ᠮᠠᠩᠬᠠᠨ ᠵᠦᠴᠦᠭᠡ 《 ᠹᠧᠩᠵᠧᠦ ᠵᠢᠨ ᠲᠠᠯ᠎ᠠ ᠵᠢᠨ ᠲᠤᠮᠤᠭ》 ᠎ᠢ ᠪᠦᠬᠦ ᠤᠯᠤᠰ᠎ᠤᠨ ᠬᠤᠪᠤᠷ ᠵᠦᠴᠦᠭᠡ ᠵᠢᠨ ᠲᠦᠷᠤᠯ᠎ᠤᠨ ᠰᠢᠨ᠎ᠠ ᠬᠠᠪᠤᠷ᠎ᠤᠨ ᠪᠠᠶᠠᠰᠬᠤᠯᠠᠩᠳᠤ ᠨᠠᠭᠠᠳᠤᠮ ᠳ᠋ᠤ ᠲᠤᠬᠯᠠᠪᠠ
2026-02-27 17:53:22
ᠵᠣᠬᠢᠶᠠᠭ᠍ᠴᠢ᠄
​ ᠸ·ᠭᠡᠷᠡᠯᠳᠤ
ᠣᠩᠱᠢᠭ᠍ᠰᠠᠨ ᠣᠳᠠᠭ᠎ᠠ᠄
★★★☆☆

2 ᠰᠠᠷ᠎ᠠ ᠵᠢᠨ 11᠎ᠤ ᠡᠳᠦᠷ ᠡᠾᠧᠨᠠᠨ ᠮᠤᠵᠢ ᠵᠢᠨ ᠰᠠᠨ ᠮᠧᠨ ᠰᠢᠶᠠ ᠬᠤᠳᠠ ᠳ᠋ᠤ ᠡᠬᠢᠯᠡᠭᠰᠡᠨ  2026 ᠪᠦᠬᠦ ᠤᠯᠤᠰ᠎ᠤᠨ ᠬᠤᠪᠤᠷ ᠵᠦᠴᠦᠭᠡ ᠵᠢᠨ ᠲᠦᠷᠤᠯ᠎ᠤᠨ ᠰᠢᠨ᠎ᠠ ᠬᠠᠪᠤᠷ᠎ᠤᠨ ᠪᠠᠶᠠᠰᠬᠤᠯᠠᠩᠳᠤ ᠨᠠᠭᠠᠳᠤᠮ ᠳᠡᠬᠡᠷ᠎ᠠ᠂ ᠪᠤᠭᠤᠲᠤ ᠵᠢᠨ ᠤᠷᠠᠯᠢᠭ ᠵᠦᠴᠦᠭᠡ ᠵᠢᠨ ᠬᠦᠷᠢᠶᠡᠯᠡᠩ᠎ᠤᠨ ᠮᠠᠩᠬᠠᠨ ᠵᠦᠴᠦᠭᠡ 《ᠹᠧᠩᠵᠧᠦ ᠵᠢᠨ ᠲᠠᠯ᠎ᠠ ᠵᠢᠨ ᠲᠤᠮᠤᠭ》 —  《ᠤᠯᠠ ᠮᠦᠷ ᠎ᠤᠨ ᠡᠷᠢᠯ》 ᠢ᠋ ᠠᠮᠵᠢᠯᠳᠠ ᠲᠠᠢ ᠲᠤᠬᠯᠠᠬᠰᠠᠨ ᠪᠠᠢᠨ᠎ᠠ᠃

ᠮᠠᠩᠬᠠᠨ ᠵᠦᠴᠦᠭᠡ ᠪᠤᠯ ᠮᠠᠨ ᠎ᠤ ᠤᠯᠤᠰ ᠤ᠋ᠨ ᠵᠦᠴᠦᠭᠡ ᠵᠢᠨ ᠬᠦᠷᠢᠶᠡᠯᠡᠩ ᠲᠤᠳᠤᠷᠠᠬᠢ ᠬᠠᠮᠤᠭ ᠎ᠤᠨ ᠰᠢᠨ᠎ᠡ ᠨᠢᠭᠡ ᠵᠦᠴᠦᠭᠡ ᠵᠢᠨ ᠲᠦᠷᠤᠯ ᠪᠠᠢᠵᠦ᠂ ᠲᠤᠮᠳᠠᠳᠤ ᠵᠢᠨ 384 ᠵᠦᠴᠦᠭᠡ ᠵᠢᠨ ᠲᠦᠷᠤᠯ ᠲᠤᠳᠤᠷᠠᠬᠢ ᠬᠤᠪᠤᠷ ᠨᠢᠭᠡᠨ ᠵᠦᠴᠦᠭᠡ ᠵᠢᠨ ᠲᠦᠷᠤᠯ ᠪᠤᠯᠤᠨ᠎ᠠ᠃ 1986 ᠤᠨ ᠳ᠋ᠤ ᠮᠠᠩᠬᠠᠨ ᠵᠦᠴᠦᠭᠡ ᠎ᠵᠢᠨ ᠭᠦᠰᠢᠭᠡ ᠨᠡᠭᠡᠭᠡᠭᠰᠡᠨ ᠵᠦᠴᠦᠭᠡ ᠪᠤᠯᠬᠤ 《ᠹᠧᠩᠵᠧᠦ ᠵᠢᠨ ᠲᠠᠯ᠎ᠠ ᠵᠢᠨ ᠲᠤᠮᠤᠭ》 ᠤᠤᠯ ᠎ᠤᠨ ᠰᠤᠶᠤᠯ ᠎ᠤᠨ ᠶᠠᠮᠤᠨ᠎ᠤ ᠤᠨᠴᠠ ᠤᠷᠢᠯᠭ᠎ᠠ ᠪᠡᠷ ᠪᠡᠭᠡᠵᠢᠩ᠎ᠳᠤ ᠬᠦᠷᠴᠦ ᠬᠠᠷᠢᠭᠤ ᠮᠡᠳᠡᠭᠦᠯᠦᠯᠳᠡ ᠵᠢᠨ ᠲᠤᠬᠯᠠᠯᠳᠠ ᠭᠠᠷᠭᠠᠨ᠂ ᠲᠤᠬᠠᠢ ᠵᠢᠨ ᠵᠢᠯ ᠎ᠤᠨ 9 ᠰᠠᠷ᠎ᠠ ᠳ᠋ᠤ ᠵᠢᠩᠬᠢᠨᠢ ᠪᠡᠷ ᠮᠠᠩᠬᠠᠨ ᠵᠦᠴᠦᠭᠡ ᠬᠡᠵᠦ ᠨᠡᠷᠡᠢᠳᠦᠭᠳᠡᠭᠰᠡᠨ ᠪᠠᠢᠨ᠎ᠠ᠃ ᠲᠡᠷᠡ ᠨᠢ ᠮᠦᠨ ᠴᠤ᠌ ᠦᠪᠦᠷ ᠮᠤᠩᠭᠤᠯ ᠎ᠤᠨ ᠤᠷᠤᠨ ᠨᠤᠳᠤᠭ᠎ᠤᠨ ᠤᠨᠴᠠᠯᠢᠬᠳᠤ  ᠵᠦᠴᠦᠭᠡ ᠵᠢᠨ ᠲᠦᠷᠤᠯ ᠪᠠᠢᠵᠦ᠂ ᠲᠦᠴᠢᠨ ᠵᠢᠯ ᠤ᠋ᠨ ᠲᠤᠷᠰᠢ 《ᠹᠧᠩᠵᠧᠦ ᠵᠢᠨ ᠲᠠᠯ᠎ᠠ ᠵᠢᠨ ᠲᠤᠮᠤᠭ》᠂ 《ᠬᠢᠳᠠᠨ ᠎ᠤ ᠦᠬᠢᠨ》 《ᠲᠠᠯ᠎ᠠ ᠨᠤᠳᠤᠭ•ᠡᠵᠢ》《ᠴᠡᠯᠡᠭᠡᠷ ᠲᠠᠯ᠎ᠠ ᠵᠢᠨ ᠦᠬᠢᠨ》᠂ 《ᠹᠧᠩ ᠰᠢᠶᠠᠩ ᠯᠤ᠌》᠂ 《ᠲᠦᠭᠦᠢᠮ᠎ᠠ》ᠵᠡᠷᠭᠡ ᠠᠯᠢ ᠤᠯᠠᠨ ᠮᠠᠩᠬᠠᠨ ᠵᠦᠴᠦᠭᠡ ᠵᠢᠨ ᠰᠢᠯᠢᠳᠡᠭ ᠪᠦᠳᠦᠭᠡᠯ᠎ᠤᠳ ᠮᠡᠨᠳᠤᠯᠡᠵᠦ᠂ ᠤᠷᠢᠳ ᠬᠤᠵᠢᠳ ᠲᠦᠪ ᠎ᠤᠨ ᠤᠬᠠᠭᠤᠯᠬᠤ ᠬᠡᠯᠳᠡᠰ᠎ᠤᠨ 《ᠲᠠᠪᠤ ᠨᠢᠭᠡ ᠢᠨᠵᠧᠨᠧᠷᠢᠩ ᠎ᠤᠨ ᠱᠠᠩᠨᠠᠯ》᠂ ᠤᠤᠯ ᠎ᠤᠨ ᠰᠤᠶᠤᠯ ᠎ᠤᠨ ᠶᠠᠮᠤᠨ ᠎ᠤ 《ᠸᠧᠨ ᠬᠤᠸᠠ ᠰᠢᠨ᠎ᠠ ᠵᠦᠴᠦᠭᠡ ᠵᠢᠨ ᠱᠠᠩᠨᠠᠯ》᠂ ᠲᠤᠮᠳᠠᠳᠤ ᠤᠯᠤᠰ᠎ᠤᠨ ᠰᠢ ᠵᠦᠴᠦᠭᠡ ᠵᠢᠨ ᠠᠷᠪᠠᠳᠤᠭᠠᠷ ᠬᠤᠭᠤᠴᠠᠭᠠᠨ᠎ᠤ ᠲᠡᠷᠢᠭᠦᠯᠡᠭᠴᠢ ᠴᠡᠴᠡᠭ᠎ᠤᠨ ᠱᠠᠩᠨᠠᠯ ᠵᠡᠷᠭᠡ 60 ᠭᠠᠷᠤᠢ ᠤᠯᠤᠰ ᠎ᠤᠨ ᠲᠡᠰ᠂ ᠦᠪᠡᠷᠳᠡᠭᠡᠨ ᠵᠠᠰᠠᠬᠤ ᠤᠷᠤᠨ᠎ᠤ ᠲᠡᠰ ᠎ᠤᠨ ᠱᠠᠩᠨᠠᠯ ᠬᠦᠬᠢᠬᠦᠯᠦᠯ ᠎ᠢ ᠬᠦᠷᠳᠡᠵᠦ ᠦᠩᠬᠡᠷᠡᠭᠰᠡᠨ ᠪᠠᠢᠨ᠎ᠠ᠃

ᠲᠤᠰ ᠤᠳᠠᠭᠠᠨ ᠎ᠤ ᠬᠤᠪᠤᠷ ᠵᠦᠴᠦᠭᠡ ᠵᠢᠨ ᠲᠦᠷᠤᠯ ᠎ᠤᠨ ᠰᠢᠨ᠎ᠠ ᠬᠠᠪᠤᠷ ᠎ᠤᠨ ᠪᠠᠶᠠᠰᠬᠤᠯᠠᠩᠳᠤ ᠨᠠᠭᠠᠳᠤᠮ ᠳ᠋ᠤ ᠪᠦᠬᠦ ᠤᠯᠤᠰ ᠎ᠤᠨ 20 ᠭᠠᠷᠤᠢ ᠮᠤᠵᠢ (ᠬᠤᠳᠠ) ᠵᠢᠨ 86 ᠰᠢᠯᠢᠳᠡᠭ ᠬᠤᠪᠤᠷ ᠵᠦᠴᠦᠭᠡ ᠵᠢᠨ ᠲᠦᠷᠤᠯ᠂  400 ᠭᠠᠷᠤᠢ  ᠲᠤᠬᠯᠠᠬᠴᠢ ᠤᠷᠤᠯᠴᠠᠵᠦ᠂ ᠭᠤᠤᠯ ᠰᠡᠳᠤᠪᠳᠤ ᠦᠳᠡᠰᠢᠯᠡᠭᠡ ᠨᠢ ᠪᠦᠬᠦ ᠵᠠᠭᠤᠴᠢᠯᠠᠭᠤᠷ᠎ᠤᠨ ᠰᠢᠭᠤᠳ ᠨᠡᠪᠳᠡᠷᠡᠭᠦᠯᠭᠡ ᠵᠢᠨ ᠬᠡᠯᠪᠡᠷᠢ ᠪᠡᠷ ᠶᠠᠪᠤᠬᠳᠠᠨ᠂ ᠪᠠᠶᠠᠷᠳᠤ ᠴᠠᠭᠠᠨ ᠰᠠᠷ᠎ᠠ ᠵᠢ ᠤᠬᠳᠤᠬᠤ ᠰᠤᠶᠤᠯ᠎ᠤᠨ ᠦᠪᠡᠳᠡᠭᠰᠢ ᠠᠵᠢᠯᠯᠠᠭ᠎ᠠ ᠪᠤᠯᠤᠬᠰᠠᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号