠳᠤᠲᠤᠭᠠᠲᠤ ᠬᠦᠳᠡᠯᠬᠡᠬᠦ ᠬᠦᠴᠦᠨ᠎ᠢ ᠴᠢᠩᠭᠠᠷᠠᠭᠤᠯᠬᠤ ᠭᠡᠷᠡᠭᠳᠡᠢ ᠭᠡᠵᠤ ᠲᠤᠷᠠᠳᠴᠠᠢ᠃ ᠬᠢᠩᠭᠠᠨ ᠠᠢᠮᠠᠭ᠎ᠤᠨ ᠪᠤᠳᠠᠲᠤ ᠪᠠᠢᠳᠠᠯ ᠲᠠᠢ ᠤᠶᠠᠯᠳᠤᠭᠤᠯᠤᠨ᠂ ᠲᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ ᠪᠠᠢᠩᠭᠤᠵᠢᠭᠰᠠᠨ ᠲᠤᠭᠲᠠᠴᠠ᠎ᠶᠢ ᠬᠡᠷᠬᠢᠨ ᠪᠠᠢᠭᠤᠯᠬᠤ ᠲᠤᠬᠠᠢ ᠬᠤᠪᠢ ᠬᠦᠮᠦᠨ᠎ᠤ ᠬᠡᠳᠦᠨ ᠲᠠᠯ᠎ᠠ ᠵᠢᠨ ᠪᠤᠳᠤᠯᠬᠢᠯᠠᠯ ᠵᠢᠡᠨ ᠲᠤᠷᠠᠳᠦᠶᠠ᠃
ᠨᠢᠭᠡ᠂ ᠬᠦᠳᠡᠭᠡ ᠲᠤᠰᠬᠤᠨ᠎ᠤ ᠠᠵᠤ ᠤᠢᠯᠡᠰ᠎ᠤᠨ ᠬᠦᠭᠵᠢᠯᠲᠡ ᠶ᠋ᠢ ᠰᠠᠢᠳᠤᠷ ᠠᠬᠢᠭᠤᠯᠬᠤ ᠬᠡᠷᠡᠭᠲᠠᠢ
ᠬᠦᠭᠵᠢᠯᠲᠡ ᠪᠤᠯ ᠮᠠᠨ᠎ᠤ ᠤᠯᠤᠰ᠎ᠤᠨ ᠠᠯᠢᠪᠠ ᠠᠰᠠᠭᠤᠳᠠᠯ᠎ᠢ ᠰᠢᠢᠳᠪᠦᠷᠢᠯᠡᠬᠦ᠎ᠶᠢᠨ ᠰᠠᠭᠤᠷᠢ ᠪᠠ ᠵᠠᠩᠭᠢᠯᠠᠭ᠎ᠠ ᠮᠦᠨ᠃ ᠠᠵᠤ ᠤᠢᠯᠡᠰ ᠪᠤᠯ ᠬᠦᠭᠵᠢᠯᠲᠡ᠎ᠶᠢᠨ ᠰᠠᠭᠤᠷᠢ ᠶᠤᠮ᠃ ᠶᠠᠳᠠᠭᠤ᠎ᠠᠴᠠ ᠠᠩᠬᠢᠵᠢᠷᠠᠭᠰᠠᠨ ᠭᠠᠵᠠᠷ ᠤᠷᠤᠨ᠎ᠤ ᠠᠵᠤ ᠤᠢᠯᠡᠰ᠎ᠤᠨ ᠬᠦᠭᠵᠢᠯᠲᠡ᠎ᠶᠢ ᠰᠠᠢᠳᠤᠷ ᠠᠬᠢᠭᠤᠯᠵᠤ ᠲᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ ᠬᠡᠷᠡᠭᠲᠡᠢ᠃ ᠪᠤᠬᠢᠷᠳᠤᠯ ᠦᠭᠡᠢ ᠠᠮᠢ ᠠᠬᠤᠢ ᠪᠤᠯ ᠬᠢᠩᠭᠠᠨ ᠠᠢᠮᠠᠭ ᠤ᠋ᠨ ᠬᠦᠭᠵᠢᠯᠲᠡ᠎ᠶᠢᠨ ᠯᠤᠳᠤ ᠶᠡᠭᠡ ᠲᠠᠯᠲᠠ ᠬᠦᠴᠦᠨ ᠪᠠ ᠲᠠᠪᠠᠭᠤᠯᠢᠭ᠋ ᠲᠠᠯ᠎ᠠ ᠮᠦᠨ᠃ ᠶᠡᠭᠡ ᠬᠢᠩᠭᠠᠨ ᠳᠠᠪᠠᠭ᠎ᠠ᠎ᠶᠢᠨ ᠡᠮᠦᠨ᠎ᠠ ᠬᠤᠷᠮᠤᠢ᠎ᠶᠢᠨ ᠠᠮᠢ ᠠᠬᠤᠢ᠎ᠶᠢᠨ ᠪᠦᠰᠡ᠎ᠳᠦ ᠪᠠᠢᠷᠢᠯᠠᠵᠤ ᠪᠠᠢᠭ᠎ᠠ ᠬᠢᠩᠭᠠᠨ ᠠᠢᠮᠠᠭ ᠠᠭᠤᠷ ᠠᠮᠢᠰᠬᠤᠯ ᠲᠤᠬᠢᠷᠠᠮᠵᠢᠳᠠᠢ᠂ ᠬᠦᠷᠦᠰᠦ ᠰᠢᠷᠤᠢ ᠰᠢᠮᠡᠯᠢᠭ᠂ ᠤᠰᠤ ᠨᠢ ᠲᠤᠩᠭᠠᠯᠠᠭ᠂ ᠠᠭᠠᠷ ᠨᠢ ᠴᠡᠪᠡᠷ ᠪᠠᠢᠵᠤ᠂ ᠲᠠᠷᠢᠶᠠᠯᠠᠩ ᠮᠠᠯ ᠠᠵᠤ ᠠᠬᠤᠢ᠎ᠶᠢᠨ ᠤᠢᠯᠡᠰ᠎ᠤᠨ ᠬᠦᠭᠵᠢᠯᠲᠡ᠎ᠶᠢᠨ ᠲᠠᠪᠠᠭᠤᠯᠢᠭ᠋ ᠢᠯᠡᠳᠲᠡ ᠪᠠᠢᠵᠤ᠂ ᠳᠡᠯᠡᠭᠡᠢ᠎ᠳᠦ ᠠᠯᠳᠠᠷᠰᠢᠭ᠍ᠰᠠᠨ ᠬᠦᠢᠳᠡᠨ ᠭᠠᠵᠠᠷ ᠤᠷᠤᠨ᠎ᠤ 《ᠤᠰᠤᠨ ᠳᠤᠳᠤᠷᠭ᠎ᠠ᠎ᠶᠢᠨ ᠰᠢᠵᠢᠷ ᠠᠯᠲᠠᠨ ᠲᠠᠷᠢᠮᠠᠯ᠎ᠤᠨ ᠪᠦᠰᠡ》 《ᠰᠢᠰᠢ᠎ᠶᠢᠨ ᠴᠢᠨᠠᠷ ᠰᠠᠢᠲᠠᠢ ᠭᠠᠷᠤᠯᠲᠠ᠎ᠶᠢᠨ ᠤᠷᠤᠨ》 ᠮᠦᠨ᠃ ᠪᠠᠰᠠ᠂ ᠮᠠᠨ᠎ᠤ ᠤᠯᠤᠰ᠎ᠤᠨ ᠤᠮᠠᠷᠠᠳᠤ᠎ᠶᠢᠨ ᠴᠢᠬᠤᠯᠠ ᠠᠮᠢ ᠠᠬᠤᠢ᠎ᠶᠢᠨ ᠠᠮᠤᠷ ᠲᠦᠪᠰᠢᠨ᠎ᠤ ᠬᠠᠯᠬᠠᠪᠴᠢ᠂ ᠤᠯᠤᠰ᠎ᠤᠨ ᠴᠢᠬᠤᠯᠠ ᠮᠠᠯ ᠤ᠋ᠨ ᠠᠰᠢᠭ ᠰᠢᠮ᠎ᠡ ᠲᠠᠷᠢᠶᠠᠯᠠᠩ ᠤ᠋ᠨ ᠪᠦᠳᠦᠭᠡᠭᠳᠡᠬᠦᠨ᠎ᠦ ᠦᠢᠯᠡᠳᠪᠦᠷᠢᠯᠡᠯ᠎ᠤᠨ ᠰᠠᠭᠤᠷᠢ ᠪᠤᠯᠤᠨ᠎ᠠ᠃ ᠪᠤᠬᠢᠷᠳᠤᠯ ᠦᠭᠡᠢ ᠲᠠᠷᠢᠶᠠᠯᠠᠩ ᠮᠠᠯ ᠠᠵᠤ ᠠᠬᠤᠢ᠎ᠶᠢᠨ ᠡᠬᠢ ᠪᠠᠶᠠᠯᠢᠭ᠋ ᠲᠣ᠌ ᠲᠦᠰᠢᠭᠯᠡᠨ᠂ ᠤᠨᠴᠠᠯᠢᠭᠲᠤ ᠲᠠᠷᠢᠵᠤ ᠲᠡᠵᠢᠭᠡᠬᠦ ᠦᠢᠯᠡᠰ᠂ ᠬᠦᠷᠢᠶ᠎ᠡ ᠬᠠᠰᠢᠶᠠᠨ᠎ᠤ ᠠᠵᠤ ᠤᠢᠯᠡᠰᠢ ᠬᠦᠭᠵᠢᠬᠦᠯᠦᠨ᠂ ᠶᠠᠳᠠᠭᠤ᠎ᠠᠴᠠ ᠠᠩᠭᠢᠵᠢᠷᠠᠭᠰᠠᠨ ᠡᠷᠦᠭᠡ ᠬᠢᠭᠡᠳ ᠲᠠᠷᠢᠶᠠᠯᠠᠩ ᠮᠠᠯ ᠠᠵᠤ ᠠᠬᠤᠢ᠎ᠶᠢᠨ ᠰᠢᠨ᠎ᠡ ᠬᠡᠯᠪᠡᠷᠢ᠎ᠶᠢᠨ ᠡᠵᠡᠩᠨᠡᠯᠲᠡ᠎ᠶᠢᠨ ᠭᠤᠤᠯ ᠴᠤᠭᠴᠠ ᠶ᠋ᠢᠨ ᠠᠰᠢᠭ᠋ ᠲᠤᠰᠠ᠎ᠶᠢᠨ ᠲᠤᠭᠳᠠᠴᠠ᠎ᠶᠢ ᠪᠠᠢᠭᠤᠯᠵᠤ᠂ ᠪᠠᠶᠠᠵᠢᠭᠤᠯᠬᠤ ᠪᠦᠳᠦᠮᠵᠢᠳᠡᠢ ᠠᠷᠭ᠎ᠠ ᠵᠠᠮ᠎ᠢ ᠨᠡᠭᠡᠭᠡᠵᠤ᠂ ᠠᠵᠤ ᠤᠢᠯᠡᠰ ᠲᠣ᠌ ᠲᠦᠰᠢᠭᠯᠡᠨ᠂ ᠠᠷᠠᠳ᠎ᠤᠨ ᠤᠷᠤᠯᠭ᠎ᠠ ᠶ᠋ᠢ ᠦᠷᠬᠦᠯᠵᠢᠯᠡᠨ ᠳᠡᠭᠡᠭᠰᠢᠯᠡᠭᠦᠯᠬᠦ ᠬᠡᠷᠡᠭᠲᠠᠢ᠃ ᠪᠡᠭᠡᠵᠢᠩ ᠥᠪᠥᠷ ᠮᠣᠩᠭᠣᠯ᠎ᠤ᠋ᠨ ᠣᠷᠣᠨ ᠪᠦᠰᠡ᠎ᠶ᠋ᠢᠨ ᠬᠠᠮᠵᠢᠯᠴᠠᠭᠠᠨᠦ ᠲᠣᠭᠲᠠᠴᠠ᠎ᠶ᠋ᠢ ᠰᠠᠢᠲᠤᠷ ᠠᠰᠢᠭᠯᠠᠵᠤ᠂ ᠲᠤᠬᠠᠢ᠎ᠶ᠋ᠢᠨ ᠭᠠᠵᠠᠷ ᠣᠷᠣᠨ᠎ᠦ ᠪᠠᠢᠳᠠᠯ᠎ᠳ᠋ᠤ ᠲᠣᠬᠢᠷᠠᠭᠤᠯᠤᠨ᠂ ᠠᠷᠠᠳ᠎ᠢ ᠪᠠᠶᠠᠵᠢᠭᠤᠯᠬᠤ ᠠᠵᠤ ᠦᠢᠯᠡᠰ᠎ᠢ ᠬᠥᠭᠵᠢᠭᠦᠯᠬᠦ ᠪᠣᠯ ᠶᠠᠳᠠᠭᠤᠠ᠋ᠴᠠ ᠠᠩᠭᠢᠵᠢᠷᠠᠭᠤᠯᠬᠤ ᠰᠢᠪᠲᠤᠯᠤᠯᠲᠠ᠎ᠶ᠋ᠢᠨ ᠦᠷ᠎ᠡ ᠪᠦᠲᠦᠭᠡᠯ᠎ᠢ ᠪᠡᠬᠢᠵᠢᠭᠦᠯᠬᠦ ᠪᠦᠲᠦᠮᠵᠢᠲᠡᠢ ᠠᠷᠭ᠎ᠠ ᠪᠠᠷᠢᠯ ᠮᠦᠨ᠃ ᠳᠡᠭᠠᠭᠤᠯᠤᠭᠴᠢ ᠠᠵᠤ ᠠᠬᠤᠢᠯᠠᠯ᠂ ᠲᠤᠰᠬᠠᠢ ᠬᠤᠷᠰᠢᠶ᠎ᠠ ᠶ᠋ᠢ ᠬᠦᠭᠵᠢᠭᠦᠯᠵᠦ᠂ ᠦᠬᠡᠷ ᠬᠣᠨᠢᠨ ᠮᠢᠬ᠎ᠠ᠎ᠶ᠋ᠢ ᠨᠠᠷᠢᠯᠢᠭ ᠭᠦᠨᠵᠡᠭᠡᠢ ᠪᠣᠯᠪᠠᠰᠤᠷᠠᠭᠤᠯᠬᠤ᠂ ᠴᠠᠭᠠᠨ ᠢᠳᠡᠭᠡ ᠪᠣᠯᠪᠠᠰᠤᠷᠠᠭᠤᠯᠬᠤ ᠵᠡᠷᠭᠡ ᠬᠥᠳᠡᠯᠮᠦᠷᠢ ᠨᠢᠭᠲᠠᠷᠠᠭᠰᠠᠨ ᠮᠠᠶᠢᠭ ᠤ᠋ᠨ ᠠᠵᠤ ᠦᠢᠯᠡᠰ᠎ᠢ᠋ ᠭᠣᠣᠯᠳᠠᠯᠭ᠎ᠠ᠎ᠲᠠᠢ ᠲᠡᠳᠬᠦᠵᠦ᠂ ᠶᠠᠳᠠᠭᠤᠠ᠋ᠴᠠ ᠠᠩᠭᠢᠵᠢᠷᠠᠭᠰᠠᠨ ᠬᠥᠮᠦᠨ ᠠᠮᠠ᠎ᠶ᠋ᠢᠨ ᠲᠤᠰ ᠭᠠᠵᠠᠷ ᠣᠷᠣᠨ ᠣᠢᠷ᠎ᠠ ᠬᠠᠪᠢᠳ᠋ᠠᠭᠠᠨ ᠠᠵᠢᠯ ᠣᠯᠬᠤ᠎ᠶ᠋ᠢ ᠠᠬᠢᠭᠤᠯᠵᠤ᠂ ᠳᠠᠬᠢᠨ ᠶᠠᠳᠠᠭᠤᠷᠠᠬᠤ ᠦᠭᠡᠢ ᠪᠠᠢᠬᠤ᠎ᠶ᠋ᠢ ᠦᠨᠡᠨᠬᠦ ᠪᠠᠲᠤᠯᠠᠭᠰᠠᠨ ᠰᠠᠭᠤᠷᠢᠨ ᠳᠡᠭᠡᠷ᠎ᠡ ᠣᠷᠣᠯᠭ᠎ᠠ᠎ᠶ᠋ᠢ ᠨᠢ ᠨᠡᠮᠡᠭᠳᠡᠭᠦᠯᠬᠦ᠎ᠶ᠋ᠢ ᠠᠬᠢᠭᠤᠯᠤᠨ᠎ᠠ᠃
ᠬᠤᠶᠠᠷ᠂ ᠬᠦᠭᠵᠢᠯᠲᠡ ᠶ᠋ᠢᠨ ᠲᠤᠳᠤᠭᠠᠳᠤ ᠬᠦᠳᠡᠯᠭᠡᠭᠴᠢ ᠬᠦᠴᠦᠨ᠎ᠢ ᠴᠢᠩᠭᠠᠷᠠᠭᠤᠯᠬᠤ ᠬᠡᠷᠡᠭᠲᠠᠢ
ᠲᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ᠎ᠶᠢᠨ ᠭᠤᠤᠯ ᠴᠤᠭᠴᠠ ᠪᠤᠯ ᠶᠠᠳᠠᠭᠤ᠎ᠠᠴᠠ ᠠᠩᠭᠢᠵᠢᠷᠠᠭᠰᠠᠨ ᠤᠯᠠᠨ ᠲᠦᠮᠡᠨ ᠪᠤᠯᠤᠨ᠎ᠠ᠃ ᠵᠠᠰᠠᠭ᠎ᠤᠨ ᠤᠷᠳᠤᠨ᠎ᠠᠴᠠ ᠬᠠᠪᠰᠤᠷᠤᠨ ᠲᠡᠳᠭᠦᠬᠦ ᠴᠢᠬᠤᠯᠠᠳᠠᠢ᠂ ᠭᠡᠪᠡᠴᠦ ᠲᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ᠎ᠶᠢ ᠤᠯᠠᠨ ᠲᠦᠮᠡᠨᠦᠪᠡᠷᠦᠨ ᠰᠢᠷᠭᠠᠭᠤ ᠬᠦᠳᠡᠯᠮᠦᠷᠢᠪᠡᠷᠢᠶᠡᠨ ᠪᠡᠶᠡᠯᠡᠬᠦᠯᠬᠦ ᠨᠢ ᠨᠡᠩ ᠴᠢᠬᠤᠯᠠ ᠶᠤᠮ᠃ ᠶᠠᠳᠠᠭᠤ᠎ᠠᠴᠠ ᠠᠩᠬᠢᠵᠢᠷᠠᠭᠰᠠᠨ ᠭᠠᠵᠠᠷ ᠤᠷᠤᠨ᠎ᠢ ᠬᠦᠭᠵᠢᠭᠦᠯᠬᠦ᠎ᠳᠦ᠂ ᠤᠯᠠᠨ ᠲᠦᠮᠡᠨ᠎ᠦ ᠳᠤᠳᠤᠭᠠᠲᠤ ᠬᠦᠳᠡᠯᠭᠡᠬᠦ ᠬᠦᠴᠦᠨ᠎ᠢ ᠪᠠᠳᠠᠷᠠᠭᠤᠯᠬᠤ ᠨᠢ ᠲᠤᠢᠯ᠎ᠤᠨ ᠴᠢᠬᠤᠯᠠ ᠶᠤᠮ᠃ ᠢᠲᠡᠭᠡᠯ ᠵᠤᠷᠢᠭ᠋ ᠤᠶᠤᠨ ᠤᠬᠠᠭᠠᠨ᠎ᠢ ᠨᠡᠮᠡᠭᠳᠡᠭᠦᠯᠬᠦ ᠶᠢ ᠴᠢᠬᠤᠯᠠᠴᠢᠯᠠᠬᠤ ᠬᠡᠷᠡᠭᠳᠡᠢ᠃ ᠭᠠᠭᠴᠠ ᠬᠦ᠌ ᠤᠯᠠᠨ ᠲᠦᠮᠡᠨ᠎ᠤ ᠢᠳᠡᠪᠬᠢᠵᠢᠯ ᠪᠠ ᠪᠦᠲᠦᠭᠡᠯᠴᠢ ᠴᠢᠨᠠᠷ᠎ᠢ ᠭᠦᠢᠴᠡᠳ ᠳᠠᠢᠴᠢᠯᠠᠪᠠᠯ ᠳᠤᠳᠤᠭᠠᠳᠤᠬᠢ ᠬᠦᠳᠡᠯᠭᠡᠬᠦ ᠬᠦᠴᠦᠨ ᠲᠠᠰᠤᠷᠠᠯᠳᠠ ᠦᠭᠡᠢ ᠴᠢᠩᠭᠠᠷᠠᠵᠤ᠂ ᠬᠦᠭᠵᠢᠯᠲᠡ ᠰᠠᠶᠢ ᠦᠷᠬᠦᠯᠵᠢᠯᠡᠵᠤ ᠴᠢᠳᠠᠨ᠎ᠠ᠃ ᠤᠯᠠᠨ ᠲᠦᠮᠡᠨ᠎ᠦ ᠦᠵᠡᠯ ᠰᠠᠨᠠᠭ᠎ᠠ ᠶᠢ ᠬᠤᠪᠢᠷᠠᠭᠤᠯᠵᠤ᠂ ᠦᠵᠡᠯᠲᠡ ᠪᠠᠨ ᠰᠢᠨᠡᠳᠭᠡᠵᠤ᠂ ᠪᠠᠶᠠᠵᠢᠬᠤ ᠠᠷᠭ᠎ᠠ᠎ᠶᠢ ᠡᠷᠢᠵᠤ᠂ ᠪᠠᠶᠠᠵᠢᠬᠤ ᠡᠷᠴᠢ ᠵᠤᠷᠢᠭ᠋ᠢ ᠨᠡᠮᠡᠭᠳᠡᠭᠦᠯᠬᠦ ᠨᠢ ᠲᠤᠢᠯ᠎ᠤᠨ ᠴᠢᠬᠤᠯᠠ ᠶᠤᠮ᠃ ᠬᠡᠰᠡᠭ ᠶᠠᠳᠠᠭᠤᠠ᠋ᠴᠠ ᠠᠩᠭᠢᠵᠢᠷᠠᠭᠰᠠᠨ ᠬᠥᠳᠡᠯᠮᠦᠷᠢ ᠬᠦᠴᠦ ᠨᠢ ᠰᠤᠶᠤᠯ᠎ᠤᠨ ᠬᠢᠷᠢ ᠬᠡᠮᠵᠢᠶ᠎ᠡ ᠳᠣᠣᠷ᠎ᠠ᠂ ᠠᠵᠢᠯ ᠣᠯᠬᠤᠳ᠋ᠤ᠌ ᠬᠦᠴᠢᠷ ᠤᠴᠢᠷ ᠡᠴᠡ᠂ ᠤᠶᠤᠨ᠎ᠢ ᠲᠡᠳᠭᠦᠬᠦ ᠰᠤᠶᠤᠯ᠎ᠦᠨ ᠬᠢᠷᠢ ᠬᠡᠮᠵᠢᠶ᠎ᠡ ᠶ᠋ᠢ ᠨᠡᠮᠡᠭᠳᠡᠬᠦᠯᠬᠦ ᠰᠤᠷᠭᠠᠨ ᠬᠦᠮᠦᠵᠢᠯ᠎ᠢ ᠬᠦᠭᠵᠢᠭᠦᠯᠬᠦ ᠪᠤᠯ ᠥᠶ᠎ᠡ ᠤᠯᠠᠷᠢᠨ ᠶᠠᠳᠠᠭᠤᠷᠠᠬᠤ᠎ᠶᠢ ᠰᠡᠷᠬᠡᠢᠯᠡᠬᠦ ᠴᠢᠬᠤᠯᠠ ᠠᠷᠭ᠎ᠠ ᠵᠠᠮ ᠮᠦᠨ᠃ ᠰᠠᠭᠤᠷᠢ ᠰᠤᠷᠭᠠᠨ ᠬᠦᠮᠦᠵᠢᠯ᠂ ᠠᠵᠢᠯ ᠮᠡᠷᠭᠡᠵᠢᠯ᠎ᠦᠨ ᠬᠦᠮᠦᠵᠢᠯ᠎ᠢ ᠶᠡᠬᠡ ᠪᠡᠷ ᠬᠥᠭᠵᠢᠭᠦᠯᠵᠤ᠂ ᠶᠠᠳᠠᠭᠤ᠎ᠠᠴᠠ ᠠᠩᠭᠢᠵᠢᠷᠠᠭᠰᠠᠨ ᠤᠯᠠᠨ ᠲᠦᠮᠡᠨ᠎ᠦ ᠰᠤᠶᠤᠯ ᠤ᠋ᠨ ᠬᠢᠷᠢ ᠲᠦᠪᠰᠢᠨ᠎ᠢ ᠳᠡᠭᠡᠭᠰᠢᠯᠡᠭᠦᠯᠵᠤ᠂ ᠠᠵᠢᠯ ᠮᠡᠷᠭᠡᠵᠢᠯ᠎ᠦᠨ ᠤᠷ᠎ᠠ ᠴᠢᠳᠠᠪᠤᠷᠢ᠎ᠶᠢ ᠨᠡᠢᠳᠡᠮ ᠳᠡᠭᠡᠭᠰᠢᠯᠡᠬᠥᠯᠵᠤ᠂ ᠦᠪᠡᠷ᠎ᠦᠨ ᠬᠦᠳᠡᠯᠮᠦᠷᠢᠪᠡᠷᠢᠶᠡᠨ ᠵᠤᠯ ᠵᠢᠷᠭᠠᠯᠲᠤ ᠠᠮᠢᠳᠤᠷᠠᠯ ᠢ᠋ ᠴᠤᠭᠴᠠᠯᠠᠨ ᠪᠠᠢᠭᠤᠯᠬᠤ ᠶ᠋ᠢ ᠠᠬᠢᠭᠤᠯᠬᠤ ᠬᠡᠷᠡᠭᠲᠠᠢ᠃
ᠭᠤᠷᠪᠠ᠂ ᠨᠡᠢᠭᠡᠮ᠎ᠦᠨ ᠪᠠᠳᠤᠯᠠᠭ᠎ᠠ᠎ᠶᠢᠨ ᠰᠢᠰᠲᠧᠮ᠎ᠢ ᠲᠡᠭᠦᠯᠳᠡᠷᠵᠢᠬᠦᠯᠬᠦ ᠬᠡᠷᠡᠭᠲᠠᠢ
ᠶᠠᠳᠠᠭᠤ᠎ᠠᠴᠠ ᠠᠩᠭᠢᠵᠢᠷᠠᠭᠰᠠᠨ ᠤᠯᠠᠨ ᠲᠦᠮᠡᠨ᠎ᠦ ᠳᠠᠬᠢᠨ ᠶᠠᠳᠠᠭᠤᠷᠠᠬᠤ ᠰᠢᠯᠲᠠᠭᠠᠨ ᠤᠯᠠᠨ ᠶᠠᠩᠵᠤ᠎ᠶᠢᠨ ᠪᠠᠢᠳᠠᠭ᠂ ᠡᠪᠡᠳᠴᠢᠨ ᠡᠮᠬᠡᠭ ᠵᠡᠷᠭᠡ ᠰᠢᠯᠲᠠᠭᠠᠨ᠎ᠠᠴᠠ ᠳᠠᠬᠢᠨ ᠶᠠᠳᠠᠭᠤᠷᠠᠭᠰᠠᠨ ᠦᠵᠡᠭᠳᠡᠯ ᠤᠷᠤᠰᠢᠵᠤ ᠪᠠᠢᠨ᠎ᠠ᠃ ᠨᠡᠢᠭᠡᠮ᠎ᠤᠨ ᠪᠠᠳᠤᠯᠠᠭ᠎ᠠ᠎ᠶᠢᠨ ᠰᠢᠰᠲᠧᠮ᠎ᠦᠨ ᠪᠠᠢᠭᠤᠯᠤᠯᠲᠠ ᠶ᠋ᠢ ᠴᠢᠩᠭᠠᠳᠬᠠᠵᠤ᠂ ᠤᠯᠠᠨ ᠲᠦᠮᠡᠨ᠎ᠦ ᠳᠠᠬᠢᠨ ᠶᠠᠳᠠᠭᠤᠷᠠᠬᠤ ᠶ᠋ᠢ ᠰᠡᠷᠭᠡᠢᠯᠡᠬᠦ ᠬᠡᠷᠡᠭᠲᠡᠢ᠃ ᠤᠨᠴᠠ ᠬᠦᠴᠢᠷᠳᠡᠯᠳᠡᠢ ᠬᠦᠮᠦᠰ᠎ᠢ ᠠᠪᠤᠷᠠᠨ ᠲᠤᠰᠠᠯᠠᠵᠤ ᠠᠰᠠᠷᠠᠨ ᠲᠡᠵᠢᠭᠡᠬᠦ᠂ ᠠᠮᠢᠳᠤᠷᠠᠯ᠎ᠤᠨ ᠨᠠᠭᠠᠳᠤ ᠵᠠᠬ᠎ᠠ᠎ᠶᠢᠨ ᠪᠠᠳᠤᠯᠠᠭ᠎ᠠ᠂ ᠲᠦᠷ ᠴᠠᠭ ᠠᠪᠤᠷᠠᠨ ᠲᠤᠰᠠᠯᠠᠬᠤ᠂ ᠦᠨᠦᠴᠢᠨ ᠬᠡᠥᠭᠡᠳ᠎ᠦᠨ ᠦᠨᠳᠦᠰᠦᠨ ᠠᠮᠢᠳᠤᠷᠠᠯ᠎ᠤᠨ ᠪᠠᠳᠤᠯᠠᠭ᠎ᠠ᠂ ᠨᠠᠰᠦᠵᠢᠯ᠎ᠤᠨ ᠤᠢᠯᠡᠴᠢᠯᠡᠭᠡᠨ᠎ᠤ ᠦᠢᠯᠡᠰ ᠵᠡᠷᠭᠡ ᠶ᠋ᠢ ᠬᠦᠭᠵᠢᠭᠦᠯᠵᠦ᠂ ᠵᠡᠮᠳᠡᠭᠴᠦᠳ᠎ᠢ ᠬᠠᠪᠰᠤᠷᠤᠨ ᠲᠡᠳᠭᠦᠵᠤ ᠪᠠᠲᠤᠯᠠᠬᠤ ᠡᠷᠴᠢᠮ᠎ᠢ ᠴᠢᠩᠭᠠᠳᠬᠠᠨ᠂ ᠡᠷᠡᠭᠦᠯ ᠬᠠᠮᠠᠭᠠᠯᠠᠯ᠎ᠤᠨ ᠤᠢᠯᠡᠴᠢᠯᠡᠭᠡᠨ᠎ᠤ ᠰᠢᠰᠲᠧᠮ᠎ᠤᠨ ᠪᠠᠢᠭᠤᠯᠤᠯᠲᠠ᠎ᠶᠢ ᠴᠢᠩᠭᠠᠳᠬᠠᠵᠤ᠂ ᠤᠨᠴᠠ ᠬᠦᠨᠳᠦ ᠡᠪᠡᠳᠴᠢᠨ᠎ᠦ ᠡᠮᠴᠢᠯᠡᠭᠡᠨ᠎ᠦ ᠳᠠᠭᠠᠳᠬᠠᠯ ᠪᠠ ᠠᠪᠤᠷᠠᠨ ᠲᠤᠰᠠᠯᠠᠬᠤ ᠲᠦᠷᠢᠮ᠎ᠢ ᠲᠡᠭᠦᠯᠳᠡᠷᠵᠢᠬᠦᠯᠵᠤ᠂ ᠨᠡᠢᠭᠡᠮ᠎ᠦᠨ ᠪᠠᠳᠤᠯᠠᠭ᠎ᠠ᠎ᠶᠢᠨ ᠬᠠᠮᠠᠭᠠᠯᠠᠯᠲᠠ᠎ᠶᠢᠨ ᠲᠤᠤᠷ᠎ᠢ ᠪᠠᠳᠤ ᠰᠦᠯᠵᠢᠵᠤ ᠥᠭᠬᠦ ᠬᠡᠷᠡᠭᠳᠡᠢ᠃
ᠲᠦᠷᠪᠡ᠂ ᠦᠨᠳᠦᠰᠦᠨ ᠱᠠᠲᠤᠨ᠎ᠤ ᠨᠠᠮ ᠤᠨ ᠵᠤᠬᠢᠶᠠᠨ ᠪᠠᠢᠭᠤᠯᠤᠯᠲᠠ᠎ᠵᠢᠨ ᠤᠢᠯᠡᠳᠤᠯ᠎ᠢ ᠰᠠᠢᠲᠤᠷ ᠪᠠᠳᠠᠷᠠᠭᠤᠯᠬᠤ ᠬᠡᠷᠡᠭᠲᠠᠢ
