ᠵᠠᠰᠠᠭ ᠤ᠋ᠨ ᠤᠷᠳᠤᠨ ᠤ᠋ ᠠᠵᠢᠯ ᠤ᠋ᠨ ᠢᠯᠡᠳᠭᠡᠯ ᠤ᠋ᠨ ᠳᠤᠪᠴᠢᠯᠠᠯ
《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ ᠳ᠋ᠠᠬᠢ ᠬᠥᠭ᠌ᠵᠢᠯᠲᠡ ᠵᠢᠨ ᠠᠮᠵᠢᠯᠲᠠ ᠪᠦᠲᠦᠮᠵᠢ
《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ ᠳ᠋ᠠᠬᠢ ᠥᠪᠥᠷ ᠮᠣᠩᠭᠤᠯ ᠤ᠋ᠨ ᠬᠥᠭ᠌ᠵᠢᠯᠲᠡ ᠵᠢᠨ ᠶᠠᠪᠤᠴᠠ ᠲᠦᠢᠯ ᠤ᠋ᠨ ᠶᠡᠷᠦ᠍ ᠪᠤᠰᠤ ᠵᠢᠨ ᠶᠤᠮ᠃ 2023 ᠣᠨ ᠤ᠋ 6 ᠰᠠᠷ᠎ᠠ ᠳ᠋ᠤ ᠶᠡᠷᠦᠩᠬᠡᠢ ᠱᠦᠵᠢ ᠰᠢ ᠵᠢᠨ ᠫᠢᠩ ᠥᠪᠥᠷ ᠮᠣᠩᠭᠤᠯ ᠳ᠋ᠤ ᠮᠣᠷᠢᠯᠠᠨ ᠰᠠᠭᠠᠲᠠᠵᠤ ᠱᠢᠨᠵᠢᠯᠡᠨ ᠪᠠᠢᠴᠠᠭᠠᠬᠤ ᠵᠢᠨ ᠬᠠᠮᠲᠤ ᠴᠢᠬᠤᠯᠠ ᠶᠠᠷᠢᠶ᠎ᠠ ᠲᠠᠯᠪᠢᠵᠤ᠂ ᠪᠢᠳᠡᠨ ᠢ᠋ ᠳᠤᠮᠳᠠᠳᠤ ᠤᠯᠤᠰ ᠤ᠋ᠨ ᠮᠠᠶᠢᠭ ᠤ᠋ᠨ ᠣᠳᠣᠬᠢᠴᠢᠯᠠᠯᠲᠠ ᠵᠢᠨ ᠪᠦᠳᠦᠭᠡᠨ ᠪᠠᠢᠭᠤᠯᠤᠯᠲᠠ ᠳ᠋ᠤ ᠱᠢᠨ᠎ᠡ ᠵᠠᠮ ᠨᠡᠭᠡᠭᠡᠰᠦᠭᠡᠢ ᠭᠡᠵᠦ᠍ ᠵᠤᠷᠢᠬ᠍ᠵᠢᠭᠤᠯᠤᠨ᠂ ᠥᠪᠥᠷ ᠮᠣᠩᠭᠤᠯ ᠤ᠋ᠨ ᠬᠥᠭ᠌ᠵᠢᠯᠲᠡ ᠳ᠋ᠤ ᠬᠦᠴᠦᠷᠬᠡᠭ ᠶᠡᠭᠡ ᠬᠦᠳᠡᠯᠭᠡᠭ᠌ᠴᠢ ᠬᠦᠴᠦᠨ ᠨᠡᠮᠡᠷᠢᠯᠡᠪᠡ᠃ ᠲᠥᠷᠥ ᠵᠢᠨ ᠶᠠᠪᠤᠳᠠᠯ ᠤ᠋ᠨ ᠬᠤᠷᠢᠶ᠎ᠠ 《ᠥᠪᠥᠷ ᠮᠣᠩᠭᠤᠯ ᠤ᠋ᠨ ᠴᠢᠨᠠᠷ ᠰᠠᠢᠲᠠᠶ ᠬᠥᠭ᠌ᠵᠢᠯᠲᠡ ᠵᠢ ᠠᠬᠢᠭᠤᠯᠵᠤ ᠳᠤᠮᠳᠠᠳᠤ ᠤᠯᠤᠰ ᠤ᠋ᠨ ᠮᠠᠶᠢᠭ ᠤ᠋ᠨ ᠣᠳᠣᠬᠢᠴᠢᠯᠠᠯᠲᠠ ᠵᠢᠨ ᠱᠢᠨ᠎ᠡ ᠬᠠᠭᠤᠳᠠᠰᠤ ᠵᠢ ᠴᠢᠷᠮᠠᠢᠨ ᠪᠢᠴᠢᠭ᠌ᠯᠡᠬᠦ᠌ ᠲᠤᠬᠠᠢ ᠰᠠᠨᠠᠯ》 ᠢ᠋ ᠨᠡᠢᠲᠡᠯᠡᠵᠦ᠍᠂ ᠤᠯᠤᠰ ᠤ᠋ᠨ 44 ᠶᠠᠮᠤᠨ ᠬᠤᠷᠢᠶ᠎ᠠ ᠲᠦᠬᠦᠷᠵᠢᠭᠦᠯᠦᠭ᠌ᠰᠡᠨ ᠳᠡᠮᠵᠢᠯᠭᠡ ᠵᠢᠨ ᠪᠢᠴᠢᠭ ᠮᠠᠲ᠋ᠧᠷᠢᠶᠠᠯ ᠲᠣᠭ᠍ᠲᠠᠭᠠᠵᠤ᠂ ᠥᠪᠥᠷ ᠮᠣᠩᠭᠤᠯ ᠤ᠋ᠨ ᠬᠥᠭ᠌ᠵᠢᠯᠲᠡ ᠳ᠋ᠤ ᠴᠢᠬᠤᠯᠠ ᠶᠡᠭᠡ ᠠᠵᠠ ᠲᠣᠬᠢᠶᠠᠯ ᠠᠪᠴᠢᠷᠠᠪᠠ᠃ ᠦᠪᠦᠷ ᠮᠤᠩᠭᠤᠯ ᠤ᠋ᠨ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶᠠᠨ ᠤ᠋ ᠵᠦᠪ ᠣᠨᠣᠪᠴᠢᠲᠠᠢ ᠤᠳᠤᠷᠢᠳᠤᠯᠭ᠎ᠠ ᠳᠣᠣᠷ᠎ᠠ᠂ ᠦᠪᠦᠷ ᠮᠤᠩᠭᠤᠯ ᠰᠢ ᠵᠢᠨ ᠫᠢᠩ ᠤ᠋ᠨ ᠱᠢᠨ᠎ᠡ ᠴᠠᠭ ᠦᠶ᠎ᠡ ᠵᠢᠨ ᠳᠤᠮᠳᠠᠳᠤ ᠤᠯᠤᠰ ᠤ᠋ᠨ ᠣᠨᠴᠠᠯᠢᠭ ᠪᠦᠬᠦᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠬᠤ ᠵᠢ ᠪᠠᠷᠢᠮᠲᠠᠯᠠᠵᠤ᠂ ᠶᠡᠷᠦᠩᠬᠡᠶ ᠱᠦᠵᠢ ᠰᠢ ᠵᠢᠨ ᠫᠢᠩ ᠤ᠋ᠨ ᠥᠪᠥᠷ ᠮᠣᠩᠭᠤᠯ ᠤ᠋ᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠶ ᠰᠤᠷᠤᠯᠴᠠᠨ ᠲᠤᠭᠤᠱᠢᠯᠠᠭᠤᠯᠵᠤ᠂ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠤ ᠪᠠᠷ ᠭᠤᠤᠯ ᠱᠢᠵᠢᠮ ᠪᠣᠯᠭᠠᠵᠤ᠂ 《ᠬᠤᠶᠠᠷ ᠬᠠᠯᠠᠭ᠍ᠪᠴᠢ》᠂ 《ᠬᠤᠶᠠᠷ ᠰᠠᠭᠤᠷᠢᠨ》᠂ 《ᠨᠢᠭᠡ ᠪᠠᠬᠢᠯᠡᠯᠳᠡ》 ᠵᠢᠨ ᠪᠠᠢ᠌ᠯᠳᠤᠬᠤ ᠪᠣᠳᠣᠯᠭ᠎ᠠ ᠵᠢᠨ ᠪᠠᠢ᠌ᠷᠢ ᠲᠤᠭ᠍ᠲᠠᠭᠠᠯᠲᠠ ᠪᠠ ᠡᠭᠦᠷᠭᠡ ᠬᠠᠷᠢᠭᠤᠴᠠᠯᠭ᠎ᠠ ᠪᠠᠨ ᠪᠦᠬᠦ᠌ ᠲᠠᠯ᠎ᠠ ᠪᠠᠷ ᠨᠠᠢ᠌ᠳᠠᠪᠣᠷᠢᠵᠢᠭᠤᠯᠣᠨ᠂ ᠠᠮᠢ ᠠᠬᠤᠢ ᠵᠢ ᠤᠷᠢᠳ ᠵᠢᠠᠷ ᠪᠣᠳᠣᠯᠬᠢᠯᠠᠬᠤ ᠪᠣᠬᠢᠷᠳᠤᠯ ᠦᠭᠡᠢ ᠬᠥᠭ᠌ᠵᠢᠬᠦᠯᠬᠦ ᠪᠠᠷ ᠤᠳᠤᠷᠢᠳᠤᠮᠵᠢ ᠪᠣᠯᠭᠠᠭ᠍ᠰᠠᠨ ᠴᠢᠨᠠᠷ ᠰᠠᠢ᠌ᠲᠠᠢ ᠬᠥᠭ᠌ᠵᠢᠯᠲᠡ ᠵᠢᠨ ᠱᠢᠨ᠎ᠡ ᠵᠠᠮ ᠵᠢᠠᠷ ᠡᠷᠡᠰ ᠭᠤᠢ᠌ᠪᠢᠰᠢ ᠦᠭᠡᠢ ᠵᠠᠮᠨᠠᠵᠤ᠂ ᠵᠢᠱ᠌ᠢᠶᠡᠴᠢ ᠦᠪᠡᠷᠲᠡᠭᠡᠨ ᠵᠠᠰᠠᠬᠤ ᠣᠷᠣᠨ ᠤ᠋ ᠡᠷᠬᠢᠮ ᠳᠡᠭᠡᠳᠦ ᠢᠷᠠᠭᠤ ᠠᠯᠳᠠᠷ ᠵᠢᠠᠨ ᠰᠡᠳᠭᠢᠯ ᠲᠠᠯᠪᠢᠨ ᠬᠠᠢ᠌ᠷᠠᠯᠠᠨ ᠬᠠᠮᠠᠭᠠᠯᠠᠵᠤ᠂ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠲᠥᠯᠥᠪᠵᠢᠭᠦᠯᠭᠡ ᠵᠢ ᠲᠡᠭᠦᠰ ᠠᠮᠵᠢᠯᠲᠠ ᠲᠠᠢ ᠪᠡᠶᠡᠯᠡᠭᠦᠯᠵᠣ᠂ ᠡᠯ᠎ᠡ ᠵᠦᠢᠯ ᠤ᠋ᠨ ᠠᠵᠢᠯ ᠦᠢᠯᠡᠰ ᠤ᠋ᠨ ᠬᠥᠭ᠌ᠵᠢᠯᠲᠡ ᠱᠢᠨ᠎ᠡ ᠱᠠᠲᠤᠨ ᠳ᠋ᠤ ᠣᠷᠣᠪᠠ᠃
ᠡᠨᠡ ᠲᠠᠪᠤᠨ ᠵᠢᠯ ᠳ᠋ᠦ᠍ ᠶᠡᠷᠦᠩᠬᠡᠢᠯᠡᠭ᠌ᠰᠡᠨ ᠠᠵᠤ ᠠᠬᠤᠢ ᠶ᠋ᠢᠨ ᠪᠣᠳᠠᠲᠤ ᠬᠦᠴᠦᠨ ᠶᠡᠭᠡ ᠪᠠᠷ ᠳᠡᠭᠡᠭ᠌ᠰᠢᠯᠡᠪᠡ
ᠠᠵᠤ ᠠᠬᠤᠢ ᠶ᠋ᠢᠨ ᠶᠡᠷᠦᠩᠬᠡᠢ ᠬᠡᠮᠵᠢᠶ᠎ᠡ 2.67 ᠲᠦᠮᠡᠨ ᠳ᠋ᠦᠩᠱᠢᠭᠤᠷ ᠲᠥᠭᠦᠷᠢᠭ ᠲᠦ᠍ ᠬᠦᠷᠪᠠ
ᠬᠥᠮᠦᠨ ᠳᠤᠮᠳᠠᠴᠢ ᠶ᠋ᠢᠨ GDP ᠪᠦᠬᠦ᠌ ᠤᠯᠤᠰ ᠤ᠋ᠨ ᠡᠮᠦᠨ᠎ᠡ 8 ᠶ᠋ᠢᠨ ᠪᠠᠢ᠌ᠷᠢᠨ ᠳ᠋ᠤ ᠣᠷᠣᠪᠠ
ᠡᠩ ᠤ᠋ᠨ ᠣᠯᠠᠨ ᠨᠡᠢᠲᠡ ᠶ᠋ᠢᠨ ᠲᠥᠰᠦᠪ ᠤ᠋ᠨ ᠣᠷᠣᠯᠭ᠎ᠠ 1000 ᠳ᠋ᠦᠩᠱᠢᠭᠤᠷ ᠲᠥᠭᠦᠷᠢᠭ ᠱᠢᠬᠠᠮ ᠨᠡᠮᠡᠭ᠌ᠳᠡᠵᠦ᠍᠂ ᠯᠠᠪᠳᠠᠭᠤᠨ ᠵᠢᠠᠷ 3000 ᠳ᠋ᠦᠩᠱᠢᠭᠤᠷ ᠲᠥᠭᠦᠷᠢᠭ ᠡᠴᠠ ᠳᠡᠭᠡᠭ᠌ᠰᠢ ᠳ᠋ᠤ ᠬᠦᠷᠪᠡ
ᠲᠣᠭ᠍ᠲᠠᠮᠠᠯ ᠬᠥᠷᠥᠩᠭᠡ ᠶ᠋ᠢᠨ ᠪᠡᠯᠡ ᠣᠷᠣᠭᠤᠯᠤᠯᠲᠠ ᠵᠢᠯ ᠳᠤᠮᠳᠠᠴᠢ ᠪᠠᠷ 12.8% ᠨᠡᠮᠡᠭ᠌ᠳᠡᠪᠠ
ᠴᠢᠬᠤᠯᠠ ᠶᠡᠭᠡ ᠲᠥᠷᠥᠯ ᠵᠦᠢᠯ ᠤ᠋ᠨ ᠪᠡᠯᠡ ᠣᠷᠣᠭᠤᠯᠤᠯᠲᠠ ᠶ᠋ᠢ ᠨᠡᠢᠲᠡ 3.8 ᠲᠦᠮᠡᠨ ᠳ᠋ᠦᠩᠱᠢᠭᠤᠷ ᠲᠥᠭᠦᠷᠢᠭ ᠪᠡᠶᠡᠯᠡᠭᠦᠯᠪᠡ
ᠬᠡᠪᠴᠢᠶᠡᠵᠢᠯ ᠡᠴᠡ ᠳᠡᠭᠡᠭ᠌ᠰᠢᠬᠢ ᠠᠵᠤ ᠦᠢᠯᠡᠳᠪᠦᠷᠢ ᠶ᠋ᠢᠨ ᠨᠡᠮᠡᠭ᠌ᠳᠡᠯ ᠥᠷᠲᠡᠭ ᠵᠢᠯ ᠳᠤᠮᠳᠠᠴᠢ ᠪᠠᠷ 7% ᠨᠡᠮᠡᠭ᠌ᠳᠡᠪᠡ
ᠬᠤᠪᠣᠷ ᠱᠢᠷᠣᠶ ᠶ᠋ᠢᠨ ᠨᠢᠭᠡᠳᠪᠦᠷᠢ᠂ ᠴᠢᠳᠠᠮᠵᠢᠲᠤ ᠮᠠᠲ᠋ᠧᠷᠢᠶᠠᠯ᠂ ᠨᠡᠭᠦᠷᠡᠰᠦ ᠪᠠᠷ ᠦᠢᠯᠡᠳᠦᠭ᠌ᠰᠡᠨ ᠠᠯᠺᠧᠨ ᠨᠡᠭᠦᠷᠦᠭ᠌ᠴᠢ ᠵᠡᠷᠭᠡ 80 ᠭᠠᠷᠤᠢ ᠵᠦᠢᠯ ᠤ᠋ᠨ ᠦᠢᠯᠡᠳᠬᠦᠨ ᠤ᠋ ᠦᠢᠯᠡᠳᠪᠦᠷᠢᠯᠡᠬᠦ᠌ ᠴᠢᠳᠠᠮᠵᠢ ᠪᠦᠬᠦ᠌ ᠤᠯᠤᠰ ᠤ᠋ᠨ ᠨᠢᠭᠡᠳᠦᠭᠡᠷ ᠲᠦ᠍ ᠣᠷᠣᠪᠠ
ᠳᠤᠮᠳᠠᠳᠤ ᠤᠯᠤᠰ (ᠥᠪᠥᠷ ᠮᠣᠩᠭᠤᠯ)ᠤ᠋ᠨ ᠴᠢᠯᠥᠭᠡᠲᠦ ᠠᠷᠠᠯᠵᠢᠶᠠᠨ ᠤ᠋ ᠲᠤᠷᠱᠢᠯᠲᠠ ᠶ᠋ᠢᠨ ᠣᠷᠣᠨ ᠢ᠋ ᠢᠳᠡᠪᠬᠢᠲᠡᠢ ᠴᠢᠷᠮᠠᠢ᠌ᠨ ᠪᠠᠢᠭᠤᠯᠵᠤ᠂ ᠭᠠᠳᠠᠭᠠᠳᠤ ᠡᠴᠡ ᠣᠷᠣᠭᠤᠯᠵᠤ ᠭᠠᠳᠠᠭᠠᠳᠤ ᠳ᠋ᠤ ᠭᠠᠷᠭᠠᠭ᠍ᠰᠠᠨ ᠶᠡᠷᠦᠩᠬᠡᠢ ᠥᠷᠲᠡᠭ ᠬᠤᠶᠠᠷ ᠳᠠᠬᠢᠨ ᠵᠢᠠᠷ ᠨᠡᠮᠡᠭ᠌ᠳᠡᠭᠡᠳ 2206 ᠳ᠋ᠦᠩᠱᠢᠭᠤᠷ ᠲᠥᠭᠦᠷᠢᠭ ᠲᠦ᠍ ᠬᠦᠷᠪᠡ
ᠡᠵᠡᠩᠨᠡᠯᠲᠡ ᠶ᠋ᠢᠨ ᠭᠤᠤᠯ ᠴᠣᠭ᠍ᠴᠠ 300 ᠲᠦᠮᠡ ᠶ᠋ᠢ ᠳᠠᠪᠠᠵᠤ᠂ ᠬᠡᠪᠴᠢᠶᠡᠵᠢᠯ ᠡᠴᠡ ᠳᠡᠭᠡᠭ᠌ᠰᠢᠬᠢ ᠠᠵᠤ ᠦᠢᠯᠡᠳᠪᠦᠷᠢ ᠶ᠋ᠢᠨ ᠠᠵᠤ ᠠᠬᠤᠢ᠌ᠯᠠᠯ 4358 ᠳ᠋ᠦ᠍ ᠬᠦᠷᠪᠡ
ᠰᠲ᠋ᠣᠺ ᠤ᠋ᠨ ᠵᠠᠬ᠎ᠠ ᠳ᠋ᠤ ᠭᠠᠷᠤᠭ᠍ᠰᠠᠨ ᠺᠣᠮᠫᠠᠨᠢ 12 ᠱᠢᠨ᠎ᠡ ᠪᠠᠷ ᠨᠡᠮᠡᠭ᠌ᠳᠡᠵᠦ᠍᠂ 9 ᠵᠢᠯ ᠰᠲ᠋ᠣᠺ ᠤ᠋ᠨ ᠵᠠᠬ᠎ᠠ ᠳ᠋ᠤ ᠭᠠᠷᠤᠭ᠍ᠰᠠᠨ ᠠᠵᠤ ᠠᠬᠤᠢᠯᠠᠯ ᠪᠠᠢ᠌ᠬᠤ ᠥᠬᠡᠶ ᠪᠠᠢᠳᠠᠯ ᠢ᠋ ᠡᠴᠦᠰᠯᠡᠭᠦᠯᠪᠡ
