ᠤᠳᠠᠭ᠎ᠠ ᠪᠦᠷᠢ 1000 ᠲᠥᠭᠥᠷᠢᠭ᠎ᠡᠴᠡ ᠳᠣᠣᠷ᠎ᠠ ᠪᠠᠢᠪᠠᠯ ᠨᠡᠮᠡᠭᠳᠡᠯ ᠥᠷᠲᠡᠭ᠎ᠦᠨ ᠭᠠᠢᠯᠢ ᠲᠤᠰᠢᠶᠠᠬᠤ ᠬᠡᠷᠡᠭ ᠦᠭᠡᠢ
2026-02-03 16:56:08
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠤᠷᠪᠤᠯᠵᠢᠯᠠᠭ᠍ᠴᠢ 2 ᠰᠠᠷ᠎ᠠ᠎ᠶᠢᠨ 1᠎ᠦ ᠡᠳᠦᠷ ᠤᠯᠤᠰ᠎ᠤᠨ ᠭᠠᠢᠯᠢ᠎ᠶᠢᠨ ᠶᠠᠪᠤᠳᠠᠯ᠎ᠤᠨ ᠶᠡᠷᠦᠩᠬᠡᠢ ᠲᠣᠪᠴᠢᠶ᠎ᠠ᠎ᠡᠴᠠ ᠣᠢᠯᠠᠭᠠᠭᠰᠠᠨ᠎ᠢᠶᠠᠷ᠂ ᠤᠯᠤᠰ᠎ᠤᠨ ᠭᠠᠢᠯᠢ᠎ᠶᠢᠨ ᠶᠠᠪᠤᠳᠠᠯ᠎ᠤᠨ ᠶᠡᠷᠦᠩᠬᠡᠢ ᠲᠣᠪᠴᠢᠶ᠎ᠠ 《ᠡᠬᠢᠯᠡᠵᠦ ᠲᠠᠲᠠᠪᠤᠷᠢᠯᠠᠬᠤ ᠴᠡᠭ᠎ᠦᠨ ᠪᠠᠷᠢᠮᠵᠢᠶ᠎ᠠ ᠵᠡᠷᠭᠡ ᠨᠡᠮᠡᠭᠳᠡᠯ ᠥᠷᠲᠡᠭ᠎ᠦᠨ ᠭᠠᠢᠯᠢ᠎ᠶᠢᠨ ᠲᠠᠲᠠᠪᠤᠷᠢᠯᠠᠨ ᠬᠠᠮᠢᠶᠠᠷᠬᠤ ᠵᠦᠢᠯᠡᠰ᠎ᠦᠨ ᠲᠤᠬᠠᠢ ᠠᠯᠪᠠᠨ ᠵᠠᠷᠯᠠᠯ》 ᠲᠠᠷᠬᠠᠭᠠᠵᠤ᠂ ᠡᠬᠢᠯᠡᠵᠦ ᠲᠠᠲᠠᠪᠤᠷᠢᠯᠠᠬᠤ ᠴᠡᠭ᠎ᠦᠨ ᠪᠠᠷᠢᠮᠵᠢᠶ᠎ᠠ᠎ᠶᠢ ᠮᠠᠭᠠᠳᠯᠠᠨ ᠲᠣᠭᠲᠠᠭᠠᠬᠤ᠂ ᠭᠠᠢᠯᠢ ᠲᠠᠲᠠᠪᠤᠷᠢ᠎ᠶᠢᠨ ᠬᠠᠷᠠᠭᠠᠯᠵᠠᠯ᠎ᠤᠨ ᠲᠥᠷᠥ᠎ᠶᠢᠨ ᠪᠣᠳᠣᠯᠭ᠎ᠠ᠎ᠶᠢ ᠬᠡᠷᠡᠭᠯᠡᠬᠦ ᠵᠡᠷᠭᠡ ᠨᠡᠮᠡᠭᠳᠡᠯ ᠥᠷᠲᠡᠭ᠎ᠦᠨ ᠭᠠᠢᠯᠢ᠎ᠶᠢᠨ ᠲᠠᠲᠠᠪᠤᠷᠢᠯᠠᠨ ᠬᠠᠮᠢᠶᠠᠷᠬᠤ ᠵᠦᠢᠯᠡᠰ᠎ᠦᠨ ᠲᠤᠬᠠᠢ ᠱᠠᠭᠠᠷᠳᠠᠯᠭ᠎ᠠ᠎ᠶᠢ ᠴᠢᠨᠠᠭᠰᠢᠳᠠ ᠨᠠᠷᠢᠯᠢᠭ᠍ᠵᠢᠭᠤᠯᠵᠤ᠂ ᠨᠡᠮᠡᠭᠳᠡᠯ ᠥᠷᠲᠡᠭ᠎ᠦᠨ ᠭᠠᠢᠯᠢ᠎ᠶᠢᠨ ᠬᠠᠤᠯᠢ ᠵᠢᠴᠢ ᠬᠡᠷᠡᠭᠵᠢᠭᠦᠯᠬᠦ ᠳᠦᠷᠢᠮ᠎ᠢ ᠨᠠᠢᠳᠠᠪᠤᠷᠢᠵᠢᠭᠤᠯᠬᠤ᠎ᠶᠢ ᠠᠬᠢᠭᠤᠯᠪᠠ᠃

ᠲᠣᠰ ᠠᠯᠪᠠᠨ ᠵᠠᠷᠯᠠᠯ ᠨᠢ ᠬᠤᠪᠢ ᠬᠥᠮᠥᠨ᠎ᠦ ᠨᠡᠮᠡᠭᠳᠡᠯ ᠥᠷᠲᠡᠭ᠎ᠦᠨ ᠭᠠᠢᠯᠢ᠎ᠶᠢᠨ ᠡᠬᠢᠯᠡᠵᠦ ᠲᠠᠲᠠᠪᠤᠷᠢᠯᠠᠬᠤ ᠪᠠᠷᠢᠮᠵᠢᠶ᠎ᠠ᠎ᠶᠢ ᠮᠠᠭᠠᠳᠯᠠᠨ ᠲᠣᠭᠲᠠᠭᠠᠬᠤ ᠨᠠᠷᠢᠨ ᠳᠦᠷᠢᠮ᠎ᠢ ᠴᠢᠨᠠᠭᠰᠢᠳᠠ ᠲᠣᠬᠢᠷᠠᠭᠤᠯᠤᠨ ᠰᠢᠯᠢᠳᠡᠭᠵᠢᠭᠦᠯᠵᠦ᠂ ᠡᠨᠡ ᠵᠢᠯ᠎ᠡᠴᠡ ᠡᠬᠢᠯᠡᠨ᠂ ᠤᠳᠠᠭ᠎ᠠ ᠪᠦᠷᠢ᠎ᠶᠢᠨ ᠭᠠᠢᠯᠢ ᠡᠬᠢᠯᠡᠵᠦ ᠲᠠᠲᠠᠪᠤᠷᠢᠯᠠᠬᠤ ᠪᠠᠷᠢᠮᠵᠢᠶ᠎ᠠ᠎ᠶᠢ ᠤᠳᠠᠭ᠎ᠠ (ᠡᠳᠦᠷ) ᠪᠦᠷᠢ᠎ᠶᠢᠨ ᠪᠣᠷᠣᠯᠠᠭᠤᠯᠤᠯᠲᠠ᠎ᠶᠢᠨ ᠬᠡᠮᠵᠢᠶ᠎ᠡ ᠵᠢ 500 ᠲᠥᠭᠥᠷᠢᠭ ᠪᠠᠢᠭᠰᠠᠨ᠎ᠡᠴᠠ 1000 ᠲᠥᠭᠥᠷᠢᠭ ᠪᠣᠯᠲᠠᠯ᠎ᠠ ᠳᠡᠭᠡᠭᠰᠢᠯᠡᠭᠦᠯᠦᠨ᠎ᠡ; ᠬᠤᠪᠢ ᠬᠥᠮᠥᠨ ᠥᠯᠥ ᠬᠥᠳᠡᠯᠬᠦ ᠬᠥᠷᠥᠩᠭᠡ᠎ᠪᠡᠨ ᠲᠦᠷᠢᠶᠡᠰᠦᠯᠡᠭᠦᠯᠬᠦ᠂ 《ᠡᠰᠡᠷᠭᠦ ᠴᠢᠭᠯᠡᠯ᠎ᠢᠶᠡᠷ ᠪᠠᠷᠢᠮᠲᠠ ᠬᠢᠵᠦ》  ᠪᠠᠢᠭᠠᠳ ᠬᠡᠷᠡᠭᠯᠡᠭᠡᠨ᠎ᠡᠴᠡ ᠭᠠᠷᠭᠠᠭᠰᠠᠨ ᠦᠢᠯᠡᠳᠬᠦᠨ᠎ᠢᠶᠡᠨ ᠪᠣᠷᠣᠯᠠᠭᠤᠯᠬᠤ ᠵᠡᠷᠭᠡ 6 ᠵᠦᠢᠯ᠎ᠦᠨ ᠣᠨᠴᠠᠭᠠᠶ ᠪᠠᠢᠳᠠᠯ ᠭᠠᠷᠪᠠᠯ᠂ ᠤᠳᠠᠭ᠎ᠠ᠎ᠪᠠᠷ ᠪᠠᠷᠢᠮᠵᠢᠶ᠎ᠠ ᠪᠤᠯᠭᠠᠭᠰᠠᠨ 1000 ᠲᠥᠭᠥᠷᠢᠭ᠎ᠦᠨ ᠡᠬᠢᠯᠡᠵᠦ ᠲᠠᠲᠠᠪᠤᠷᠢᠯᠠᠬᠤ ᠪᠠᠷᠢᠮᠵᠢᠶ᠎ᠠ᠎ᠶᠢ ᠳᠠᠭᠢᠵᠤ ᠬᠡᠷᠡᠭᠯᠡᠬᠦ ᠦᠭᠡᠢ᠂ ᠬᠠᠷᠢᠨ ᠬᠤᠭᠤᠴᠠᠭ᠎ᠠ ᠶᠣᠰᠣᠭᠠᠷ ᠭᠠᠢᠯᠢ ᠲᠤᠰᠢᠶᠠᠵᠦ᠂ ᠰᠠᠷ᠎ᠠ᠎ᠶᠢᠨ ᠪᠣᠷᠣᠯᠠᠭᠤᠯᠤᠯᠲᠠ᠎ᠶᠢᠨ ᠬᠡᠮᠵᠢᠶ᠎ᠡ ᠵᠢᠨ 10 ᠲᠦᠮᠡᠨ ᠲᠥᠭᠥᠷᠢᠭ᠎ᠦᠨ ᠡᠬᠢᠯᠡᠵᠦ ᠲᠠᠲᠠᠪᠤᠷᠢᠯᠠᠬᠤ ᠪᠠᠷᠢᠮᠵᠢᠶ᠎ᠠ ᠎ᠶᠢ ᠰᠢᠭᠤᠳ ᠬᠡᠷᠡᠭᠯᠡᠨ᠎ᠡ ᠭᠡᠵᠦ ᠲᠣᠳᠣᠷᠬᠠᠢ ᠲᠣᠭᠲᠠᠭᠠᠵᠠᠢ᠃

ᠲᠤᠰ ᠠᠯᠪᠠᠨ ᠵᠠᠷᠯᠠᠯ᠎ᠳᠤ ᠪᠠᠰᠠ ᠪᠠᠭ᠎ᠠ ᠬᠡᠪᠴᠢᠶᠡᠨ᠎ᠦ ᠭᠠᠢᠯᠢ ᠲᠤᠰᠢᠶᠠᠭ᠍ᠴᠢ ᠭᠠᠢᠯᠢ ᠬᠠᠰᠤᠵᠤ ᠬᠡᠯᠲᠦᠷᠢᠭᠦᠯᠬᠦ ᠬᠠᠷᠠᠭᠠᠯᠵᠠᠯ᠎ᠢ ᠠᠮᠢᠳᠤᠯᠢᠭ᠋᠎ᠢᠶᠠᠷ ᠭᠥᠷᠳᠡᠨ᠎ᠡ ᠭᠡᠵᠡᠢ᠃ ᠪᠠᠭ᠎ᠠ ᠬᠡᠪᠴᠢᠶᠡᠨ᠎ᠦ ᠭᠠᠢᠯᠢ ᠲᠤᠰᠢᠶᠠᠭ᠍ᠴᠢ᠎ᠡᠷᠭᠡᠪᠰᠢ ᠭᠠᠢᠯᠢ ᠲᠤᠰᠢᠶᠠᠬᠤ ᠠᠷᠠᠯᠵᠢᠶ᠎ᠠ ᠬᠢᠭᠰᠡᠨ ᠮᠦᠷᠲᠡᠭᠡᠨ ᠪᠣᠷᠣᠯᠠᠭᠤᠯᠤᠯᠲᠠ᠎ᠶᠢᠨ ᠲᠣᠭ᠎ᠠ ᠨᠢ ᠡᠬᠢᠯᠡᠵᠦ ᠲᠠᠲᠠᠪᠤᠷᠢᠯᠠᠬᠤ ᠪᠠᠷᠢᠮᠵᠢᠶ᠎ᠠ᠎ᠳᠤ ᠭᠦᠷᠦᠭᠰᠡᠨ ᠦᠭᠡᠢ ᠪᠠᠢᠪᠠᠯ᠂ ᠭᠠᠢᠯᠢ ᠲᠤᠰᠢᠶᠠᠬᠤ ᠪᠥᠬᠥ ᠠᠷᠠᠯᠵᠢᠶ᠎ᠠ ᠪᠤᠶᠤ ᠬᠡᠰᠡᠭ ᠠᠷᠠᠯᠵᠢᠶ᠎ᠠ᠎ᠶᠢ ᠰᠣᠩᠭᠣᠵᠤ ᠭᠠᠢᠯᠢ ᠬᠡᠯᠲᠦᠷᠢᠭᠦᠯᠬᠦ ᠦᠭᠡᠢ ᠪᠠᠢᠬᠤ᠎ᠶᠢᠨ ᠬᠠᠮᠲᠤ ᠨᠡᠮᠡᠭᠳᠡᠯ ᠥᠷᠲᠡᠭ᠎ᠦᠨ ᠭᠠᠢᠯᠢ᠎ᠶᠢᠨ ᠲᠤᠰᠬᠠᠢ ᠪᠠᠷᠢᠮᠲᠠ ᠬᠢᠵᠦ ᠥᠭᠴᠦ ᠪᠣᠯᠣᠨ᠎ᠠ᠃

ᠢᠷᠡᠯᠲᠡ᠄  ᠰᠢᠨᠬᠤᠸᠠ ᠬᠣᠷᠢᠶ᠎ᠠ 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号