ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠲᠡᠷᠢᠭᠦᠯᠡᠭ᠌ᠴᠢᠳ᠎ᠦᠨ ᠪᠦᠯᠬᠦᠮ ᠠᠩᠬᠠᠳᠤᠭᠠᠷ ᠤᠳᠠᠭ᠎ᠠ ᠵᠢᠨ ᠬᠤᠷᠠᠯ ᠬᠢᠵᠠᠢ
2026-02-04 09:58:00
ᠵᠣᠬᠢᠶᠠᠭ᠍ᠴᠢ᠄
ᠰᠦᠩ ᠱᠤᠸᠠᠩ
ᠣᠩᠱᠢᠭ᠍ᠰᠠᠨ ᠣᠳᠠᠭ᠎ᠠ᠄
★★★☆☆

ᠸᠠᠩ ᠸᠧᠶ ᠵᠥᠩ ᠬᠤᠷᠠᠯ᠎ᠢ ᠡᠷᠭᠢᠯᠡᠪᠡ


2 ᠰᠠᠷ᠎ᠠ᠎ᠶ᠋ᠢᠨ 3᠎ᠤ᠋ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠲᠡᠷᠢᠭᠦᠯᠡᠭ᠌ᠴᠢᠳ᠎ᠦᠨ ᠪᠦᠯᠬᠦᠮ ᠠᠩᠬᠠᠳᠤᠭᠠᠷ ᠤᠳᠠᠭ᠎ᠠ ᠵᠢᠨ ᠬᠤᠷᠠᠯ ᠬᠢᠪᠠ᠃

ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠲᠡᠷᠢᠭᠦᠯᠡᠭ᠌ᠴᠢᠳ᠎ᠦᠨ ᠪᠦᠯᠬᠦᠮ᠎ᠦᠨ ᠪᠦᠷᠢᠯᠳᠦᠬᠦᠨ 61 ᠬᠥᠮᠦᠨ ᠪᠣᠶ᠂ ᠲᠣᠰ ᠤᠳᠠᠭ᠎ᠠ᠎ᠶ᠋ᠢᠨ ᠬᠤᠷᠠᠯ᠎ᠳᠤ 60 ᠬᠥᠮᠦᠨ ᠣᠷᠣᠯᠴᠠᠵᠤ᠂ ᠬᠠᠤᠯᠢ᠎ᠳᠤ ᠲᠣᠭ᠍ᠲᠠᠭᠠᠭ᠍ᠰᠠᠨ ᠬᠥᠮᠦᠨ᠎ᠦ ᠲᠣᠭ᠎ᠠ᠎ᠳᠤ ᠨᠡᠢᠴᠡᠪᠡ᠃

ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠱᠦᠵᠢ᠂ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶ᠋ᠢᠨ ᠬᠤᠷᠢᠶ᠎ᠠ ᠵᠢᠨ ᠡᠷᠬᠢᠯᠡᠭ᠌ᠴᠢ ᠸᠠᠩ ᠸᠧᠢ ᠵᠦᠩ ᠬᠤᠷᠠᠯ᠎ᠢ ᠡᠷᠬᠢᠯᠡᠵᠠᠢ᠃

ᠬᠤᠷᠠᠯ᠎ᠡᠴᠡ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠲᠡᠷᠢᠭᠦᠯᠡᠭ᠌ᠴᠢᠳ᠎ᠦᠨ ᠪᠦᠯᠬᠦᠮ᠎ᠦᠨ ᠪᠠᠢᠩᠭᠤ᠎ᠶ᠋ᠢᠨ ᠲᠡᠷᠢᠭᠦᠯᠡᠭ᠌ᠴᠢᠳ᠎ᠦᠨ ᠨᠡᠷᠡᠰ》 ᠢ᠋ ᠪᠠᠲᠤᠯᠠᠪᠠ᠃ ᠲᠡᠷᠢᠭᠦᠯᠡᠭ᠌ᠴᠢᠳ᠎ᠦᠨ ᠪᠦᠯᠬᠦᠮ᠎ᠦᠨ ᠪᠠᠢᠩᠭᠤ᠎ᠶ᠋ᠢᠨ ᠲᠡᠷᠢᠭᠦᠯᠡᠭ᠌ᠴᠢᠳ ᠪᠤᠯ ᠸᠠᠩ ᠸᠧᠶ ᠵᠥᠩ᠂ ᠵᠠᠩ ᠱᠤᠤ ᠴᠦᠨ᠂ ᠵᠧᠩ ᠬᠣᠩ ᠹᠠᠨ᠂ ᠳ᠋ᠢᠩ ᠱᠢᠤ ᠹᠸᠩ᠂ ᠮᠸᠩ ᠱᠢᠶᠠᠨ ᠳ᠋ᠦᠩ᠂ ᠯᠢ ᠢᠦᠶ ᠭᠠᠩ᠂ ᠢᠦᠶ ᠯᠢ ᠱᠢᠨ᠂ ᠠᠶ ᠯᠢ ᠬᠤᠸᠠ᠂ ᠯᠢ ᠪᠢᠩ ᠷᠦᠩ᠂ ᠡᠸ᠋ ᠶᠠᠨ ᠭᠠᠩ᠂ ᠸᠠᠨ ᠴᠤᠤ ᠴᠢ ᠨᠠᠷ ᠪᠣᠯᠤᠨ᠎ᠠ᠃

ᠬᠤᠷᠠᠯ᠎ᠡᠴᠡ ᠥᠪᠡᠷᠲᠡᠭᠡᠨ ᠵᠠᠰᠠᠬᠤ ᠣᠷᠣᠨ᠎ᠤ ᠠᠷᠪᠠᠨ ᠳᠥᠷᠪᠡᠳᠦᠭᠡᠷ ᠬᠤᠭᠤᠴᠠᠭᠠᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠠᠪᠤᠳᠤᠭᠠᠷ ᠬᠤᠷᠠᠯ᠎ᠤᠨ ᠡᠳᠦᠷ᠎ᠦᠨ ᠳᠠᠷᠠᠭᠠᠯᠠᠯ᠂ ᠭᠦᠶ᠋ᠴᠡᠳᠭᠡᠬᠦ᠌ ᠲᠡᠷᠢᠭᠦᠯᠡᠭ᠌ᠴᠢᠳ ᠤ᠋ᠨ ᠳᠤᠭᠤᠢᠯᠠᠩ ᠬᠤᠪᠢᠶᠠᠭ᠍ᠰᠠᠨ ᠨᠡᠷᠡᠰ᠂ ᠳᠡᠳ᠋ ᠨᠠᠷᠢᠨ ᠪᠢᠴᠢᠭ᠎ᠦᠨ ᠳᠠᠷᠤᠭ᠎ᠠ᠎ᠶ᠋ᠢᠨ ᠨᠡᠷᠡᠰ᠂ ᠲᠥᠯᠥᠭᠡᠯᠡᠭ᠌ᠴᠢᠳ᠎ᠦᠨ ᠰᠠᠨᠠᠯ ᠵᠥᠪᠯᠡᠯᠭᠡ ᠳᠤᠷᠠᠳᠭᠤ ᠴᠠᠭ᠎ᠤᠨ ᠬᠢᠵᠠᠭᠠᠷ᠎ᠤᠨ ᠲᠤᠬᠠᠶ ᠲᠣᠭ᠍ᠲᠠᠭᠠᠯ ᠵᠢᠴᠢ ᠰᠠᠨᠠᠯ ᠵᠥᠪᠯᠡᠯᠭᠡ᠎ᠶ᠋ᠢ ᠪᠠᠲᠤᠯᠠᠬᠤ ᠠᠷᠭ᠎ᠠ᠎ᠶ᠋ᠢ ᠪᠠᠲᠤᠯᠠᠪᠠ᠃ ᠶᠡᠬᠡ ᠬᠤᠷᠠᠯ᠎ᠡᠴᠡ ᠲᠥᠯᠥᠭᠡᠯᠡᠭ᠌ᠴᠢᠳ᠎ᠦᠨ ᠰᠠᠨᠠᠯ ᠵᠥᠪᠯᠡᠯᠭᠡ ᠳᠤᠷᠠᠳᠭᠤ ᠬᠠᠮᠤᠭ᠎ᠤᠨ ᠡᠴᠦᠰ᠎ᠤᠨ ᠴᠠᠭ᠎ᠤᠨ ᠬᠢᠵᠠᠭᠠᠷ᠎ᠢ 2026 ᠣᠨ᠎ᠤ 2 ᠰᠠᠷ᠎ᠠ᠎ᠶ᠋ᠢᠨ 5᠎ᠤ᠋ ᠡᠳᠦᠷ᠎ᠦᠨ 12 ᠴᠠᠭ ᠵᠢᠡᠷ ᠲᠣᠭ᠍ᠲᠠᠭᠠᠪᠠ᠃

