ᠨᠤᠲᠤᠭ᠎ᠲᠠᠭᠠᠨ ᠪᠤᠴᠠᠨ ᠦᠶ᠋ᠯᠡᠰ ᠪᠤᠰᠬᠠᠵᠤ ᠪᠣᠳᠠᠰ᠎ᠤᠨ ᠪᠤᠰᠤ ᠰᠣᠶᠣᠯ᠎ᠤᠨ ᠥᠪ᠎ᠢ ᠤᠯᠠᠮᠵᠢᠯᠠᠨ ᠪᠠᠳᠠᠷᠠᠭᠤᠯᠤᠨ᠎ᠠ
2026-02-03 09:58:44
ᠵᠣᠬᠢᠶᠠᠭ᠍ᠴᠢ᠄
ᠵᠢᠶᠠ ᠱᠢᠤᠸᠠᠢ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 2 ᠤ᠋ᠨ ᠥᠷᠯᠥᠭᠡ᠂ ᠲᠦᠩᠯᠢᠶᠣᠤ ᠬᠤᠳᠠ᠎ᠶ᠋ᠢᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ᠎ᠤ ᠤᠪᠤᠭ᠎ᠠ ᠰᠤᠮᠤ ᠵᠢᠨ ᠪᠠᠶᠠᠨ ᠤᠪᠤᠭ᠎ᠠ ᠭᠠᠴᠠᠭᠠᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠶᠤᠳᠠᠯ᠎ᠦᠨ ᠭᠠᠵᠠᠷ᠎ᠲᠤ ᠨᠢᠬᠡ ᠵᠦᠢᠯ᠎ᠤᠨ ᠥᠪᠡᠷᠮᠢᠴᠡ ᠣᠨᠴᠠᠯᠢᠭ᠎ᠲᠠᠶ ᠬᠦᠭ ᠠᠶᠠᠰ ᠨᠢ ᠰᠤᠷᠪᠤᠯᠵᠢᠯᠠᠭ᠍ᠴᠢ ᠵᠢᠨ ᠠᠩᠬᠠᠷᠤᠯ᠎ᠢ ᠡᠷᠬᠡ ᠦᠬᠡᠢ ᠲᠠᠲᠠᠪᠠ᠃

ᠲᠠᠪᠤᠨ ᠥᠩᠭᠡ᠎ᠶ᠋ᠢᠨ ᠤᠲᠠᠰᠤ ᠨᠢ ᠣᠶᠣᠳᠠᠯ᠎ᠤᠨ ᠮᠠᠱᠢᠨ ᠳᠡᠭᠡᠷ᠎ᠡ ᠡᠷᠭᠢᠯᠳᠦᠵᠦ᠂ ᠥᠯᠵᠡᠢ ᠬᠡ ᠤᠭᠠᠯᠵᠠ᠎ᠲᠠᠶ ᠪᠥᠰ᠎ᠨᠢ ᠠᠢᠵᠠᠮ ᠴᠣᠬᠢᠯᠭ᠎ᠠ᠎ᠶ᠋ᠢ᠎ᠲᠠᠭᠠᠵᠤ 《ᠪᠥᠵᠢᠭ᠌ᠯᠡᠨ᠎ᠡ》 ᠁ ᠠᠷᠪᠠᠨ ᠬᠡᠳᠦᠨ ᠪᠦᠰᠡᠭᠦᠢᠴᠤᠳ ᠣᠶᠣᠳᠠᠯ᠎ᠤᠨ ᠮᠠᠱᠢᠨ᠎ᠤ ᠡᠮᠦᠨ᠎ᠡ ᠡᠯᠢᠭᠡᠲᠡᠨ ᠰᠠᠭᠤᠵᠤ ᠶᠠᠭᠠᠷᠠᠯᠲᠠᠢ ᠠᠵᠢᠯᠯᠠᠵᠤ᠂ ᠠᠷᠤ᠎ᠳᠤᠨᠢ ᠡᠯᠭᠦᠭᠡᠰᠦᠳᠡᠢ ᠮᠣᠩᠭᠣᠯ ᠲᠡᠷᠯᠢᠭ᠎ᠦᠳ ᠤᠨᠴᠠ ᠵᠢᠨ ᠭᠣᠢᠳᠠ ᠰᠠᠢᠬᠠᠨ ᠬᠠᠷᠠᠭᠳᠠᠨ᠎ᠠ᠃

ᠡᠨᠡ ᠬᠦ᠌ ᠪᠦᠯᠬᠦᠮ ᠡᠩᠨᠡᠬᠡ ᠵᠢᠨ ᠲᠠᠭᠠᠭᠤᠯᠤᠭᠴᠢ ᠪᠤᠯ ᠲᠡᠭᠡᠷ᠎ᠠ ᠵᠠᠭᠤᠨ᠎ᠦ ᠶᠡᠷᠡᠭᠡᠳ ᠣᠨ᠎ᠡᠴᠡ ᠰᠡᠭᠦᠯᠡᠷ ᠲᠥᠷᠥᠭ᠌ᠰᠡᠨ ᠵᠠᠯᠠᠭᠤ ᠸᠠᠩ ᠲᠡᠭᠦᠯᠢᠨ ᠪᠣᠯᠤᠨ᠎ᠠ᠃ 2019 ᠣᠨ᠎ᠳᠤ ᠥᠪᠥᠷ ᠮᠣᠩᠭᠣᠯ᠎ᠤᠨ ᠤᠷᠠᠯᠢᠭ᠎ᠤᠨ ᠳᠡᠭᠡᠳᠦ ᠰᠤᠷᠭᠠᠭᠤᠯᠢ᠎ᠡᠴᠡ ᠲᠡᠭᠦᠰᠦᠭ᠌ᠰᠡᠨ ᠡᠨᠡ ᠵᠠᠯᠠᠭᠤ ᠬᠤᠳᠠ᠎ᠶ᠋ᠢᠨ ᠠᠮᠢᠳᠤᠷᠠᠯ᠎ᠳᠦ ᠬᠣᠷᠭᠣᠳᠠᠭ᠍ᠰᠠᠨ ᠦᠬᠡᠢ᠂ ᠬᠠᠷᠢᠨ ᠨᠤᠲᠤᠭ᠎ᠲᠠᠭᠠᠨ ᠪᠤᠴᠠᠵᠤ ᠬᠤᠪᠴᠠᠰᠤ ᠬᠤᠨᠠᠷ ᠣᠶᠣᠬᠤ ᠦᠢᠯᠡᠳᠪᠦᠷᠢ᠎ᠶ᠋ᠢᠨ ᠲᠠᠰᠤᠭ ᠪᠠᠢᠭᠤᠯᠵᠤ᠂ ᠥᠪᠡᠷ᠎ᠦᠨ ᠰᠤᠷᠤᠭ᠍ᠰᠠᠨ ᠡᠷᠳᠡᠮ ᠴᠢᠳᠠᠪᠦᠷᠢ ᠪᠡᠷ᠎ᠢᠶᠡᠨ ᠨᠤᠲᠤᠭ ᠤᠰᠤᠨ᠎ᠤ᠎ᠪᠠᠨ ᠬᠥᠭ᠌ᠵᠢᠯᠲᠡ᠎ᠳᠦ ᠬᠦᠴᠦᠨ ᠨᠡᠮᠡᠷᠢᠯᠡᠪᠡ᠃

ᠶᠠᠭᠤ ᠭᠡᠵᠦ᠍ ᠨᠤᠲᠤᠭ ᠲᠠᠭᠠᠨ ᠬᠠᠷᠢᠵᠤ ᠢᠷᠡᠭ᠌ᠰᠡᠨ ᠪᠤᠢ? ᠭᠡᠵᠦ ᠤᠯᠠᠨ ᠬᠦᠮᠦᠨ ᠲᠡᠭᠦᠨ᠎ᠡᠴᠡ ᠠᠰᠠᠭᠤᠳᠠᠭ᠃ ᠲᠡᠷᠡ ᠣᠶᠣᠳᠠᠯ᠎ᠤᠨ ᠮᠠᠱᠢᠨ᠎ᠤ ᠳᠤᠮᠳᠠᠭᠤᠷ ᠨᠠᠭᠠᠰᠢ ᠴᠠᠭᠠᠰᠢ ᠶᠠᠪᠤᠵᠦ᠍᠂ ᠬᠠᠳᠭᠤᠮᠠᠯ᠎ᠤᠨ ᠬᠡ ᠤᠭᠠᠯᠵᠠ᠎ᠶ᠋ᠢ ᠪᠠᠢᠴᠠᠭᠠᠵᠤ᠄ 《ᠤᠶᠤᠳᠠᠯ᠎ᠤᠨ ᠮᠠᠰᠢᠨ᠎ᠤ 〈ᠲᠠᠷ ᠲᠠᠷ ᠁〉 ᠭᠡᠬᠦ ᠲᠠᠭᠤᠨ᠎ᠨᠢ ᠮᠢᠨᠦ᠍ ᠰᠡᠳᠭᠢᠯ᠎ᠳᠦ ᠶᠠᠭ ᠯᠠ ᠮᠠᠯᠴᠢᠨ ᠠᠷᠠᠳ᠎ᠤᠨ ᠳᠠᠭᠤᠤ ᠱᠢᠭ᠋ ᠢᠷᠠᠭᠤ ᠰᠠᠢᠬᠠᠨ ᠰᠤᠨᠤᠰᠳᠠᠳᠠᠭ᠂ ᠲᠡᠭᠦᠨ᠎ᠦ ᠲᠤᠳᠤᠷ᠎ᠠ ᠡᠵᠢ᠎ᠶ᠋ᠢᠨ ᠮᠢᠨᠢ ᠤᠷ᠎ᠠ ᠮᠡᠷᠭᠡᠵᠢᠯ ᠪᠠᠢᠬᠤ ᠪᠥᠭᠡᠳ ᠪᠠᠰᠠ ᠡᠨᠡ ᠨᠤᠲᠤᠭ᠎ᠤᠨ ᠮᠠᠷᠲᠠᠭᠳᠠᠰᠢ ᠦᠭᠡᠢ ᠰᠠᠢ᠌ᠨ ᠰᠠᠢᠬᠠᠨ ᠳᠤᠷᠠᠰᠤᠮᠵᠢ ᠰᠢᠩᠬᠡᠵᠤ ᠪᠤᠢ᠂ ᠲᠡᠳᠡᠬᠡᠷ ᠨᠢ ᠨᠢᠬᠡ ᠬᠡᠷ ᠪᠦᠯᠢ ᠵᠢ ᠡᠷᠬᠦᠵᠤ ᠶᠠᠪᠤᠭ᠎ᠠ ᠬᠦᠴᠦᠨ ᠪᠤᠯᠵᠤ ᠬᠤᠪᠢᠷᠠᠵᠤ ᠪᠠᠢᠳᠠᠭ》 ᠭᠡᠪᠠ᠃

ᠲᠡᠭᠦᠨ᠎ᠦ ᠳᠤᠷᠠᠳᠤᠭᠰᠠᠨ ᠡᠨᠡᠬᠦ 《ᠬᠦᠴᠦᠨ》 ᠪᠣᠯ ᠦᠨᠡᠨ ᠪᠣᠳᠠᠲᠠᠢ ᠶᠤᠮ᠃ ᠲᠣᠪᠴᠢ ᠬᠠᠳᠠᠵᠤ ᠪᠠᠢᠭᠰᠠᠨ ᠪᠦᠦ ᠯᠠᠨ ᠯᠠᠨ ᠠᠵᠢᠯ᠎ᠢᠶᠠᠨ ᠰᠤᠷᠮᠠᠭᠠᠢ ᠬᠢᠬᠦ᠎ᠶᠢᠨ ᠳᠠᠭᠠᠦ᠄ 《ᠲᠠᠷᠢᠶᠠᠯᠠᠩ᠎ᠤᠨ ᠰᠡᠯᠡᠭᠦᠦ ᠴᠠᠭ ᠵᠢᠡᠷ ᠭᠡᠷ ᠡᠴᠡ ᠪᠡᠨ ᠤᠢᠷᠠᠬᠠᠨ ᠠᠵᠢᠯᠯᠠᠴᠢᠬᠠᠳᠠᠭ᠂ ᠰᠠᠯᠬᠢ ᠪᠣᠷᠣᠭᠠᠨ᠎ᠳᠤ ᠭᠤᠶᠠᠳᠠᠭᠳᠠᠵᠦ ᠨᠤᠷᠬᠤ ᠦᠭᠡᠢ᠂ ᠵᠢᠯ᠎ᠳᠦ 4 ᠲᠦᠮᠡ ᠭᠠᠷᠤᠢ ᠲᠦᠭᠦᠷᠢᠭ ᠣᠯᠣᠨ᠎ᠠ᠂ ᠪᠠᠰᠠ ᠠᠷᠤ ᠭᠡᠷ᠎ᠤᠨ ᠠᠵᠢᠯ᠎ᠢᠶᠡᠨ ᠰᠠᠭᠠᠲᠠᠭᠠᠬᠤ ᠦᠭᠡᠢ》 ᠭᠡᠵᠦ ᠢᠨᠢᠶᠡᠮᠰᠦᠭᠯᠡᠨ ᠬᠡᠯᠡᠪᠡ᠃ ᠡᠨᠡ ᠬᠦ᠌ ᠤᠶᠤᠳᠠᠯ᠎ᠤᠨ ᠭᠠᠵᠠᠷ᠎ᠲᠤ 30 ᠭᠠᠷᠤᠢ ᠠᠵᠢᠯᠴᠢᠨ᠎ᠤ ᠠᠷᠪᠠᠭᠠᠳ ᠨᠢ 《ᠶᠠᠳᠠᠭᠤ ᠬᠦᠴᠢᠷᠳᠡᠯᠲᠡᠢ ᠡᠷᠦᠬᠡ》 ᠪᠠᠢᠵᠠᠢ᠃

2019 ᠣᠨ᠎ᠳᠤ ᠬᠣᠷᠴᠢᠨ ᠵᠡᠭᠦᠨ ᠭᠠᠷᠤᠨ ᠳᠤᠮᠳᠠᠳᠤ ᠬᠣᠰᠢᠭᠤᠨ᠎ᠤ ᠣᠪᠣᠭ᠎ᠠ ᠰᠤᠮᠤ᠎ᠶᠢᠨ ᠪᠠᠶᠠᠨ ᠤᠪᠤᠭ᠎ᠠ ᠭᠠᠴᠠᠭ᠎ᠠ ᠪᠡᠭᠡᠵᠢᠩ ᠥᠪᠥᠷ ᠮᠣᠩᠭᠣᠯ᠎ᠤᠨ ᠶᠠᠳᠠᠭᠤ᠎ᠶᠢ ᠲᠡᠳᠬᠦᠬᠦ ᠪᠡᠯᠡ ᠮᠥᠩᠭᠥ 60 ᠲᠦᠮᠡᠨ ᠲᠥᠭᠥᠷᠢᠭ ᠎ᠤᠨ ᠳᠡᠭᠡᠷ᠎ᠡ ᠸᠠᠩ ᠳᠡᠭᠦᠯᠢᠨ᠎ᠦ ᠥᠪᠡᠷ᠎ᠢᠶᠡᠨ ᠴᠤᠭᠯᠠᠭᠤᠯᠤᠭᠰᠠᠨ 40 ᠲᠦᠮᠡᠨ ᠲᠥᠭᠥᠷᠢᠭ᠎ᠢ ᠨᠡᠮᠡᠭᠡᠳ᠂ ᠡᠯ᠎ᠡ ᠵᠦᠢᠯ᠎ᠦᠨ ᠳᠤᠮᠳᠠ ᠳᠡᠭᠡᠳᠦ ᠳᠡᠰ᠎ᠤᠨ ᠦᠨᠳᠦᠰᠦᠲᠡᠨ᠎ᠦ ᠬᠤᠪᠴᠠᠰᠤ ᠬᠤᠨᠠᠷ᠂ ᠮᠣᠩᠭᠣᠯ ᠦᠨᠳᠦᠰᠦᠲᠡᠨ᠎ᠦ ᠭᠠᠷ ᠤᠷᠠᠯᠠᠯ᠎ᠤᠨ ᠬᠠᠳᠬᠤᠮᠠᠯ᠂ ᠦᠨᠳᠦᠰᠦᠲᠡᠨ᠎ᠦ ᠣᠨᠴᠠᠯᠢᠭ᠍ᠲᠤ ᠣᠷᠣ᠌᠎ᠶᠢᠨ ᠬᠡᠷᠡᠭᠯᠡᠭᠡ ᠵᠢᠨ ᠡᠳ᠋ᠯᠡᠯ᠎ᠢ ᠭᠣᠣᠯᠯᠠᠨ ᠡᠵᠡᠩᠨᠡᠬᠦ ᠦᠢᠯᠡᠳᠪᠦᠷᠢ᠎ᠶᠢᠨ ᠲᠠᠰᠤᠭ ᠪᠠᠢᠭᠤᠯᠵᠤ᠂ ᠮᠠᠯᠴᠢᠨ ᠲᠠᠷᠢᠶᠠᠴᠢᠨ᠎ᠢ ᠲᠠᠢ᠍ᠢᠴᠢᠯᠠᠨ ᠶᠠᠳᠠᠭᠤ᠎ᠡᠴᠡ ᠠᠩᠭᠢᠵᠢᠷᠠᠭᠤᠯᠤᠨ ᠪᠠᠶᠠᠵᠢᠭᠤᠯᠵᠠᠢ᠃

ᠦᠢᠯᠡᠳᠪᠦᠷᠢ᠎ᠶᠢᠨ ᠲᠠᠰᠤᠭ᠎ᠤᠨ ᠦᠢᠯᠡᠳᠬᠦᠨ᠎ᠢ ᠨᠡᠩ ᠰᠠᠢᠨ ᠪᠣᠷᠣᠯᠠᠭᠤᠯᠬᠤ᠎ᠶᠢᠨ ᠲᠥᠯᠥᠭᠡ᠂ ᠸᠠᠩ ᠳᠡᠭᠦᠯᠢᠨ ᠨᠡᠯᠢᠶᠡᠳ ᠮᠤᠨᠭᠭᠠᠨᠢᠵᠠᠢ᠃ ᠲᠡᠷᠡ ᠦᠢᠯᠡᠰ ᠪᠣᠰᠬᠠᠬᠤ ᠪᠣᠯᠪᠠᠰᠤᠷᠠᠯ᠎ᠤᠨ ᠭᠠᠵᠠᠷ᠎ᠲᠤ ᠣᠴᠢᠭ᠍ᠰᠠᠨ ᠲᠡᠳᠦᠢ ᠦᠭᠡᠢ᠂ ᠪᠠᠰᠠ ᠮᠣᠩᠭᠣᠯ ᠤᠯᠤᠰ᠎ᠡᠴᠨ ᠬᠠᠳᠬᠤᠮᠠᠯ᠎ᠤᠨ ᠪᠠᠭ᠍ᠰᠢ᠎ᠵᠠᠯᠠᠵᠤ ᠠᠪᠴᠢᠷᠠᠭᠠᠳ ᠭᠠᠴᠠᠭᠠᠨ᠎ᠤ ᠤᠯᠠᠨ ᠎ᠳᠠᠭᠠᠨ ᠰᠦᠢᠳᠬᠡᠯ ᠬᠤᠷᠢᠶᠠᠬᠤ ᠦᠭᠡᠢ᠎ᠪᠡᠷ ᠪᠣᠯᠪᠠᠰᠤᠷᠠᠯ ᠬᠦᠷᠲᠡᠭᠡᠵᠡᠢ᠃ 2021 ᠣᠨ᠎ᠳᠤ ᠦᠢᠯᠡᠳᠪᠦᠷᠢ᠎ᠶᠢᠨ ᠲᠠᠰᠤᠭ ᠲᠠᠭᠠᠨ 《ᠪᠣᠳᠠᠰ᠎ᠤᠨ ᠪᠤᠰᠤ ᠰᠣᠶᠣᠯ᠎ᠤᠨ ᠥᠪ᠎ᠦᠨ ᠤᠶᠤᠳᠠᠯ᠎ᠦᠨ ᠭᠠᠵᠠᠷ》 ᠬᠡᠰᠡᠨ ᠰᠢᠨ᠎ᠡ ᠫᠠᠢᠰᠠ ᠡᠯᠭᠦᠵᠡᠢ᠃

