ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠲᠠᠨ᠎ᠤ ᠬᠠᠤᠯᠢ᠎ᠶ᠋ᠢᠨ ᠲᠥᠰᠦᠯ᠎ᠢ ᠠᠩᠬ᠎ᠠ ᠤᠳᠠᠭ᠎ᠠ ᠬᠢᠨᠠᠨ ᠶᠠᠷᠢᠯᠴᠠᠭᠤᠯᠬᠤ ᠪᠠᠷ ᠳᠡᠪᠱᠢᠭᠦᠯᠪᠡ
2026-02-28 09:49:27
ᠵᠣᠬᠢᠶᠠᠭ᠍ᠴᠢ᠄
ᠬᠤᠸᠠᠩ ᠲᠤᠤ ᠮᠢᠩ
ᠣᠩᠱᠢᠭ᠍ᠰᠠᠨ ᠣᠳᠠᠭ᠎ᠠ᠄
★★★☆☆

ᠤᠯᠤᠰ᠎ᠤᠨ ᠶᠡᠷᠦᠩᠬᠡᠢᠯᠡᠭ᠌ᠰᠡᠨ ᠴᠢᠨᠠᠷᠲᠠᠢ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠩᠬᠢ ᠪᠣᠯ ᠪᠠᠴᠢᠮ ᠪᠠᠢᠳᠠᠯ᠎ᠢ ᠠᠷᠭᠠᠴᠠᠭᠠᠵᠤ ᠠᠪᠤᠷᠠᠨ ᠲᠤᠰᠠᠯᠠᠬᠤ ᠭᠣᠣᠯ ᠬᠦᠴᠦᠨ ᠪᠠ ᠤᠯᠤᠰ᠎ᠤᠨ ᠠᠩᠬᠢ ᠪᠣᠯᠤᠨ᠎ᠠ᠃ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠲᠠᠨ᠎ᠤ ᠬᠠᠤᠯᠢ᠎ᠶ᠋ᠢᠨ ᠲᠥᠰᠦᠯ᠎ᠢ 2 ᠰᠠᠷ᠎ᠠ᠎ᠶ᠋ᠢᠨ 25᠎ᠤ᠋ ᠡᠳᠦᠷ ᠪᠥᠬᠥ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ᠎ᠶᠢᠨ ᠬᠤᠷᠠᠯ᠎ᠳᠤ ᠠᠩᠬ᠎ᠠ ᠤᠳᠠᠭ᠎ᠠ ᠬᠢᠨᠠᠨ ᠶᠠᠷᠢᠯᠴᠠᠭᠤᠯᠬᠤ᠎ᠪᠠᠷ ᠳᠡᠪᠱᠢᠭᠦᠯᠪᠡ᠃

ᠲᠥᠰᠦᠯ ᠨᠢ ᠨᠡᠢ᠌ᠳᠡ 7 ᠪᠦᠯᠦᠭ 47 ᠵᠦᠢᠯ ᠪᠠᠢᠵᠤ᠂ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠳᠠᠨ᠎ᠤ ᠬᠠᠮᠢᠶᠠᠷᠤᠯᠲᠠ᠎ᠶ᠋ᠢ ᠵᠢᠷᠤᠮᠵᠢᠭᠤᠯᠵᠤ᠂ ᠳᠡᠳᠡᠨ᠎ᠦ ᠬᠠᠤᠯᠢ ᠶᠣᠰᠣᠨ᠎ᠤ ᠡᠷᠬᠡ ᠠᠱᠢᠭ᠎ᠢ ᠪᠠᠲᠤᠯᠠᠵᠤ᠂ ᠬᠢᠨᠠᠯᠲᠠ᠎ᠶ᠋ᠢ ᠴᠢᠩᠭᠠᠳᠭᠠᠵᠤ᠂ ᠲᠤᠱᠢᠶᠠᠯ ᠬᠠᠷᠢᠭᠤᠴᠠᠯᠭ᠎ᠠ᠎ᠪᠠᠨ ᠵᠥᠪ ᠭᠦᠢᠴᠡᠳᠭᠡᠬᠦ᠌᠎ᠶ᠋ᠢ ᠠᠬᠢᠭᠤᠯᠵᠤ᠂ ᠤᠯᠤᠰ᠎ᠤᠨ ᠶᠡᠷᠦᠩᠬᠡᠢᠯᠡᠭ᠌ᠰᠡᠨ ᠴᠢᠨᠠᠷᠲᠠᠢ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠡᠩᠨᠡᠭᠡ᠎ᠶ᠋ᠢᠨ ᠪᠠᠢᠭᠤᠯᠤᠯᠲᠠ᠎ᠶ᠋ᠢ ᠪᠦᠬᠦ᠌ ᠲᠠᠯ᠎ᠠ᠎ᠪᠠᠷ ᠠᠬᠢᠭᠤᠯᠬᠤ ᠪᠡᠷ ᠵᠤᠷᠢᠯᠲᠠ ᠪᠡᠨ ᠪᠤᠯᠭᠠᠭᠰᠠᠨ ᠶᠤᠮ᠃

ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ᠎ᠶ᠋ᠢᠨ ᠶᠠᠮᠤᠨ᠎ᠤ ᠳᠡᠳ᠋ ᠰᠠᠢᠳ ᠱᠢᠤᠢ ᠵᠢᠶᠠ ᠠᠶ ᠵᠢᠨ ᠲᠠᠨᠢᠯᠴᠠᠭᠤᠯᠤᠭᠰᠠᠨ ᠵᠢᠡᠷ᠂ ᠲᠥᠰᠦᠯ᠎ᠳᠦ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠲᠠᠨ᠎ᠤ ᠬᠠᠮᠢᠶᠠᠷᠤᠯᠲᠠ ᠬᠢᠭᠡᠳ ᠪᠠᠲᠤᠯᠠᠭ᠎ᠠ᠎ᠶ᠋ᠢ ᠤᠶᠠᠯᠳᠤᠭᠤᠯᠵᠤ᠂ ᠠᠵᠢᠯᠲᠠᠨ᠎ᠤ ᠬᠠᠮᠢᠶᠠᠷᠤᠯᠲᠠ᠎ᠶ᠋ᠢ ᠴᠢᠩᠭᠠᠳᠭᠠᠭ᠍ᠰᠠᠨ ᠮᠥᠷᠲᠡᠭᠡᠨ ᠵᠣᠬᠢᠴᠠᠩᠭᠤᠶ ᠬᠠᠷᠠᠭᠠᠯᠵᠠᠯ᠎ᠤᠨ ᠪᠠᠲᠤᠯᠠᠭ᠎ᠠ ᠬᠠᠩᠭᠠᠭ᠍ᠰᠠᠨ ᠪᠠᠢᠨ᠎ᠠ᠃ ᠲᠥᠰᠦᠯ᠎ᠳᠦ ᠡᠯᠰᠡᠬᠦ᠌᠂ ᠠᠯᠪᠠᠨ ᠡᠴᠡ ᠪᠠᠭᠤᠬᠤ ᠵᠡᠷᠭᠡ ᠲᠦᠷᠢᠮ᠎ᠢ ᠲᠣᠳᠣᠷᠬᠠᠢᠯᠠᠵᠤ᠂ ᠵᠠᠷᠤᠳᠠᠯ᠎ᠤᠨ ᠪᠠᠲᠤᠯᠠᠭ᠎ᠠ ᠪᠠ ᠴᠠᠯᠢᠩ ᠣᠯᠭᠣᠮᠵᠢ᠎ᠶ᠋ᠢ ᠲᠣᠳᠣᠷᠬᠠᠢᠯᠠᠪᠠ; ᠪᠡᠶ᠎ᠡ᠎ᠶ᠋ᠢᠨ ᠭᠠᠷᠤᠯ᠎ᠤᠨ ᠱᠢᠨᠵᠢ ᠴᠢᠨᠠᠷ᠎ᠢ ᠲᠣᠳᠣᠷᠬᠠᠢᠯᠠᠵᠤ᠂ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠲᠠᠨ ᠭᠡᠳᠡᠭ ᠨᠢ ᠤᠯᠤᠰ᠎ᠤᠨ ᠶᠡᠷᠦᠩᠬᠡᠢᠯᠡᠭ᠌ᠰᠡᠨ ᠴᠢᠨᠠᠷᠲᠠᠶ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠡᠩᠨᠡᠭᠡ᠎ᠳᠡᠬᠢ ᠤᠯᠤᠰ᠎ᠤᠨ ᠵᠠᠰᠠᠭ ᠵᠠᠬᠢᠷᠭᠠᠨ᠎ᠤ ᠣᠷᠣᠨ ᠲᠣᠭ᠎ᠠ᠎ᠳᠤ ᠣᠷᠣᠭᠤᠯᠤᠭ᠍ᠰᠠᠨ᠂ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠴᠣᠯᠠ ᠲᠠᠢ ᠬᠥᠮᠦᠰ᠎ᠢ ᠵᠢᠭᠠᠵᠤ ᠪᠠᠢᠨ᠎ᠠ ᠭᠡᠵᠦ ᠲᠤᠭᠳᠠᠭᠠᠪᠠ᠃

ᠠᠵᠢᠯᠲᠠᠨ᠎ᠤ ᠬᠠᠮᠢᠶᠠᠷᠤᠯᠲᠠ᠎ᠶ᠋ᠢ ᠵᠢᠷᠤᠮᠵᠢᠭᠤᠯᠬᠤ ᠲᠠᠯ᠎ᠠ᠎ᠪᠠᠷ᠂ ᠲᠥᠰᠦᠯ᠎ᠳᠦ ᠬᠠᠮᠢᠶᠠᠷᠤᠨ ᠵᠢᠯᠣᠭᠣᠳᠭᠤ ᠠᠵᠢᠯᠲᠠᠨ᠂ ᠲᠤᠰᠭᠠᠶ ᠮᠡᠷᠭᠡᠵᠢᠯ᠎ᠦᠨ ᠠᠵᠢᠯᠲᠠᠨ᠂ ᠭᠠᠯ ᠤᠨᠲᠠᠷᠠᠭᠠᠭ᠍ᠴᠢ᠎ᠶ᠋ᠢᠨ ᠬᠠᠮᠢᠶᠠᠷᠤᠯᠲᠠ᠎ᠶ᠋ᠢᠨ ᠠᠷᠭ᠎ᠠ᠎ᠶ᠋ᠢ ᠲᠤᠰ ᠲᠤᠰ ᠳᠤᠳᠤᠷᠬᠠᠢᠯᠠᠵᠠᠢ; ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠳᠠᠨ᠎ᠢ ᠡᠯᠰᠡᠬᠦ᠌᠂ ᠬᠢᠨᠠᠨ ᠱᠢᠯᠭᠠᠬᠤ᠂ ᠪᠣᠯᠪᠠᠰᠤᠷᠠᠭᠤᠯᠬᠤ ᠵᠡᠷᠭᠡ ᠡᠯ᠎ᠡ ᠵᠦᠢᠯ᠎ᠦᠨ ᠳᠦᠷᠢᠮ᠎ᠢ ᠪᠠᠢᠭᠤᠯᠤᠨ ᠲᠡᠭᠦᠯᠳᠡᠷᠵᠢᠭᠦᠯᠬᠦ᠌᠎ᠶ᠋ᠢᠨ ᠬᠠᠮᠲᠤ ᠠᠯᠪᠠᠨ ᠡᠴᠡ ᠪᠠᠭᠤᠬᠤ ᠲᠤᠰᠭᠠᠶ ᠬᠠᠮᠢᠶᠠᠷᠤᠯᠲᠠ᠎ᠶ᠋ᠢ ᠬᠡᠷᠡᠭ᠌ᠵᠢᠭᠦᠯᠬᠦ᠌ ᠵᠢ ᠱᠠᠭᠠᠷᠳᠠᠪᠠ᠃

ᠪᠠᠲᠤᠯᠠᠭ᠎ᠠ᠎ᠶ᠋ᠢᠨ ᠠᠷᠭ᠎ᠠ ᠬᠡᠮᠵᠢᠶ᠎ᠡ᠎ᠶ᠋ᠢ ᠨᠠᠢᠳᠠᠪᠤᠷᠢᠵᠢᠭᠤᠯᠬᠤ ᠲᠠᠯ᠎ᠠ᠎ᠪᠠᠷ᠂ ᠲᠥᠰᠦᠯ᠎ᠳᠦ ᠵᠠᠷᠤᠳᠠᠯ᠎ᠤᠨ ᠪᠠᠲᠤᠯᠠᠭ᠎ᠠ ᠪᠠ ᠴᠠᠯᠢᠩ ᠣᠯᠭᠣᠮᠵᠢ᠎ᠶ᠋ᠢ ᠲᠣᠳᠣᠷᠬᠠᠢᠯᠠᠵᠤ᠂ ᠬᠡᠷᠡᠭ᠌ᠰᠡᠬᠦ᠌ ᠵᠠᠷᠤᠳᠠᠯ᠎ᠢ ᠲᠥᠰᠦᠪ᠎ᠲᠦ ᠣᠷᠣᠭᠤᠯᠵᠤ᠂ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠲᠠᠳ ᠲᠣᠭ᠍ᠲᠠᠭᠠᠯ ᠶᠣᠰᠣᠭᠠᠷ ᠦᠨᠳᠦᠰᠦᠨ ᠴᠠᠯᠢᠩ᠂ ᠨᠡᠮᠡᠭᠦᠷᠢ ᠮᠥᠩᠭᠥ᠌᠂ ᠨᠥᠬᠥᠪᠥᠷᠢ ᠮᠥᠩᠭᠥ᠌᠂ ᠱᠠᠩᠨᠠᠯ᠎ᠤᠨ ᠮᠥᠩᠭᠥ᠌᠂ ᠨᠡᠢᠭᠡᠮ᠎ᠦᠨ ᠳᠠᠭᠠᠳᠭᠠᠯ᠂ ᠦᠬᠦᠯ ᠱᠢᠷᠬᠠᠲᠤᠯ᠎ᠤᠨ ᠨᠡᠮᠡᠯᠲᠡ ᠳᠠᠭᠠᠳᠭᠠᠯ ᠪᠠ ᠠᠰᠠᠷᠠᠮᠵᠢ᠎ᠶ᠋ᠢᠨ ᠬᠠᠷᠠᠭᠠᠯᠵᠠᠯ ᠭᠥᠷᠳᠡᠨ᠎ᠡ ᠭᠡᠵᠦ ᠳᠤᠭᠳᠠᠭᠠᠪᠠ; ᠠᠵᠢᠯ ᠮᠡᠷᠭᠡᠵᠢᠯ᠎ᠦᠨ ᠠᠮᠤᠷ ᠲᠦᠪᠱᠢᠨ᠎ᠦ ᠪᠠᠲᠤᠯᠠᠭ᠎ᠠ᠎ᠶ᠋ᠢ ᠴᠢᠩᠭᠠᠳᠭᠠᠵᠤ᠂ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠬᠥᠮᠦᠰ᠎ᠲᠦ ᠠᠮᠤᠷ ᠲᠦᠪᠱᠢᠨ᠎ᠦ ᠬᠠᠮᠠᠭᠠᠯᠠᠯᠲᠠ᠎ᠶ᠋ᠢᠨ ᠨᠥᠬᠥᠴᠡᠯ ᠬᠠᠩᠭᠠᠬᠤ᠎ᠶ᠋ᠢ ᠱᠠᠭᠠᠷᠳᠠᠭ᠍ᠰᠠᠨ ᠪᠥᠭᠡᠳ ᠡᠮᠴᠢᠯᠡᠭᠡᠨ᠎ᠦ ᠬᠠᠷᠠᠭᠠᠯᠵᠠᠯ᠂ ᠠᠵᠢᠯ ᠡᠴᠡ᠎ᠪᠠᠨ ᠠᠮᠠᠷᠠᠬᠤ᠂ ᠠᠰᠠᠷᠠᠮᠵᠢ ᠵᠡᠷᠭᠡ ᠲᠥᠷᠥ᠎ᠶ᠋ᠢᠨ ᠪᠣᠳᠣᠯᠭ᠎ᠠ᠎ᠶ᠋ᠢ ᠵᠣᠯᠭᠠᠭᠤᠯᠬᠤ ᠲᠣᠭ᠍ᠲᠠᠭᠠᠯ ᠭᠠᠷᠭᠠᠪᠠ᠃

ᠬᠢᠨᠠᠯᠲᠠ ᠲᠠᠯᠪᠢᠵᠤ ᠵᠠᠯᠬᠠᠭᠠᠨ ᠴᠡᠭᠡᠷᠯᠡᠭᠦᠯᠬᠦ᠌ ᠲᠠᠯ᠎ᠠ᠎ᠪᠠᠷ᠂ ᠲᠥᠰᠦᠯ᠎ᠳᠦ ᠤᠯᠤᠰ᠎ᠤᠨ ᠶᠡᠷᠦᠩᠬᠡᠢᠯᠡᠭ᠌ᠰᠡᠨ ᠴᠢᠨᠠᠷᠲᠠᠢ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠡᠩᠨᠡᠭᠡ ᠨᠢ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠳᠠᠨ᠎ᠤ ᠦᠵᠡᠯ ᠰᠠᠨᠠᠭ᠎ᠠ ᠤᠯᠤᠰ ᠲᠦᠷᠦ᠍᠂ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ ᠵᠡᠷᠭᠡ ᠪᠠᠢᠳᠠᠯ᠎ᠳᠤ ᠬᠢᠨᠠᠯᠲᠠ ᠲᠠᠯᠪᠢᠵᠤ᠂ ᠬᠣᠯᠪᠣᠭ᠍ᠳᠠᠯ ᠪᠦᠬᠦᠢ ᠢᠯᠡᠴᠢᠯᠡᠯ᠂ ᠵᠠᠭᠠᠯᠳᠤᠯᠭ᠎ᠠ᠎ᠶ᠋ᠢ ᠱᠢᠢᠳᠪᠦᠷᠢᠯᠡᠵᠦ᠂ ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠳᠠᠨ ᠤᠬᠠᠮᠰᠠᠷ ᠡᠴᠡ᠎ᠪᠠᠨ ᠬᠢᠨᠠᠯᠲᠠ᠎ᠶ᠋ᠢ ᠬᠦᠯᠢᠶᠡᠬᠦ᠌ ᠬᠡᠷᠡᠭ᠌ᠲᠡᠢ; ᠤᠯᠤᠰ᠎ᠤᠨ ᠭᠠᠯ ᠰᠡᠷᠭᠡᠢᠯᠡᠬᠦ ᠭᠠᠯ ᠤᠨᠲᠠᠷᠠᠭᠠᠬᠤ ᠠᠪᠤᠷᠠᠨ ᠲᠤᠰᠠᠯᠠᠬᠤ ᠠᠵᠢᠯᠳᠠᠨ ᠭᠠᠯ ᠤᠨᠲᠠᠷᠠᠭᠠᠵᠤ ᠠᠪᠤᠷᠠᠨ ᠲᠤᠰᠠᠯᠠᠬᠤ ᠲᠤᠬᠠᠶ᠎ᠶ᠋ᠢᠨ ᠲᠠᠯᠠᠪᠠᠶ᠎ᠳᠤ ᠡᠭᠦᠷᠭᠡ ᠬᠠᠷᠢᠭᠤᠴᠠᠯᠭ᠎ᠠ᠎ᠪᠠᠨ ᠭᠦᠢᠴᠡᠳᠭᠡᠬᠦ᠌᠎ᠶ᠋ᠢ ᠲᠡᠪᠴᠢᠭ᠌ᠰᠡᠨ ᠵᠡᠷᠭᠡ ᠡᠴᠡ ᠪᠣᠯᠵᠤ ᠬᠥᠭᠡᠭᠡᠭ᠌ᠳᠡᠭ᠌ᠰᠡᠨ ᠪᠣᠯ ᠠᠯᠪᠠᠲᠠᠨ ᠪᠤᠶᠤ ᠠᠵᠢᠯ ᠦᠢᠯᠡᠰ᠎ᠦᠨ ᠨᠢᠭᠡᠴᠢ᠎ᠶ᠋ᠢᠨ ᠠᠵᠢᠯᠲᠠᠨ᠎ᠢᠶᠠᠷ ᠡᠯᠰᠡᠨ (ᠤᠷᠢᠨ ᠬᠡᠷᠡᠭ᠌ᠯᠡᠵᠦ᠍) ᠬᠡᠷᠡᠭ᠌ᠯᠡᠵᠦ᠍ ᠪᠣᠯᠬᠤ ᠦᠭᠡᠶ ᠭᠡᠵᠦ᠍ ᠲᠣᠭ᠍ᠲᠠᠭᠠᠵᠠᠢ᠃

(ᠱᠢᠨᠬᠤᠸᠠ ᠬᠤᠷᠢᠶ᠎ᠠ᠎ᠶᠢᠨ ᠪᠡᠭᠡᠵᠢᠩ᠎ᠦᠨ 2 ᠰᠠᠷ᠎ᠠ᠎ᠶ᠋ᠢᠨ 25 ᠤ᠋ ᠴᠠᠬᠢᠯᠭᠠᠨ ᠮᠡᠳᠡᠭᠡ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号