ᠡᠨᠡ ᠲᠠᠪᠤᠨ ᠵᠢᠯ ᠳ᠋ᠥ᠍ ᠤᠯᠤᠰ ᠣᠷᠣᠨ ᠤ᠋ ᠶᠡᠭᠡ ᠲᠠᠯ᠎ᠠ ᠳ᠋ᠦ᠍ ᠦᠢᠯᠡᠴᠢᠯᠡᠬᠦ᠌ ᠴᠢᠳᠠᠪᠤᠷᠢ ᠲᠠᠰᠤᠷᠠᠯᠲᠠ ᠦᠭᠡᠢ ᠴᠢᠩᠭᠠᠷᠠᠪᠠ
ᠵᠢᠯ ᠳᠤᠮᠳᠠᠴᠢ ᠶ᠋ᠢᠨ ᠨᠡᠭᠦᠷᠡᠰᠦᠨ ᠤ᠋ ᠭᠠᠷᠤᠯᠲᠠ 12 ᠳ᠋ᠦᠩᠱᠢᠭᠤᠷ ᠲᠣᠨ ᠡᠴᠡ ᠳᠡᠭᠡᠭ᠌ᠰᠢ ᠪᠠᠢ᠌ᠬᠤ ᠶ᠋ᠢ ᠪᠠᠳᠣᠯᠠᠨ᠂ 29 ᠮᠤᠵᠢ ᠣᠷᠣᠨ ᠳ᠋ᠦ᠍ ᠪᠠᠲᠤᠯᠠᠨ ᠬᠠᠩᠭᠠᠭ᠍ᠰᠠᠨ ᠨᠡᠭᠦᠷᠡᠰᠦ ᠨᠡᠢ᠌ᠲᠡ 35 ᠳ᠋ᠦᠩᠱᠢᠭᠤᠷ ᠲᠣᠨ ᠢ᠋ ᠳᠠᠪᠠᠵᠤ᠂ ᠪᠦᠬᠦ᠌ ᠤᠯᠤᠰ ᠤ᠋ᠨ ᠲᠡᠷᠢᠭᠦᠨ ᠳ᠋ᠦ᠍ ᠪᠠᠢ᠌ᠷᠢᠯᠠᠪᠠ
ᠴᠠᠬᠢᠯᠭᠠᠨ ᠬᠦᠴᠦᠨ ᠤ᠋ ᠶᠡᠷᠦᠩᠬᠡᠢ ᠮᠠᠱᠢᠨ ᠴᠣᠭ᠍ᠴᠠᠯᠠᠪᠤᠷᠢ ᠶ᠋ᠢᠨ ᠬᠡᠪᠴᠢᠶᠡᠵᠢᠯ 3.1 ᠳ᠋ᠦᠩᠱᠢᠭᠤᠷ ᠺᠢᠯᠣᠸᠠᠲ ᠲᠦ᠍ ᠬᠦᠷᠪᠡ
ᠱᠢᠨ᠎ᠡ ᠡᠨᠧᠷᠭᠢ ᠶ᠋ᠢᠨ ᠮᠠᠱᠢᠨ ᠴᠣᠭ᠍ᠴᠠᠯᠠᠪᠤᠷᠢ 1.7 ᠳ᠋ᠦᠩᠱᠢᠭᠤᠷ ᠺᠢᠯᠣᠸᠠᠲ ᠲᠦ᠍ ᠬᠦᠷᠪᠡ
ᠭᠠᠳᠠᠭ᠍ᠰᠢ ᠬᠦᠷᠭᠡᠭ᠌ᠰᠡᠨ ᠴᠠᠬᠢᠯᠭᠠᠨ ᠬᠦᠴᠦᠨ ᠤ᠋ ᠬᠡᠮᠵᠢᠶ᠎ᠡ 21 ᠵᠢᠯ ᠳᠠᠷᠠᠭᠠᠯᠠᠨ ᠪᠦᠬᠦ᠌ ᠤᠯᠤᠰ ᠤ᠋ᠨ ᠲᠡᠷᠢᠭᠦᠨ ᠳ᠋ᠦ᠍ ᠪᠠᠢ᠌ᠷᠢᠯᠠᠪᠠ
《ᠬᠤᠪᠣᠷ ᠱᠢᠷᠣᠶ ᠶ᠋ᠢᠨ ᠬᠤᠶᠠᠷ ᠰᠠᠭᠤᠷᠢᠨ》ᠠᠩᠬ᠎ᠠ ᠬᠡᠪᠴᠢᠶᠡᠵᠢᠵᠦ᠍᠂ ᠲᠡᠮᠦᠷᠯᠢᠭ ᠬᠠᠢ᠌ᠯᠤᠭᠤᠯᠵᠤ ᠪᠣᠯᠪᠠᠰᠤᠷᠠᠭᠤᠯᠬᠤ ᠴᠢᠳᠠᠪᠤᠷᠢ ᠪᠠ ᠣᠷᠠᠯᠠᠯ ᠤ᠋ᠨ ᠬᠢᠷᠢ ᠲᠦᠪᠱᠢᠨ ᠵᠢᠠᠷ ᠵᠢᠠᠨ ᠳᠡᠯᠡᠬᠡᠢ ᠳ᠋ᠤ ᠲᠡᠷᠢᠭᠦᠯᠡᠪᠡ
ᠪᠦᠬᠦ᠌ ᠤᠯᠤᠰ ᠤ᠋ᠨ ᠨᠢᠭᠡ ᠴᠣᠭ᠍ᠴᠠᠵᠢᠭᠤᠯᠤᠭ᠍ᠰᠠᠨ ᠪᠣᠳᠤᠬᠤ ᠴᠢᠳᠠᠪᠤᠷᠢ ᠶ᠋ᠢᠨ ᠰᠦᠯᠵᠢᠶᠡᠨ ᠤ᠋ ᠣᠯᠣᠰ ᠤ᠋ᠨ ᠭᠦᠢᠰᠣ ᠪᠣᠯᠬᠤ ᠬᠤᠷᠢᠨᠭᠡᠷ ᠤ᠋ᠨ ᠪᠦᠯᠦᠭ᠌ᠵᠢᠯ ᠤ᠋ᠨ ᠪᠦᠲᠦᠭᠡᠨ ᠪᠠᠢ᠌ᠭᠤᠯᠤᠯᠲᠠ ᠶ᠋ᠢᠨ ᠦᠷ᠎ᠡ ᠪᠦᠲᠦᠮᠵᠢ ᠢᠯᠡᠷᠬᠡᠢ ᠪᠠᠢ᠌ᠵᠤ᠂ ᠣᠶᠣᠨᠴᠢ ᠪᠣᠳᠣᠯᠲᠠ ᠶ᠋ᠢᠨ ᠬᠡᠪᠴᠢᠶᠡᠵᠢᠯ 22 ᠲᠦᠮᠡᠨ P ᠪᠠᠢ᠌ᠵᠤ᠂ ᠪᠥᠬᠦ᠌ ᠤᠯᠤᠰ ᠤ᠋ᠨ ᠡᠮᠦᠨ᠎ᠡ ᠡᠩᠨᠡᠭᠡᠨ ᠳ᠋ᠤ ᠪᠠᠢ᠌ᠷᠢᠯᠠᠪᠠ
ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ᠋ ᠨᠡᠢ᠌ᠲᠡ 6281 ᠲᠦᠮᠡᠨ ᠮᠦ᠍ ᠪᠠᠢ᠌ᠭᠤᠯᠵᠤ᠂ ᠠᠮᠤ ᠪᠤᠳᠠᠭᠠᠨ ᠤ᠋ ᠵᠢᠯ ᠤ᠋ᠨ ᠤᠨᠠᠯᠲᠠ ᠬᠠᠮᠤᠭ ᠤ᠋ᠨ ᠥᠨᠳᠥᠷ ᠲᠦ᠍ ᠪᠠᠨ 840 ᠳ᠋ᠦᠩᠱᠢᠭᠤᠷ ᠵᠢᠩ ᠪᠠᠢ᠌ᠵᠤ᠂ ᠪᠦᠬᠦ᠌ ᠤᠯᠤᠰ ᠤ᠋ᠨ 5 ᠳ᠋ᠤᠭᠠᠷ ᠲᠦ᠍ ᠪᠠᠢ᠌ᠷᠢᠯᠠᠨ᠂ ᠦᠨᠢᠶᠡᠨ ᠰᠦ᠂ ᠦᠬᠡᠷ ᠤ᠋ᠨ ᠮᠢᠬ᠎ᠠ᠂ ᠬᠤᠨᠢᠨ ᠮᠢᠬ᠎ᠠ᠂ ᠲᠡᠵᠢᠭᠡᠯ ᠡᠪᠡᠰᠦ᠂ ᠢᠮᠠᠭᠠᠨ ᠨᠣᠣᠯᠣᠭᠤᠷ ᠵᠡᠷᠭᠡ ᠶ᠋ᠢᠨ ᠭᠠᠷᠤᠯᠲᠠ ᠯᠠᠪᠳᠠᠭᠤᠨ ᠵᠢᠠᠷ ᠪᠦᠬᠦ᠌ ᠤᠯᠤᠰ ᠤ᠋ᠨ ᠲᠡᠷᠢᠭᠦᠨ ᠳ᠋ᠤ ᠪᠠᠢ᠌ᠷᠢᠯᠠᠪᠠ
ᠡᠨᠡ ᠲᠠᠪᠤᠨ ᠵᠢᠯ ᠳ᠋ᠦ᠍ ᠴᠢᠨᠠᠷ ᠰᠠᠢᠲᠠᠢ ᠬᠥᠭ᠌ᠵᠢᠯᠲᠡ ᠲᠣᠭ᠍ᠲᠠᠭᠤᠨ ᠢ᠋ᠶ᠋ᠠᠷ ᠠᠬᠢᠪᠠ
ᠰᠦ ᠰᠠᠭᠠᠯᠢ ᠶ᠋ᠢᠨ ᠦᠢᠯᠡᠰ ᠤ᠋ᠨ ᠮᠡᠷᠭᠡᠵᠢᠯ ᠤ᠋ᠨ ᠱᠢᠨ᠎ᠡ ᠶ᠋ᠢ ᠡᠭᠦᠳᠬᠦ᠌ ᠲᠥᠪ᠂ ᠬᠤᠪᠣᠷ ᠱᠢᠷᠣᠶ ᠶ᠋ᠢᠨ ᠴᠢᠳᠠᠮᠵᠢᠲᠤ ᠮᠠᠲ᠋ᠧᠷᠢᠶᠠᠯ ᠤ᠋ᠨ ᠱᠢᠨ᠎ᠡ ᠶ᠋ᠢ ᠡᠭᠦᠳᠬᠦ᠌ ᠲᠥᠪ᠂ ᠪᠠᠶᠠᠨᠨᠠᠭᠤᠷ ᠤ᠋ᠨ ᠲᠠᠷᠢᠶᠠᠯᠠᠩ ᠤ᠋ᠨ ᠳᠡᠭᠡᠳᠦ ᠱᠢᠨ᠎ᠡ ᠮᠠᠷᠭᠡᠵᠢᠯ ᠤ᠋ᠨ ᠠᠵᠤ ᠦᠢᠯᠡᠰ ᠤ᠋ᠨ ᠵᠢᠱ᠌ᠢᠶ᠎ᠡ ᠦᠵᠡᠭᠦᠯᠬᠦ᠌ ᠣᠷᠣᠨ ᠵᠡᠷᠭᠡ ᠨᠢᠭᠡ ᠪᠦᠯᠦᠭ ᠤᠯᠤᠰ ᠤ᠋ᠨ ᠳᠡᠰ ᠤ᠋ᠨ ᠱᠢᠨ᠎ᠡ ᠶ᠋ᠢ ᠡᠭᠦᠳᠬᠦ᠌ ᠲᠠᠪᠴᠠᠩ ᠵᠥᠪᠱᠢᠶᠡᠷᠡᠭ᠌ᠳᠡᠨ ᠪᠣᠳᠠᠲᠠᠢ᠌ᠵᠢᠪᠠ
ᠱᠢᠨ᠎ᠡ ᠶ᠋ᠢ ᠡᠭᠦᠳᠬᠦ᠌ ᠬᠡᠯᠪᠡᠷᠢᠲᠦ ᠠᠵᠤ ᠠᠬᠤᠢ᠌ᠯᠠᠯ ᠢ᠋ ᠨᠡᠢ᠌ᠲᠡ 1714᠂ ᠲᠤᠰᠭᠠᠢ ᠨᠠᠷᠢᠯᠢᠬ ᠦᠪᠡᠷᠮᠢᠴᠡ ᠱᠢᠨ᠎ᠡ ᠠᠵᠤ ᠠᠬᠤᠢ᠌ᠯᠠᠯ ᠢ᠋ ᠨᠡᠢ᠌ᠲᠡ 814᠂ 《ᠪᠢᠴᠢᠬᠠᠨ ᠠᠪᠤᠷᠭᠤ》 ᠠᠵᠤ ᠠᠬᠤᠢ᠌ᠯᠠᠯ ᠢ᠋ ᠨᠡᠢ᠌ᠲᠡ 45 ᠪᠦᠢᠵᠢᠭᠤᠯᠪᠠ
2 ᠬᠥᠮᠦᠨ ᠳᠤᠮᠳᠠᠳᠤ ᠤᠯᠤᠰ ᠤ᠋ᠨ ᠢᠨᠵᠧᠨᠧᠷᠢᠩ ᠤ᠋ᠨ ᠬᠦᠷᠢᠶᠡᠯᠡᠩ ᠤ᠋ᠨ ᠠᠺᠠᠳᠧᠮᠢᠴᠢ ᠪᠠᠷ ᠰᠣᠩᠭᠤᠭ᠍ᠳᠠᠨ᠂ 47 ᠬᠥᠮᠦᠨ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠬᠦᠷᠢᠶᠡᠨ ᠳ᠋ᠠᠬᠢ ᠤᠯᠤᠰ ᠤ᠋ᠨ ᠭᠤᠤᠯᠳᠠᠯᠭ᠎ᠠ ᠪᠣᠯᠬᠤ ᠴᠢᠳᠠᠪᠤᠷᠢᠲᠠᠨ ᠤ᠋ ᠲᠥᠯᠥᠪᠯᠡᠭᠡ ᠳ᠋ᠦ᠍ ᠰᠣᠩᠭᠤᠭ᠍ᠳᠠᠪᠠ
ᠣᠷᠣᠨ ᠪᠦᠰᠡ ᠶ᠋ᠢᠨ ᠱᠢᠨ᠎ᠡ ᠶ᠋ᠢ ᠡᠭᠦᠳᠬᠦ᠌ ᠴᠢᠳᠠᠪᠤᠷᠢ ᠳᠡᠭᠡᠭ᠌ᠰᠢᠯᠡᠭᠡᠳ ᠪᠦᠬᠦ᠌ ᠤᠯᠤᠰ ᠤ᠋ᠨ 20 ᠳ᠋ᠤᠭᠠᠷ ᠲᠦ᠍ ᠣᠷᠣᠪᠠ