ᠶᠡᠷᠤᠩᠭᠡᠢ ᠱᠦᠵᠢ ᠰᠢ ᠵᠢᠨ ᠫᠢᠩ᠄ 《ᠭᠡᠰᠢᠬᠦᠨ ᠺᠠᠲᠠᠷᠴᠤᠳ ᠴᠦᠮ ᠡᠢᠮᠦ ᠨᠢᠭᠡᠨ ᠤᠬᠠᠮᠰᠠᠷ ᠪᠠᠢᠬᠤ ᠬᠡᠷᠡᠭᠳᠡᠢ᠂ ᠨᠢᠭᠡ ᠭᠡᠷ ᠨᠢᠭᠡ ᠡᠷᠦᠭᠡ ᠴᠢᠨᠠᠭᠰᠢᠯᠠᠪᠠᠯ ᠨᠢᠭᠡ ᠬᠦᠮᠦᠨ ᠦᠨᠳᠦᠰᠦᠨ ᠠᠮᠢᠳᠤᠷᠠᠯ᠎ᠤᠨ ᠠᠰᠠᠭᠤᠳᠠᠯ᠎ᠢᠶᠠᠨ ᠰᠢᠢᠳᠪᠤᠷᠢᠯᠡᠭᠡᠳᠦᠢ ᠯᠡ ᠶᠤᠮ ᠪᠤᠯ ᠪᠢᠳᠡ ᠰᠠᠨᠠᠭ᠎ᠠ ᠠᠮᠠᠷ ᠰᠠᠭᠤᠵᠤ ᠪᠤᠯᠬᠤ ᠦᠭᠡᠢ᠃ ᠤᠯᠠᠨ ᠲᠦᠮᠡᠨ᠎ᠦ ᠵᠤᠯ ᠵᠢᠷᠭᠠᠯᠲᠤ ᠠᠮᠢᠳᠤᠷᠠᠯ᠎ᠤᠨ ᠲᠤᠬᠠᠢ ᠬᠦᠰᠡᠯ ᠡᠷᠡᠮᠡᠯᠵᠡᠯ ᠪᠤᠳᠠᠲᠠᠢ ᠪᠤᠯᠤᠨ ᠪᠡᠶᠡᠯᠡᠭᠳᠡᠭᠡᠳᠦᠢ ᠯᠡ ᠶᠤᠮ ᠪᠤᠯ ᠪᠢᠳᠡ ᠥᠴᠦᠬᠡᠨ ᠴᠦ᠍ ᠰᠤᠯᠠᠷᠠᠭᠤᠯᠤᠯ ᠦᠭᠡᠢ ᠪᠡᠷ᠂ ᠤᠯᠠᠨ ᠲᠦᠮᠡᠨ᠎ᠢ ᠪᠦᠯᠬᠦᠮᠳᠡᠬᠦᠯᠦᠨ ᠳᠠᠭᠠᠭᠤᠯᠵᠤ ᠬᠠᠮᠳᠤ ᠪᠡᠷ ᠲᠡᠮᠡᠴᠡᠬᠦ ᠬᠡᠷᠡᠭᠳᠡᠢ》 ᠭᠡᠵᠦ ᠵᠢᠭᠠᠵᠤ ᠭᠠᠷᠭᠠᠪᠠ᠃ ᠡᠯ᠎ᠡ ᠱᠠᠳᠤᠨ ᠤ ᠨᠠᠮ᠎ᠤᠨ ᠬᠤᠷᠢᠶ᠎ᠠ ᠪᠤᠯᠤᠨ ᠠᠷᠠᠳ᠎ᠤᠨ ᠵᠠᠰᠠᠭ᠎ᠤᠨ ᠤᠷᠳᠤᠨ ᠡᠭᠦᠷᠭᠡ ᠬᠠᠷᠢᠭᠤᠴᠠᠯᠭ᠎ᠠ ᠪᠠᠨ ᠴᠢᠩᠭᠠᠳᠬᠠᠵᠤ᠂ ᠳᠠᠬᠢᠨ ᠶᠠᠳᠠᠭᠤᠷᠠᠬᠤ ᠪᠠ ᠶᠠᠳᠠᠭᠤᠷᠠᠬᠤ ᠡᠴᠡ ᠰᠡᠷᠭᠡᠢᠯᠡᠬᠦ ᠲᠤᠭᠲᠠᠴᠠ᠎ᠶᠢ ᠪᠠᠢᠭᠤᠯᠤᠨ᠂ ᠭᠠᠵᠠᠷ ᠤᠷᠤᠨ᠎ᠤ ᠪᠠᠢᠳᠠᠯ ᠳ᠋ᠤ ᠰᠠᠭᠤᠷᠢᠯᠠᠨ ᠠᠵᠤ ᠤᠢᠯᠡᠰᠢ ᠬᠦᠭᠵᠢᠬᠦᠯᠵᠤ᠂ ᠤᠯᠠᠨ ᠲᠦᠮᠡᠨ᠎ᠢ ᠵᠤᠬᠢᠶᠠᠨ ᠪᠠᠢᠭᠤᠯᠤᠨ ᠤᠷᠤᠯᠭ᠎ᠠ᠎ᠶᠢ ᠨᠢ ᠨᠡᠮᠡᠭᠳᠡᠬᠦᠯᠬᠦ ᠬᠡᠷᠡᠭᠳᠡᠢ᠃
(ᠵᠤᠬᠢᠶᠠᠭᠴᠢ ᠵᠢᠨ ᠬᠠᠶᠢᠭ᠄ ᠬᠢᠩᠭᠠᠨ ᠠᠢᠮᠠᠭ᠎ᠤᠨ ᠨᠠᠮ᠎ᠤᠨ ᠰᠤᠷᠭᠠᠭᠤᠯᠢ)