ᠡᠪᠦᠯ᠎ᠤᠨ ᠠᠮᠠᠷᠠᠯᠲᠠ᠎ᠶ᠋ᠢᠨ ᠥᠷᠯᠥᠭᠡ᠎ᠪᠠᠷ᠂ ᠬᠥᠬᠡᠬᠤᠲᠠ᠎ᠶ᠋ᠢᠨ ᠬᠤᠲᠣᠩ ᠠᠷᠠᠳ᠎ᠤᠨ ᠲᠣᠭᠤᠷᠢᠭ᠎ᠤᠨ ᠭᠤᠸᠠᠩ ᠮᠢᠩ ᠵᠡᠭᠡᠯᠢ ᠭᠤᠳᠤᠮᠵᠢ᠎ᠶ᠋ᠢᠨ ᠬᠡᠷᠡᠭ ᠡᠷᠬᠢᠯᠡᠬᠦ᠌ ᠭᠠᠵᠠᠷ᠎ᠤᠨ ᠶᠠᠩ ᠭᠤᠸᠠᠩ ᠨᠡᠢᠭᠡᠮ ᠲᠣᠭᠤᠷᠢᠭ ᠤᠨ ᠠᠵᠢᠯᠯᠠᠭ᠎ᠠ ᠵᠢᠨ ᠭᠡᠷ᠎ᠲᠤ ᠠᠭᠠᠵᠢᠮ᠎ᠢᠶᠠᠷ ᠬᠦᠷ ᠬᠥᠭ᠌ᠵᠢᠶᠡᠨ ᠲᠠᠢ ᠪᠤᠯᠤᠯ᠎ᠠ᠃ ᠬᠡᠦᠬᠡᠳ᠎ᠤᠳ ᠪᠢᠴᠢᠭ᠎ᠤᠨ ᠪᠣᠭ᠍ᠴᠣ ᠪᠠᠨ ᠡᠭᠦᠷ᠎ᠦᠨ ᠢᠷᠡᠵᠡᠭᠡᠵᠦ᠍᠂ ᠰᠠᠢᠨ ᠳᠤᠷᠠᠴᠤᠳ᠎ᠤᠨ ᠳᠠᠭᠠᠭᠤᠯᠭ᠎ᠠ᠎ᠪᠠᠷ ᠤᠷᠤ ᠤᠷᠤᠨ ᠳᠠᠭᠠᠨ ᠰᠠᠭᠤᠨ ᠨᠠᠮ ᠵᠢᠮ ᠳᠠᠰᠭᠠᠯ᠎ᠢᠶᠠᠨ ᠬᠢᠨ᠎ᠡ᠃ 《ᠡᠪ ᠬᠠᠮᠲᠤ ᠵᠠᠯᠠᠭᠤᠴᠤᠳ ᠤᠨ ᠡᠪᠯᠡᠯ ᠤᠨ ᠬᠠᠨᠢᠲᠠᠨ᠎ᠤ ᠲᠥᠯᠥᠪᠯᠡᠭᠡ》᠎ᠶ᠋ᠢᠨ ᠬᠠᠢᠷ᠎ᠠ ᠬᠠᠯᠠᠮᠵᠢᠲᠤ ᠨᠠᠢᠳᠠᠨ ᠬᠠᠮᠢᠶᠠᠷᠤᠭᠤᠯᠬᠤ ᠦᠢᠯᠡᠴᠢᠯᠡᠭᠡᠨ ᠤ ᠴᠡᠭ ᠤᠨ ᠨᠢᠭᠡ ᠪᠣᠯᠣᠭ᠍ᠰᠠᠨ᠎ᠤ ᠬᠤᠪᠢ᠎ᠳᠤ᠂ ᠠᠳᠡᠬᠢ ᠬᠠᠯᠠᠭᠤᠨ ᠳᠤᠯᠠᠭᠠᠨ ᠠᠭᠤᠷ ᠠᠮᠢᠰᠬᠤᠯ ᠨᠢ ᠨᠡᠢᠲᠡ᠎ᠶ᠋ᠢᠨ ᠠᠰᠠᠷᠠᠮᠵᠢ ᠶ᠋ᠢᠨ ᠲᠥᠷᠥᠯ ᠵᠦᠢᠯ ᠤᠨ ᠠᠷᠠᠳ ᠤᠨ ᠰᠡᠳᠭᠢᠯ ᠢ ᠲᠤᠯᠠᠭᠠᠴᠠᠭᠤᠯᠤᠭᠰᠠᠨ ᠠᠮᠢᠳᠤᠯᠢᠭ ᠵᠢᠱ᠌ᠢᠶ᠎ᠡ ᠪᠤᠯᠵᠠᠢ᠃
ᠲᠤᠰ ᠤᠳᠠᠭᠠᠨ᠎ᠤ ᠨᠠᠢᠳᠠᠨ ᠬᠠᠮᠢᠶᠠᠷᠬᠤ ᠦᠢᠯᠡᠴᠢᠯᠡᠭᠡ᠎ᠶ᠋ᠢ ᠥᠪᠡᠷᠲᠡᠭᠡᠨ ᠵᠠᠰᠠᠬᠤ ᠣᠷᠣᠨ᠎ᠤ ᠡᠪᠯᠡᠯ᠎ᠤᠨ ᠬᠤᠷᠢᠶ᠎ᠠ᠎ᠠᠴᠠ ᠡᠬᠢᠯᠡᠭᠦᠯᠵᠦ᠍᠂ ᠪᠥᠬᠦ᠌ ᠣᠷᠣᠨ᠎ᠳᠤ ᠨᠡᠢᠲᠡ 100 ᠭᠠᠷᠤᠶ ᠦᠢᠯᠡᠴᠢᠯᠡᠭᠡᠨ᠎ᠤ ᠴᠡᠭ ᠲᠣᠬᠢᠷᠠᠭᠤᠯᠵᠠᠢ᠃ ᠡᠭᠦᠨ᠎ᠳᠤ᠂ ᠬᠥᠬᠡᠬᠤᠲᠠ᠎ᠳᠤ ᠥᠪᠡᠷᠲᠡᠭᠡᠨ ᠵᠠᠰᠠᠬᠤ ᠣᠷᠣᠨ᠎ᠤ ᠱᠠᠲᠤᠨ᠎ᠳᠤ 4 ᠵᠢᠱ᠌ᠢᠶ᠎ᠡ ᠦᠵᠡᠭᠦᠯᠬᠦ᠌ ᠴᠡᠭ᠎ᠲᠠᠢ᠂ ᠭᠤᠣᠯᠳᠠᠭᠤ ᠱᠢᠨ᠎ᠡ᠎ᠪᠠᠷ ᠠᠵᠢᠯ ᠤᠯᠤᠭᠰᠠᠨ ᠭᠡᠷ ᠪᠦᠯᠢ᠎ᠶ᠋ᠢᠨ 6 ᠨᠠᠰᠤ ᠡᠴᠡ 12 ᠨᠠᠰᠤᠨ᠎ᠤ ᠬᠡᠦᠬᠡᠳ᠎ᠲᠤ ᠦᠨ᠎ᠡ ᠲᠥᠯᠥᠪᠦᠷᠢ ᠦᠭᠡᠢ᠎ᠪᠠᠷ ᠠᠮᠠᠷᠠᠯᠲᠠ᠎ᠶ᠋ᠢᠨ ᠬᠤᠭᠤᠴᠠᠭᠠᠨ ᠤ ᠨᠠᠢᠳᠠᠨ ᠬᠠᠮᠢᠶᠠᠷᠬᠤ ᠦᠢᠯᠡᠴᠢᠯᠡᠭᠡ᠎ᠶ᠋ᠢ ᠬᠠᠨᠭᠭᠠᠵᠤ ᠪᠠᠢᠨ᠎ᠠ᠃

ᠪᠠᠭᠰᠢ ᠡᠴᠨ ᠵᠢᠯᠤᠭᠤᠳᠤᠨ ᠲᠤᠷᠰᠢᠯᠳᠠ ᠬᠢᠨ᠎ᠠ