ᠴᠠᠭᠠᠨ ᠢᠳᠡᠭᠡ᠂ ᠬᠤᠪᠣᠷ ᠱᠢᠷᠣᠢ ᠶ᠋ᠢᠨ ᠱᠢᠨ᠎ᠡ ᠮᠠᠲ᠋ᠧᠷᠢᠶᠠᠯ᠂ ᠣᠳᠣ ᠦᠶ᠎ᠡ ᠶ᠋ᠢᠨ ᠨᠡᠭᠦᠷᠡᠰᠦ ᠬᠢᠮᠢ ᠶ᠋ᠢᠨ ᠠᠵᠤ ᠦᠢᠯᠡᠳᠪᠦᠷᠢ ᠤᠯᠤᠰ ᠤ᠋ᠨ ᠲᠡᠷᠢᠭᠦᠨ ᠤ᠋ ᠦᠢᠯᠡᠳᠬᠦ᠌ ᠦᠢᠯᠡᠰ ᠤ᠋ᠨ ᠪᠦᠯᠦᠭ᠌ᠵᠢᠯ ᠳ᠋ᠦ᠍ ᠰᠣᠩᠭᠤᠭ᠍ᠳᠠᠪᠠ
ᠲᠠᠯᠠᠰᠲᠤ ᠴᠠᠬᠢᠭᠤᠷ ᠤ᠋ᠨ ᠭᠡᠷᠡᠯᠴᠢ ᠴᠡᠨᠡᠭ᠂ ᠰᠠᠯᠬᠢᠨ ᠬᠦᠴᠦᠨ ᠤ᠋ ᠴᠠᠬᠢᠯᠭᠠᠨ ᠤ᠋ ᠲᠣᠨᠤᠭ ᠲᠥᠬᠦᠭᠡᠷᠦᠮᠵᠢ ᠶ᠋ᠢ ᠪᠦᠬᠦ᠌ ᠠᠵᠤ ᠦᠢᠯᠡᠰ ᠤ᠋ᠨ ᠬᠡᠯᠬᠢᠶ᠎ᠡ ᠪᠠᠷ ᠨᠡᠪᠳᠡᠷᠡᠭᠦᠯᠪᠡ
ᠵᠡᠭᠦᠨ ᠳᠤᠮᠳᠠ ᠪᠠᠷᠠᠭᠤᠨ ᠬᠡᠰᠡᠭ ᠣᠷᠣᠨ ᠤ᠋ ᠲᠦᠷᠭᠡᠨ ᠤ᠋ ᠵᠠᠰᠠᠮᠠᠯ ᠵᠠᠮ ᠤ᠋ᠨ ᠶᠡᠭᠡ ᠨᠡᠪᠳᠡᠷᠡᠯ ᠵᠠᠮ ᠪᠠ ᠬᠢᠯᠢ ᠳᠠᠭᠠᠤ ᠳ᠋ᠠᠬᠢ 331 ᠳ᠋ᠤᠭᠡᠷ ᠨᠣᠮᠧᠷᠲᠤ ᠤᠯᠤᠰ ᠤ᠋ᠨ ᠵᠠᠮ ᠪᠥᠬᠦ᠌ ᠱᠤᠭᠤᠮ ᠵᠢᠠᠷ ᠨᠡᠪᠲᠡᠷᠡᠪᠠ
7 ᠠᠢᠮᠠᠭ ᠬᠤᠲᠠ ᠳ᠋ᠤ ᠲᠦᠷᠭᠡᠨ ᠤ᠋ ᠲᠡᠮᠦᠷ ᠵᠠᠮ ᠨᠡᠪᠲᠡᠷᠡᠵᠦ᠍᠂ ᠪᠦᠬᠦ᠌ ᠠᠢᠮᠠᠭ ᠬᠤᠲᠠᠶ᠋ᠢᠨ ᠬᠤᠭᠤᠷᠣᠨᠳᠤ ᠲᠦᠷᠭᠡᠨ ᠤ᠋ ᠵᠠᠰᠠᠮᠠᠯ ᠵᠠᠮ ᠨᠡᠪᠲᠡᠷᠡᠯᠴᠡᠪᠡ
ᠠᠭᠠᠷ ᠠᠶᠠᠯᠠᠯ ᠤ᠋ᠨ ᠱᠤᠭᠤᠮ ᠢ᠋ 483 ᠵᠤᠷᠪᠤᠰ ᠨᠡᠪᠲᠡᠷᠡᠭᠦᠯᠦᠨ᠂ 116 ᠬᠤᠲᠠ ᠪᠠᠷ ᠠᠶᠠᠯᠠᠯ ᠨᠡᠪᠳᠡᠷᠡᠪᠠ
ᠪᠥᠬᠦ᠌ ᠣᠷᠣᠨ ᠤ᠋ ᠠᠩᠬᠠᠳᠠᠭ᠍ᠴᠢ 4F ᠳᠡᠰ ᠤ᠋ᠨ ᠱᠸᠩ ᠯᠸ ᠣᠯᠠᠨ ᠤᠯᠤᠰ ᠤ᠋ᠨ ᠨᠢᠰᠭᠡᠯ ᠤ᠋ᠨ ᠪᠠᠭᠤᠳᠠᠯ ᠠᠵᠢᠯ ᠲᠥᠷᠥᠯ ᠤ᠋ᠨ ᠱᠢᠯᠭᠠᠨ ᠬᠤᠷᠢᠶᠠᠬᠤ ᠶ᠋ᠢ ᠥᠩᠭᠡᠷᠡᠭᠡᠪᠡ
ᠴᠤᠤᠯ ᠭᠤᠣᠯ ᠤ᠋ᠨ ᠤᠰᠤ ᠶ᠋ᠢ ᠲᠠᠳᠠᠵᠣ ᠯᠢᠶᠣᠤ ᠾᠧ ᠭᠤᠣᠯ ᠳ᠋ᠤ ᠨᠡᠮᠡᠷᠢᠯᠡᠭᠦ᠌ ᠢᠨᠵᠧᠨᠧᠷᠢᠩ ᠪᠦᠬᠦ᠌ ᠱᠤᠭᠤᠮ ᠵᠢᠠᠷ ᠵᠢᠠᠨ ᠤᠰᠤ ᠨᠡᠪᠲᠡᠷᠡᠪᠠ
5G ᠰᠠᠭᠤᠷᠢ ᠥᠷᠲᠡᠭᠡ 9.5 ᠲᠦᠮᠡ ᠳ᠋ᠤ ᠬᠦᠷᠪᠡ
ᠡᠨᠡ ᠲᠠᠪᠤᠨ ᠵᠢᠯ ᠳ᠋ᠤ ᠠᠮᠢ ᠠᠬᠤᠢ ᠶ᠋ᠢᠨ ᠠᠮᠤᠷ ᠲᠦᠪᠱᠢᠨ ᠤ᠋ ᠬᠠᠯᠬᠠᠪᠴᠢ ᠤᠯᠠᠮ ᠨᠢᠭᠡ ᠠᠯᠬᠤᠮ ᠪᠠᠬᠢᠵᠢᠪᠡ