ᠤᠶᠤᠳᠠᠯ᠎ᠤᠨ ᠭᠠᠵᠠᠷ᠎ᠤᠨ ᠦᠵᠡᠭᠦᠯᠭᠡ᠎ᠶᠢᠨ ᠲᠣᠭᠣᠷᠢᠭ᠋ ᠲᠦ᠍᠂ ᠤᠳᠤ ᠦᠶ᠎ᠡ᠎ᠶᠢᠨ ᠵᠢᠷᠤᠭ ᠲᠥᠯᠥᠪᠯᠡᠭᠡ᠎ᠶᠢ ᠠᠭᠤᠰᠤᠯᠴᠠᠭᠤᠯᠤᠭᠰᠠᠨ ᠮᠠᠰᠢ ᠤᠯᠠᠨ ᠰᠢᠨ᠎ᠡ ᠮᠠᠶᠢᠭ᠋᠎ᠤᠨ ᠮᠣᠩᠭᠣᠯ ᠲᠡᠷᠯᠢᠭ ᠬᠠᠷᠠᠭ᠎ᠠ ᠵᠢ ᠪᠤᠯᠢᠶᠠᠨ᠎ᠠ᠃ ᠸᠠᠩ ᠳᠡᠭᠦᠯᠢᠨ᠄ 《ᠪᠢᠳᠡ ᠬᠤᠪᠴᠠᠰᠤ ᠤᠶᠤᠵᠤ ᠪᠠᠢᠬᠤ᠎ᠪᠠᠷ ᠪᠠᠷᠠᠬᠤ ᠦᠭᠡᠢ ᠨᠡᠩ ᠴᠤ᠌ ᠬᠣᠷᠴᠢᠨ᠎ᠤ ᠦᠯᠢᠭᠡᠷ᠎ᠢ ᠶᠠᠷᠢᠵᠤ ᠪᠠᠢᠨ᠎ᠠ᠂ ᠡᠢᠮᠦ᠎ᠡᠴᠡ ᠪᠢᠳᠡ ᠵᠢᠷᠤᠭ ᠲᠥᠯᠥᠪᠯᠡᠭᠡ ᠬᠢᠵᠦ᠂ ᠲᠦᠷᠦᠯ ᠲᠡᠮᠳᠡᠭ ᠡᠬᠦᠳᠬᠦ ᠪᠠᠷ ᠪᠠᠷᠠᠬᠤ ᠦᠭᠡᠢ ᠪᠠᠰᠠ ᠰᠢᠭᠤᠳ ᠨᠡᠪᠲᠡᠷᠡᠭᠦᠯᠭᠡ ᠬᠢᠵᠦ᠂ ᠨᠡᠩ ᠤᠯᠠᠨ ᠬᠥᠮᠥᠰ᠎ᠲᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠰᠢᠳᠢ᠎ᠶᠢ ᠣᠢᠯᠠᠭᠠᠭᠤᠯᠵᠤ ᠪᠠᠢᠨ᠎ᠠ》 ᠭᠡᠪᠡ᠃

ᠦᠢᠯᠡᠰ ᠪᠤᠰᠬᠠᠬᠰᠠᠨ ᠵᠠᠯᠠᠭᠤ ᠵᠢᠨ ᠴᠢᠷᠮᠠᠢᠯᠭ᠎ᠠ ᠪᠡᠷ ᠤᠯᠠᠮᠵᠢᠯᠠᠯᠲᠤ ᠭᠠᠷ ᠤᠷᠠᠯᠠᠯ ᠰᠡᠷᠭᠦᠨ ᠠᠮᠢᠯᠠᠯ᠎ᠠ᠃ 《ᠪᠢᠳᠡ ᠦᠢᠯᠡᠳᠬᠦᠨ᠎ᠢᠶᠡᠨ ᠵᠢᠷᠤᠵᠤ ᠲᠥᠯᠥᠪᠯᠡᠬᠦ᠎ᠳᠡᠭᠡᠨ ᠤᠯᠠᠮᠵᠢᠯᠠᠯ᠎ᠤᠨ ᠰᠠᠭᠤᠷᠢᠨ ᠲᠡᠭᠡᠷ᠎ᠠ ᠴᠠᠭ᠎ᠤᠨ ᠥᠩᠭᠡ᠎ᠶᠢ ᠳᠠᠭᠠᠭᠰᠠᠨ ᠡᠯᠧᠮᠧᠨ᠋ᠲ ᠨᠡᠮᠡᠬᠦ᠎ᠶᠢ ᠴᠢᠬᠤᠯᠠᠴᠢᠯᠠᠵᠤ ᠂ ᠭᠤᠤᠯᠳᠠᠭᠤ ᠵᠠᠯᠠᠭᠤ ᠬᠡᠷᠡᠭᠯᠡᠭᠴᠢᠳ ᠲᠦ᠍ ᠬᠠᠨᠳᠤᠭᠤᠯᠵᠤ ᠪᠠᠢᠨ᠎ᠠ》᠃ ᠲᠡᠷᠡ ᠰᠦᠯᠵᠢᠶᠡᠨ᠎ᠦ ᠬᠤᠪᠢ᠎ᠶᠢᠨ ᠵᠠᠭᠤᠴᠢᠯᠠᠭᠤᠷ᠎ᠤᠨ ᠲᠠᠪᠴᠠᠩ᠎ᠳᠤ ᠺᠣᠮᠫᠠᠨᠢ᠎ᠪᠠᠨ ᠳᠠᠨᠭᠰᠠᠯᠠᠭᠤᠯᠵᠤ᠂ ᠣᠬᠣᠷᠬᠠᠨ ᠬᠡᠳᠦᠨ ᠵᠢᠯ᠎ᠦᠨ ᠬᠤᠭᠤᠴᠠᠭᠠᠨ᠎ᠳᠤ 4 ᠲᠦᠮᠡᠨ ᠬᠦᠷᠢᠶᠡᠯᠡᠭᠴᠢ ᠲᠡᠢ ᠪᠤᠯᠵᠤ᠂ ᠦᠢᠯᠡᠳᠬᠦᠨ᠎ᠢᠶᠡᠨ ᠰᠢᠨᠵᠢᠶᠠᠩ᠂ ᠬᠥᠬᠡᠨᠠᠭᠤᠷ ᠵᠡᠷᠭᠡ ᠤᠯᠠᠨ ᠭᠠᠵᠠᠷ ᠣᠷᠣᠨ᠎ᠳᠤ ᠪᠣᠷᠣᠯᠠᠭᠤᠯᠵᠤ᠂ ᠵᠢᠯ᠎ᠦᠨ ᠪᠣᠷᠤᠯᠠᠭᠤᠯᠭ᠎ᠠ᠎ᠶᠢᠨ ᠬᠡᠮᠵᠢᠶ᠎ᠡ ᠨᠢ 300 ᠲᠦᠮᠡᠨ ᠬᠤᠪᠢ᠎ᠶᠢ ᠳᠠᠪᠠᠵᠤ᠂ ᠦᠢᠯᠡᠳᠪᠦᠷᠢ᠎ᠶᠢᠨ ᠲᠠᠰᠤᠭ᠎ᠤᠨ ᠠᠵᠢᠯᠴᠢᠳ᠎ᠤᠨ ᠬᠥᠮᠥᠨ ᠳᠤᠮᠳᠠᠴᠢ᠎ᠶᠢᠨ ᠵᠢᠯ᠎ᠦᠨ ᠣᠷᠣᠯᠭ᠎ᠠ᠎ᠶᠢᠨ ᠨᠡᠮᠡᠭᠳᠡᠯ᠎ᠢ ᠲᠠᠢ᠍ᠢᠴᠢᠯᠠᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号