ᠬᠠᠮᠢᠶ᠎ᠠ ᠪᠥᠬᠦᠶ ᠬᠠᠷᠢᠭᠤᠴᠠᠯᠭᠠᠲᠠᠨ ᠤ ᠲᠠᠨᠢᠯᠴᠠᠭᠤᠯᠤᠭ᠍ᠰᠠᠨ᠎ᠢᠶᠠᠷ᠂ ᠡᠪᠯᠡᠯ᠎ᠤᠨ ᠬᠤᠷᠢᠶ᠎ᠠ ᠡᠴᠡ ᠬᠢᠴᠢᠶᠡᠯ ᠤᠨ ᠬᠥᠲᠥᠯᠪᠦᠷᠢ ᠬᠠᠩᠭᠠᠭ᠍ᠰᠠᠨ ᠰᠠᠭᠤᠷᠢᠨ ᠳᠡᠭᠡᠷ᠎ᠡ᠂ ᠥᠪᠡᠷᠮᠢᠴᠡ ᠣᠨᠴᠠᠯᠢᠭ᠎ᠲᠠᠢ ᠬᠢᠴᠢᠶᠡᠯ ᠲᠣᠬᠢᠷᠠᠭᠤᠯᠵᠤ᠂ ᠳᠠᠰᠭᠠᠯ ᠳᠠᠭᠠᠭᠠᠯᠭᠠᠪᠤᠷᠢ᠎ᠶ᠋ᠢᠨ ᠵᠢᠯᠤᠭᠤᠳᠤᠯᠭ᠎ᠠ ᠬᠠᠩᠭᠠᠬᠤ᠎ᠠᠴᠠ ᠭᠠᠳᠠᠨ᠎ᠠ᠂ ᠪᠠᠰᠠ ᠦᠵᠡᠯ ᠰᠠᠨᠠᠭᠠᠨ᠎ᠤ ᠵᠢᠯᠣᠭᠤᠳᠤᠮᠵᠢ᠂ ᠦᠨᠳᠦᠰᠦᠲᠡᠨ᠎ᠤ ᠪᠦᠯᠬᠦᠮᠳᠡᠯ᠂ ᠠᠮᠤᠷ ᠲᠦᠪᠱᠢᠨ᠎ᠤ ᠬᠥᠮᠦᠵᠢᠯ᠂ ᠤᠷᠠᠯᠢᠭ᠂ ᠪᠡᠶ᠎ᠡ᠎ᠶ᠋ᠢᠨ ᠲᠠᠮᠢᠷ ᠵᠡᠷᠭᠡ ᠪᠠᠶᠠᠯᠢᠭ ᠠᠭᠤᠯᠭ᠎ᠠ᠎ᠶ᠋ᠢ ᠬᠠᠮᠤᠷᠴᠤ᠌᠂ ᠰᠦᠢᠳᠭᠡᠯ ᠲᠤᠰᠢᠶᠠᠬᠤ ᠴᠢᠬᠤᠯᠠ ᠦᠭᠡᠢ ᠮᠦᠷᠲᠡᠭᠡᠨ ᠴᠡᠭ ᠪᠣᠯᠭᠠᠨ᠎ᠢ ᠪᠦᠷ ᠰᠠᠢᠨ ᠳᠤᠷᠠᠴᠣᠣᠯ ᠬᠢᠭᠡᠳ ᠲᠤᠰᠭᠠᠶ ᠮᠡᠷᠭᠡᠵᠢᠯ᠎ᠤᠨ ᠪᠠᠭ᠍ᠰᠢ ᠨᠠᠷ ᠡᠴᠡ ᠪᠦᠷᠢᠨ ᠬᠠᠷᠢᠭᠤᠴᠠᠬᠤ ᠪᠤᠯᠤᠨ᠎ᠠ᠃

ᠰᠠᠢᠨ ᠲᠤᠷᠠᠴᠤᠳ ᠡᠴᠨ ᠬᠡᠤᠬᠡᠳ᠎ᠤᠳ᠎ᠢ ᠲᠤᠳᠤᠮᠳᠠᠨ ᠲᠠᠰᠬᠠᠯ ᠬᠢᠯᠬᠡᠨ᠎ᠠ

ᠰᠠᠢᠨ ᠲᠤᠷᠠᠴᠤᠳ ᠡᠴᠨ ᠬᠡᠤᠬᠡᠳ᠎ᠤᠳ ᠲᠠᠢ ᠬᠠᠮᠳᠤ ᠲᠤᠭᠯᠠᠨ᠎ᠠ