ᠬᠤᠷᠠᠯ᠎ᠡᠴᠡ ᠶᠡᠬᠡ ᠬᠤᠷᠠᠯ᠎ᠤᠨ ᠳᠡᠳ᠋ ᠨᠠᠷᠢᠨ ᠪᠢᠴᠢᠭ᠎ᠦᠨ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠵᠣᠬᠢᠶᠠᠨ ᠪᠠᠢᠭᠤᠯᠬᠤ ᠬᠡᠯᠲᠡᠰ᠎ᠦᠨ ᠪᠠᠢᠩᠭᠤ᠎ᠶ᠋ᠢᠨ ᠳᠡᠳ᠋ ᠳᠠᠷᠤᠭ᠎ᠠ ᠵᠠᠩ ᠵᠣᠣ ᠭᠠᠩ᠎ᠤᠨ ᠬᠢᠭ᠌ᠰᠡᠨ ᠶᠡᠬᠡ ᠬᠤᠷᠠᠯ᠎ᠤᠨ ᠰᠣᠩᠭᠣᠭᠤᠯᠢ᠎ᠶ᠋ᠢᠨ ᠠᠷᠭ᠎ᠠ᠎ᠶ᠋ᠢᠨ ᠲᠥᠰᠦᠯ᠎ᠦᠨ ᠲᠤᠬᠠᠶ ᠲᠣᠳᠣᠷᠬᠠᠢᠯᠠᠯᠲᠠ᠎ᠶ᠋ᠢ ᠰᠣᠨᠣᠰᠴᠤ᠌᠂ ᠪᠠᠲᠤᠯᠠᠭ᠍ᠰᠠᠨ᠎ᠤ ᠳᠠᠷᠠᠭᠠᠬᠢ ᠰᠣᠩᠭᠣᠭᠤᠯᠢ᠎ᠶ᠋ᠢᠨ ᠠᠷᠭ᠎ᠠ᠎ᠶ᠋ᠢᠨ ᠲᠥᠰᠦᠯ᠎ᠢ ᠪᠥᠬᠥ᠌ ᠲᠥᠯᠥᠭᠡᠯᠡᠭ᠌ᠴᠢᠳ᠎ᠲᠦ ᠳᠠᠷᠤᠮᠠᠯᠯᠠᠨ ᠲᠠᠷᠬᠠᠭᠠᠵᠤ ᠬᠢᠨᠠᠨ ᠵᠥᠪᠯᠡᠭᠦᠯᠦᠭ᠌ᠰᠡᠨ᠎ᠦ ᠳᠠᠷᠠᠭ᠎ᠠ ᠶᠡᠬᠡ ᠬᠤᠷᠠᠯ᠎ᠳᠤ ᠳᠡᠪᠱᠢᠭᠦᠯᠵᠦ᠍ ᠪᠠᠲᠤᠯᠠᠭᠤᠯᠬᠤ᠎ᠪᠠᠷ ᠲᠣᠭ᠍ᠲᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号