ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠳᠡᠯᠡᠬᠡᠢ᠎ᠳ᠋ᠠᠬᠢᠨ ᠎ᠳᠡᠬᠢ ᠲᠡᠦᠬᠡᠲᠦ ᠠᠴᠢ ᠬᠣᠯᠪᠣᠭᠳᠠᠯ
2026-02-27 12:59:18
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠶᠣᠣ ᠰᠢᠤ ᠵᠢᠶᠧ 《ᠰᠤᠷᠤᠯᠴᠠᠯᠭ᠎ᠠ ᠪᠠ ᠰᠦᠪᠡᠭᠴᠢᠯᠡᠯ 》 ᠰᠡᠳᠬᠦᠯ᠎ᠤᠨ 2025 ᠣᠨ᠎ᠤ 1 ᠳ᠋ᠤᠭᠡᠷ ᠬᠤᠭᠤᠴᠠᠭᠠᠨ᠎ᠳᠤ ᠦᠭᠦᠯᠡᠯ ᠨᠡᠢᠳᠡᠯᠡᠵᠦ᠂ ᠳᠡᠯᠡᠬᠡᠢ᠎ᠶᠢᠨ ᠲᠡᠦᠬᠡ᠎ᠶᠢᠨ ᠥᠨᠳᠥᠷᠴᠡ᠎ᠠᠴᠠ ᠦᠵᠡᠪᠡᠯ᠂《ᠣᠳᠣᠬᠢᠴᠢᠯᠠᠯᠲᠠ》 ᠨᠢ ᠨᠢᠭᠡ ᠤᠯᠤᠰ ᠪᠤᠶᠤ ᠨᠢᠭᠡ ᠦᠨᠳᠦᠰᠦᠲᠡᠨ᠎ᠦ ᠳᠣᠲᠣᠭᠠᠳᠤ ᠎ᠶᠢᠨ ᠬᠡᠰᠡᠭ ᠲᠠᠯ᠎ᠠ ᠎ᠶᠢᠨ᠂ ᠣᠭᠵᠣᠮ ᠨᠡᠢᠭᠡᠮ᠎ᠦᠨ ᠬᠤᠪᠢᠰᠤᠯᠲᠠ᠎ᠳᠤ ᠡᠭᠦᠰᠦᠭᠰᠡᠨ ᠪᠢᠰᠢ᠂ ᠬᠠᠷᠢᠨ ᠳᠡᠯᠡᠬᠡᠢ ᠎ᠶᠢᠨ ᠬᠡᠪᠴᠢᠶᠡᠨ᠎ᠳᠡᠬᠢ ᠦᠢᠯᠡᠳᠪᠦᠷᠢᠯᠡᠯ᠎ᠦᠨ ᠠᠷᠭ᠎ᠠ ᠮᠠᠶᠢᠭ᠋᠂ ᠨᠡᠢᠭᠡᠮ᠎ᠦᠨ ᠪᠠᠢᠭᠤᠯᠤᠯ ᠂ ᠥᠷᠲᠡᠭ᠎ᠦᠨ ᠦᠵᠡᠯᠲᠡ᠂ ᠰᠣᠶᠣᠯ᠎ᠤᠨ ᠰᠡᠳᠬᠢᠴᠡ ᠵᠡᠷᠭᠡ᠎ᠶᠢᠨ ᠶᠡᠷᠦᠩᠬᠡᠢᠯᠡᠭᠰᠡᠨ ᠴᠢᠨᠠᠷᠲᠠᠢ ᠨᠡᠢᠭᠡᠮ᠎ᠦᠨ ᠬᠤᠪᠢᠰᠤᠯᠲᠠ ᠪᠠᠢᠵᠤ ᠂ ᠬᠥᠮᠥᠨ ᠲᠥᠷᠥᠯᠬᠢᠲᠡᠨ᠎ᠦ 《ᠤᠯᠠᠮᠵᠢᠯᠠᠯ》᠎ᠠᠴᠠ 《ᠣᠲᠣ᠌ ᠦᠶ᠎ᠡ》 ᠳᠠᠢᠰᠢ ᠤᠷᠤᠭᠰᠢᠯᠠᠬᠰᠠᠨ ᠲᠡᠦᠬᠡᠨ ᠠᠬᠢᠴᠠ᠎ᠶᠢ ᠬᠠᠷᠠᠭᠤᠯᠵᠤ ᠪᠠᠢᠨ᠎ᠠ ᠭᠡᠵᠦ ᠵᠢᠭᠠᠵᠤ ᠭᠠᠷᠭᠠᠪᠠ᠃ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠪᠣᠯ ᠳᠡᠯᠡᠬᠡᠢ᠎ᠶᠢᠨ ᠣᠳᠣᠬᠢᠴᠢᠯᠠᠯᠲᠠ᠎ᠶᠢᠨ ᠤᠨᠤᠯ ᠪᠣᠯᠣᠨ ᠦᠢᠯᠡᠳᠦᠯᠭᠡ᠎ᠶᠢᠨ ᠴᠢᠬᠤᠯᠠ ᠶᠡᠬᠡ ᠰᠢᠨ᠎ᠡ ᠡᠭᠦᠳᠦᠯᠲᠡ ᠮᠥᠨ᠂ ᠲᠡᠷᠡ ᠨᠢ 《ᠣᠳᠣᠬᠢᠴᠢᠯᠠᠯᠲᠠ ᠪᠣᠯ ᠥᠷᠥᠨᠡᠴᠢᠯᠡᠬᠦ᠎ᠲᠠᠢ ᠠᠳᠠᠯᠢ》 ᠭᠡᠬᠦ ᠲᠥᠭᠡᠷᠢᠭᠳᠡᠯ᠎ᠢ ᠡᠪᠳᠡᠵᠦ᠂ ᠰᠢᠨ᠎ᠡ ᠣᠳᠣᠬᠢᠴᠢᠯᠠᠯᠲᠠ᠎ᠶᠢᠨ ᠲᠤᠬᠠᠢ ᠬᠦᠦᠷᠨᠢᠯ᠎ᠢ ᠨᠡᠭᠡᠭᠡᠭᠰᠡᠨ ᠪᠣᠯᠬᠣᠷ ᠮᠠᠰᠢ ᠴᠢᠬᠤᠯᠠ ᠳᠡᠯᠡᠬᠡᠢ᠎ᠶᠢᠨ ᠲᠡᠦᠬᠡᠲᠦ ᠠᠴᠢ ᠬᠣᠯᠪᠣᠭᠳᠠᠯ᠎ᠲᠠᠢ ᠶᠤᠮ᠃ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠨᠢ ᠮᠠᠷᠺᠰ᠎ᠤᠨ ᠦᠵᠡᠯ᠎ᠦᠨ ᠤᠨᠤᠯ᠎ᠢᠶᠠᠷ ᠵᠢᠯᠣᠭᠣᠳᠤᠯᠭ᠎ᠠ ᠪᠣᠯᠭᠠᠵᠤ᠂ ᠳᠤᠮᠳᠠᠳᠤ᠎ᠶᠢᠨ ᠰᠢᠯᠢᠳᠡᠭ ᠤᠯᠠᠮᠵᠢᠯᠠᠯᠲᠤ ᠰᠣᠶᠣᠯ᠎ᠢᠶᠠᠷ ᠱᠢᠮ᠎ᠡ ᠲᠡᠵᠢᠭᠡᠯ ᠪᠣᠯᠭᠠᠵᠤ᠂ ᠬᠥᠮᠥᠨ᠎ᠦ ᠬᠥᠭᠵᠢᠯᠲᠡ᠎ᠶᠢᠨ ᠬᠡᠯᠪᠡᠷᠢ᠂ ᠬᠥᠮᠥᠨ ᠬᠥᠮᠥᠨ᠎ᠦ ᠬᠣᠭᠣᠷᠣᠨᠳᠣᠬᠢ ᠬᠠᠷᠢᠴᠠᠭ᠎ᠠ ᠵᠢᠴᠢ ᠬᠥᠮᠥᠨ ᠲᠥᠷᠥᠯᠬᠢᠲᠡᠨ᠎ᠦ ᠴᠢᠯᠦᠭᠡᠯᠡᠯᠲᠡ ᠭᠡᠬᠦ ᠭᠤᠷᠪᠠᠨ ᠳᠠᠪᠬᠤᠷᠭ᠎ᠠ ᠳᠡᠭᠡᠷ᠎ᠡ ᠮᠠᠷᠺᠰ᠎ᠤᠨ ᠳᠡᠯᠡᠬᠡᠢ᠎ᠶᠢᠨ ᠲᠡᠦᠬᠡ᠎ᠶᠢᠨ ᠳᠤᠬᠠᠢ ᠤᠨᠤᠯ᠎ᠢ ᠬᠥᠭᠵᠢᠭᠦᠯᠵᠡᠢ; ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠨᠢ ᠦᠢᠯᠡᠳᠪᠦᠷᠢᠯᠡᠯ᠎ᠦᠨ ᠬᠦᠴᠦᠨ ᠪᠠ ᠳᠡᠯᠡᠬᠡᠢ᠎ᠶᠢᠨ ᠶᠠᠪᠤᠯᠴᠠᠭ᠎ᠠ᠎ᠶᠢᠨ ᠲᠦᠭᠡᠮᠡᠯ ᠬᠥᠭᠵᠢᠯᠲᠡ᠎ᠶᠢ ᠠᠬᠢᠭᠤᠯᠵᠤ᠂ 《ᠳᠣᠷᠣᠨᠠᠳᠠᠬᠢᠨ ᠨᠢ ᠥᠷᠥᠨᠡᠳᠠᠬᠢᠨ᠎ᠳᠤ ᠬᠠᠷᠢᠶᠠᠯᠠᠭᠳᠠᠬᠤ》ᠳᠡᠯᠡᠬᠡᠢ᠎ᠶᠢᠨ ᠲᠡᠦᠬᠡᠨ ᠪᠠᠢᠷᠢᠰᠢᠯ ᠎ᠢ ᠬᠤᠪᠢᠷᠠᠭᠤᠯᠵᠤ ᠂ᠨᠢᠭᠡ ᠤᠯᠤᠰ ᠤᠷᠤᠨ᠎ᠤ ᠲᠡᠦᠬᠡ᠎ᠡᠴᠡ ᠳᠡᠯᠡᠬᠡᠢ᠎ᠶᠢᠨ ᠲᠡᠦᠬᠡ ᠲᠡᠢᠰᠢ ᠬᠤᠪᠢᠷᠠᠬᠤ ᠠᠬᠢᠴᠠ᠎ᠶᠢ ᠠᠬᠢᠭᠤᠯᠪᠠ; ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ ᠨᠢ ᠳᠤᠮᠳᠠᠳᠤ᠎ᠶᠢᠨ ᠦᠨᠳᠦᠰᠦᠲᠡᠨ ᠎ᠦ ᠠᠭᠤᠤ ᠶᠡᠬᠡ ᠰᠡᠷᠭᠦᠨ ᠮᠠᠨᠳᠤᠯᠲᠠ᠎ᠶᠢ ᠪᠦᠬᠦ ᠲᠠᠯ᠎ᠠ᠎ᠪᠠᠷ ᠠᠬᠢᠭᠤᠯᠬᠤ᠎ᠶᠢᠨ ᠬᠠᠮᠲᠤ ᠪᠠᠰᠠ ᠳᠡᠯᠡᠬᠡᠢ᠎ᠳ᠋ᠠᠬᠢᠨ ᠎ᠳᠡᠬᠢ ᠲᠡᠦᠬᠡᠲᠦ ᠠᠴᠢ ᠬᠣᠯᠪᠣᠭᠳᠠᠯ ᠪᠦᠬᠦᠢ ᠥᠪᠡᠷᠮᠢᠴᠡ ᠣᠳᠣᠬᠢᠴᠢᠯᠠᠭᠰᠠᠨ ᠪᠣᠯᠪᠠᠰᠤᠨ᠎ᠤ ᠦᠵᠡᠯᠲᠡ᠎ᠶᠢ ᠪᠦᠷᠢᠯᠳᠦᠭᠦᠯᠵᠦ᠂ ᠪᠣᠯᠪᠠᠰᠤᠨ᠎ᠤ ᠰᠣᠯᠢᠯᠴᠠᠭ᠎ᠠ᠎ᠪᠠᠷ ᠪᠣᠯᠪᠠᠰᠤᠨ᠎ᠤ ᠵᠠᠪᠰᠠᠷᠳᠠᠯ᠎ᠢ ᠳᠠᠪᠠᠬᠤ᠂ ᠪᠣᠯᠪᠠᠰᠤᠨ᠎ᠤ ᠲᠣᠯᠢᠯᠠᠯ᠎ᠢᠶᠠᠷ ᠪᠣᠯᠪᠠᠰᠤᠨ᠎ᠤ ᠮᠥᠷᠭᠥᠯᠳᠦᠭᠡᠨ᠎ᠢ ᠳᠠᠪᠠᠬᠤ᠂ ᠪᠣᠯᠪᠠᠰᠤᠨ᠎ᠤ ᠪᠠᠭᠲᠠᠭᠠᠮᠵᠢ᠎ᠪᠠᠷ ᠪᠣᠯᠪᠠᠰᠤᠨ᠎ᠤ ᠳᠠᠪᠠᠭᠤᠯᠢᠭ᠋᠎ᠢ ᠳᠠᠪᠠᠬᠤ᠎ᠶᠢ ᠵᠣᠷᠢᠵᠤ᠂ ᠬᠥᠮᠥᠨ ᠲᠥᠷᠥᠯᠬᠢᠲᠡᠨ᠎ᠦ ᠪᠣᠯᠪᠠᠰᠤᠨ᠎ᠤ ᠲᠠᠪᠰᠢᠯᠳᠠ᠎ᠶᠢᠨ ᠬᠥᠭᠵᠢᠯᠲᠡ᠎ᠶᠢᠨ ᠴᠢᠭᠯᠡᠯ᠎ᠢ ᠢᠯᠡᠷᠡᠭᠦᠯᠪᠡ ᠂ ᠡᠢᠮᠦ ᠪᠤᠯᠬᠤᠷ ᠡᠨᠡ ᠨᠢ ᠪᠦᠬᠦ ᠬᠥᠮᠥᠨ ᠲᠥᠷᠥᠯᠬᠢᠲᠡᠨ᠎ᠦ ᠪᠣᠯᠪᠠᠰᠤᠨ᠎ᠤ ᠬᠥᠭᠵᠢᠯᠲᠡ ᠲᠠᠪᠰᠢᠯᠳᠠ᠎ᠶᠢ ᠠᠬᠢᠭᠤᠯᠬᠤ ᠨᠢ ᠯᠠᠪᠲᠠᠢ ᠶᠤᠮ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号