《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠭᠤᠷᠪᠠᠨ ᠶᠡᠭᠡ ᠪᠡᠯᠭᠡ ᠲᠡᠮᠳᠡᠭ ᠤ᠋ᠨ ᠴᠢᠨᠠᠷᠲᠠᠢ ᠳᠠᠢ᠌ᠯᠠᠯᠳᠤᠭᠠᠨ ᠢ᠋ ᠪᠦᠬᠦ᠌ ᠬᠦᠴᠦᠨ ᠵᠢᠠᠷ ᠵᠢᠠᠨ ᠰᠠᠢ᠌ᠲᠤᠷ ᠬᠢᠵᠦ᠍᠂ ᠨᠠᠢ᠌ᠳᠡ ᠠᠮᠢ ᠠᠬᠤᠶ ᠶ᠋ᠢᠨ ᠪᠥᠲᠥᠭᠡᠨ ᠪᠠᠢᠭᠤᠯᠤᠯᠲᠠ ᠵᠢ 1.23 ᠳ᠋ᠦᠩᠱᠢᠭᠤᠷ ᠮᠦ᠍᠂ ᠡᠯᠡᠰᠣᠷᠭᠡᠭ᠌ᠵᠢᠯ ᠢ᠋ ᠰᠡᠷᠭᠡᠢᠯᠡᠨ ᠡᠯᠡᠰᠦ ᠶ᠋ᠢ ᠵᠠᠰᠠᠬᠤ ᠶ᠋ᠢ 6688 ᠲᠦᠮᠡᠨ ᠮᠥ᠍ ᠪᠡᠶᠡᠯᠡᠭᠦᠯᠦᠨ᠂ ᠴᠥᠮ ᠪᠥᠬᠦ᠌ ᠤᠯᠤᠰ ᠤ᠋ᠨ ᠲᠡᠷᠢᠭᠦᠨ ᠳ᠋ᠤ ᠪᠠᠢ᠌ᠷᠢᠯᠠᠪᠠ
ᠬᠥᠬᠡ ᠣᠭ᠍ᠲᠠᠷᠭᠤᠢ᠂ ᠴᠡᠩᠭᠡᠭ ᠤᠰᠤ᠂ ᠴᠡᠪᠡᠷ ᠬᠥᠷᠥᠰᠥ ᠶ᠋ᠢᠨ ᠬᠠᠮᠠᠭᠠᠯᠠᠯᠲᠠ ᠶ᠋ᠢᠨ ᠳᠠᠢ᠌ᠯᠠᠯᠳᠤᠭᠠᠨ ᠴᠢᠬᠤᠯᠠ ᠶᠡᠭᠡ ᠦᠷ᠎ᠡ ᠪᠦᠲᠦᠭᠡᠯ ᠣᠯᠵᠤ᠂ ᠴᠡᠪᠡᠷ ᠰᠠᠢ᠌ᠨ ᠠᠭᠠᠷ ᠲᠠᠢ ᠡᠳᠦᠷ ᠤ᠋ᠨ ᠲᠣᠭᠠᠨ ᠤ᠋ ᠬᠠᠷᠢᠴᠠᠯ ᠢ᠋ 90% ᠡᠴᠡ ᠳᠡᠭᠡᠭ᠌ᠰᠢ ᠪᠠᠢ᠌ᠯᠭᠠᠬᠤ ᠶ᠋ᠢ ᠪᠠᠲᠤᠯᠠᠵᠦ᠂ ᠬᠠᠲᠤᠨ ᠭᠤᠣᠯ ᠤ᠋ᠨ ᠭᠤᠣᠯ ᠤᠷᠤᠰᠭᠠᠯ ᠤ᠋ᠨ ᠦᠪᠣᠷ ᠮᠣᠩᠭᠤᠯ ᠳ᠋ᠠᠬᠢ ᠬᠡᠰᠡᠭ ᠤ᠋ᠨ ᠤᠰᠤᠨ ᠤ᠋ ᠴᠢᠨᠠᠷ 6 ᠵᠢᠯ ᠳᠠᠷᠠᠭᠠᠯᠠᠨ II ᠲᠥᠷᠥᠯ ᠪᠠᠢ᠌ᠬᠤᠶ᠋ᠢ ᠪᠠᠲᠤᠯᠠᠪᠠ
ᠪᠣᠯᠣᠳ ᠲᠡᠮᠦᠷ᠂ ᠥᠩᠭᠡᠲᠦ ᠲᠡᠮᠦᠷᠯᠢᠭ᠂ ᠬᠢᠮᠢ ᠶ᠋ᠢᠨ ᠠᠵᠤ ᠦᠢᠯᠡᠳᠪᠦᠷᠢ ᠵᠡᠷᠭᠡ ᠭᠤᠣᠯᠳᠠᠯᠭ᠎ᠠ ᠪᠣᠯᠬᠤ ᠠᠵᠢᠯ ᠲᠥᠷᠥᠯ ᠤ᠋ᠨ 46 ᠵᠦᠢᠯ ᠤ᠋ᠨ ᠦᠢᠯᠡᠳᠬᠦᠨ ᠤ᠋ ᠡᠨᠧᠷᠭᠢ ᠶ᠋ᠢᠨ ᠬᠤᠷᠣᠭ᠍ᠳᠠᠯ ᠤᠯᠤᠰ ᠤ᠋ᠨ ᠲᠡᠷᠢᠭᠦᠨ ᠤ᠋ ᠬᠡᠮᠵᠢᠭ᠌ᠳᠡᠯ ᠳ᠋ᠤ ᠬᠦᠷᠪᠠ
ᠣᠷᠳᠣᠰ ᠤ᠋ᠨ ᠮᠧᠩ ᠰᠦ ᠠᠵᠤ ᠠᠬᠤᠢ ᠵᠢᠨ ᠨᠡᠬᠡᠭᠡᠯᠲᠡ ᠵᠢᠨ ᠤᠷᠤᠨ᠂ ᠪᠤᠭᠤᠲᠤ ᠶ᠋ᠢᠨ ᠬᠤᠪᠣᠷ ᠱᠢᠷᠣᠢ ᠶ᠋ᠢᠨ ᠳᠡᠭᠡᠳᠦ ᠱᠢᠨ᠎ᠡ ᠮᠡᠷᠭᠡᠵᠢᠯ ᠤ᠋ᠨ ᠠᠵᠤ ᠦᠢᠯᠡᠰ ᠤ᠋ᠨ ᠨᠡᠭᠡᠭᠡᠯᠲᠡ ᠶ᠋ᠢᠨ ᠣᠷᠣᠨ ᠠᠩᠬᠠᠳᠠᠭ᠍ᠴᠢ ᠪᠦᠯᠦᠭ ᠤᠯᠤᠰ ᠤ᠋ᠨ ᠳᠡᠰ ᠤ᠋ᠨ ᠲᠡᠭ ᠨᠡᠭᠦᠷᠡᠰᠦᠳᠦ᠋ᠷᠦᠭ᠌ᠴᠢᠲᠦ ᠬᠦᠷᠢᠶᠡᠯᠡᠩ ᠲᠣᠭᠤᠷᠢᠭ ᠤ᠋ᠨ ᠪᠦᠲᠦᠭᠡᠨ ᠪᠠᠢ᠌ᠭᠤᠯᠤᠯᠲᠠ ᠶ᠋ᠢᠨ ᠨᠡᠷᠡᠰ ᠲᠦ᠍ ᠰᠣᠩᠭᠤᠭ᠍ᠳᠠᠪᠠ
ᠡᠨᠡ ᠲᠠᠪᠤᠨ ᠵᠢᠯ ᠳ᠋ᠤ ᠠᠷᠠᠳ ᠤ᠋ᠨ ᠠᠮᠢᠳᠤᠷᠠᠯ ᠤ᠋ᠨ ᠪᠤᠶᠠᠨ ᠵᠢᠷᠭᠠᠯ ᠲᠡᠰᠤᠷᠡᠯᠳᠡ ᠦᠭᠡᠢ ᠨᠡᠮᠡᠭ᠌ᠳᠡᠪᠡ
ᠬᠤᠳᠠ ᠪᠠᠯᠭᠠᠰᠤᠨ ᠤ᠋ ᠨᠡᠢ᠌ᠲᠡ 106 ᠲᠦᠮᠡᠨ ᠬᠥᠮᠦᠨ ᠳ᠋ᠤ ᠱᠢᠨ᠎ᠡ ᠪᠠᠷ ᠠᠵᠢᠯ ᠣᠯᠭᠤᠪᠠ