ᠰᠡᠳᠬᠢᠴᠡ ᠵᠦᠢ ᠵᠢᠨ ᠬᠢᠴᠢᠶᠠᠯ ᠤᠷᠤᠨ᠎ᠠ

ᠪᠠᠭᠰᠢ ᠰᠤᠷᠤᠭᠴᠢ ᠬᠠᠮᠳᠤ ᠪᠠᠷ ᠰᠢᠷᠤᠢ ᠵᠢᠨ ᠵᠢᠷᠤᠭ ᠵᠢᠷᠤᠨ᠎ᠠ
ᠡᠯ᠎ᠡ ᠵᠦᠢᠯ᠎ᠤᠨ ᠤᠬᠠᠭᠤᠯᠭ᠎ᠠ ᠪᠡᠷ ᠳᠠᠮᠵᠢᠨ᠂ ᠨᠡᠯᠢᠶᠡᠳ ᠤᠯᠠᠨ ᠬᠡᠷ᠎ᠤᠨ ᠠᠬᠠᠮᠠᠳ ᠬᠡᠤᠬᠡᠳ ᠲᠡᠭᠡᠨ ᠨᠡᠷ᠎ᠡ ᠮᠡᠳᠡᠭᠦᠯᠦᠭ᠌ᠰᠡᠨ ᠪᠠᠢᠨ᠎ᠠ᠃ 《ᠪᠢᠳᠡᠨ᠎ᠤ ᠠᠵᠢᠯ᠎ᠤᠨ ᠴᠠᠭ ᠲᠣᠭ᠍ᠲᠠᠪᠤᠷᠢ ᠦᠭᠡᠢ᠂ ᠶᠠᠭᠠᠷᠠᠪᠠᠯ ᠬᠡᠦᠬᠡᠳ᠎ᠢᠶᠠᠨ ᠬᠠᠮᠢᠶᠠᠷᠴᠤ᠌ ᠳᠡᠢᠯᠬᠦ᠌ ᠦᠭᠡᠢ᠃ ᠬᠡᠦᠬᠡᠳ ᠠᠳᠡ ᠢᠷᠡᠪᠡᠯ ᠰᠤᠷᠤᠯᠭ᠎ᠠ ᠵᠢ ᠨᠢ ᠵᠢᠭᠠᠨ ᠵᠢᠯᠤᠭᠤᠳᠬᠤ ᠬᠥᠮᠦᠨ ᠪᠠᠢᠬᠤ᠎ᠪᠠᠷ ᠪᠠᠷᠠᠬᠤ ᠦᠭᠡᠢ᠂ ᠳᠠᠰᠭᠠᠯ ᠳᠠᠭᠠᠭᠠᠯᠭᠠᠪᠤᠷᠢ᠎ᠪᠠᠨ ᠴᠦ᠍ ᠪᠡᠶᠡᠯᠡᠭᠦᠯᠴᠢᠭᠡᠨᠡ᠂ ᠠᠳᠡᠬᠢ ᠬᠢᠴᠢᠶᠡᠯ᠎ᠤᠨ ᠠᠭᠤᠯᠭ᠎ᠠ ᠡᠯᠪᠡᠭ ᠪᠠᠶᠠᠯᠢᠭ᠂ ᠲᠡᠷᠡ ᠮᠦᠷᠳᠡᠭᠡᠨ ᠰᠦᠢᠳᠭᠡᠯ ᠬᠤᠷᠢᠶᠠᠬᠤ ᠦᠭᠡᠢ ᠪᠣᠯᠬᠤᠷ ᠭᠡᠷ᠎ᠤᠨ ᠠᠬᠠᠮᠠᠳ ᠲᠤ᠌ ᠮᠠᠰᠢ ᠶᠡᠬᠡ ᠲᠦᠭᠦᠮ ᠦᠵᠡᠭᠦᠯᠦᠭᠰᠡᠨ ᠪᠠᠢᠨ᠎ᠠ》 ᠭᠡᠵᠦ᠍ ᠭᠡᠷ᠎ᠤᠨ ᠠᠬᠠᠮᠠᠳ ᠯᠢᠦ ᠠᠪᠠᠭ᠍ᠠᠢ ᠪᠠᠶᠠᠷᠲᠠᠢᠬᠠᠨ ᠶᠠᠷᠢᠯ᠎ᠠ᠃