ᠪᠠᠢ᠌ᠩᠭᠤ ᠰᠠᠭᠤᠭ᠎ᠠ ᠬᠥᠮᠥᠨ ᠠᠮᠠ ᠶ᠋ᠢᠨ ᠬᠤᠲᠠ ᠪᠠᠯᠭᠠᠰᠤᠵᠢᠯᠲᠠᠶ᠋ᠢᠨ ᠨᠣᠷᠮ᠎ᠠ 71.5% ᠳ᠋ᠦ᠍ ᠬᠦᠷᠪᠡ
ᠰᠠᠭᠤᠭᠠᠯᠢ ᠠᠷᠠᠳ ᠤ᠋ᠨ ᠬᠥᠮᠦᠨ ᠳᠤᠮᠳᠠᠴᠢ ᠶ᠋ᠢᠨ ᠡᠵᠡᠮᠳᠡᠵᠦ᠍ ᠪᠣᠯᠬᠤᠢ᠌ᠴᠠ ᠣᠷᠣᠯᠭ᠎ᠠ 4 ᠲᠦᠮᠡᠨ ᠲᠥᠭᠦᠷᠢᠭ ᠢ᠋ ᠳᠠᠪᠠᠵᠤ᠂ ᠪᠦᠬᠦ᠌ ᠤᠯᠤᠰ ᠤ᠋ᠨ 9 ᠳ᠋ᠤᠭᠡᠷ ᠲᠦ᠍ ᠪᠠᠢ᠌ᠷᠢᠯᠠᠪᠠ
ᠰᠤᠷᠬᠤ ᠨᠠᠰᠤᠨ ᠡᠴᠡ ᠡᠮᠦᠨᠡᠬᠢ ᠰᠤᠷᠭᠠᠨ ᠬᠥᠮᠦᠵᠢᠯ ᠤ᠋ᠨ ᠴᠡᠴᠡᠷᠯᠢᠭ ᠲᠸ᠋ ᠣᠷᠣᠭ᠍ᠰᠠᠨ ᠪᠣᠷᠤ ᠨᠣᠷᠮ᠎ᠠ᠂ ᠶᠢᠰᠦᠨ ᠵᠢᠯ ᠤ᠋ᠨ ᠠᠯᠪᠠᠨ ᠵᠢᠷᠤᠮ ᠤ᠋ᠨ ᠰᠤᠷᠭᠠᠨ ᠬᠥᠮᠦᠵᠢᠯ ᠢ᠋ ᠪᠠᠬᠢᠵᠢᠭᠦᠯᠦᠭ᠌ᠰᠡᠨ ᠨᠣᠷᠮ᠎ᠠ᠂ ᠥᠨᠳᠥᠷ ᠵᠡᠷᠭᠡ ᠶ᠋ᠢᠨ ᠳᠤᠮᠳᠠᠳᠤ ᠰᠤᠷᠭᠠᠭᠤᠯᠢ ᠶ᠋ᠢᠨ ᠱᠠᠲᠤᠨ ᠤ᠋ ᠰᠤᠷᠭᠠᠭᠤᠯᠢ ᠳ᠋ᠤ ᠣᠷᠣᠭ᠍ᠰᠠᠨ ᠪᠣᠷᠤ ᠨᠣᠷᠮ᠎ᠠ ᠴᠥᠮ ᠪᠥᠬᠦ᠌ ᠤᠯᠤᠰ ᠤ᠋ᠨ ᠳᠤᠮᠳᠠᠴᠢ ᠬᠢᠷᠢ ᠲᠦᠪᠱᠢᠨ ᠡᠴᠡ ᠥᠨᠳᠥᠷ ᠪᠠᠢ᠌ᠪᠠ
ᠡᠷᠢᠨ ᠵᠠᠭᠤᠨ ᠤ᠋ ᠬᠢᠵᠢᠭ᠌ ᠤ᠋ᠨ ᠪᠠᠢ᠌ᠳᠠᠯ ᠢ᠋ ᠯᠠᠪᠳᠠᠭᠤᠨ ᠲᠣᠭ᠍ᠲᠠᠭᠤᠨ ᠵᠢᠠᠷ ᠠᠷᠭᠠᠴᠠᠭᠠᠵᠤ᠂ ᠣᠯᠠᠨ ᠨᠡᠢ᠌ᠲᠡ ᠶ᠋ᠢᠨ ᠡᠷᠡᠭᠦᠯ ᠬᠠᠮᠠᠭᠠᠯᠠᠯ ᠤ᠋ᠨ ᠦᠢᠯᠡᠴᠢᠯᠡᠭᠡᠨ ᠤ᠋ ᠬᠢᠷᠢ ᠲᠦᠪᠱᠢᠨ ᠮᠡᠳᠡᠭ᠌ᠳᠡᠮᠡ ᠳᠡᠭᠡᠭ᠌ᠰᠢᠯᠡᠪᠡ
ᠤᠯᠤᠰ ᠤ᠋ᠨ ᠣᠷᠣᠨ ᠪᠦᠰᠡ ᠶ᠋ᠢᠨ ᠡᠮᠴᠢᠯᠡᠭᠡᠨ ᠤ᠋ ᠲᠥᠪ ᠢ᠋ 4 ᠨᠤᠲᠤᠭ᠍ᠰᠢᠭᠤᠯᠵᠤ᠂ ᠥᠪᠡᠷᠲᠡᠭᠡᠨ ᠵᠠᠰᠠᠬᠤ ᠣᠷᠣᠨ ᠤ᠋ ᠲᠤᠰᠭᠠᠢ ᠰᠠᠯᠠᠭᠠᠨ ᠤ᠋ ᠣᠷᠣᠨ ᠪᠦᠰᠡ ᠶ᠋ᠢᠨ ᠡᠮᠴᠢᠯᠡᠭᠡᠨ ᠤ᠋ ᠲᠥᠪ ᠢ᠋ 39 ᠪᠠᠢ᠌ᠷᠢᠱᠢᠭᠤᠯᠪᠠ
ᠡᠮᠴᠢᠯᠡᠭᠡᠨ ᠤ᠋ ᠳᠠᠭᠠᠳᠭᠠᠯ ᠤ᠋ᠨ ᠲᠥᠪᠯᠡᠷᠡᠭᠦᠯᠦᠨ ᠬᠡᠮᠵᠢᠶ᠎ᠡ ᠲᠣᠭ᠍ᠲᠠᠭᠠᠨ ᠬᠤᠳᠠᠯᠳᠤᠨ ᠠᠪᠬᠤ ᠪᠠᠷ ᠣᠯᠠᠨ ᠲᠦᠮᠡᠨ ᠳ᠋ᠤ 237 ᠳ᠋ᠦᠩᠱᠢᠭᠤᠷ ᠲᠥᠭᠦᠷᠢᠭ ᠤ᠋ᠨ ᠳᠠᠷᠤᠭᠠᠰᠤ ᠭᠦᠩᠭᠡᠯᠡᠪᠠ
《ᠥᠲᠡᠯᠦᠭ᠌ᠰᠡᠳ ᠲᠦ᠍ ᠰᠤᠪᠢᠯᠠᠯᠲᠠ ᠠᠰᠠᠷᠠᠯᠲᠠ ᠲᠠᠢ᠂ ᠨᠢᠯᠬᠠᠰ ᠲᠦ᠍ ᠰᠠᠢ᠌ᠨ ᠳᠣᠳᠣᠮᠳᠠᠯ ᠲᠠᠢ ᠪᠠᠢ᠌ᠬᠤ》 ᠶ᠋ᠢ ᠠᠬᠢᠭᠤᠯᠪᠠ
ᠬᠤᠲᠠ ᠬᠥᠳᠡᠭᠡ ᠶ᠋ᠢᠨ ᠠᠮᠢᠳᠤᠷᠠᠯ ᠤ᠋ᠨ ᠨᠠᠭᠠᠲᠤ ᠵᠠᠬ᠎ᠠ ᠶ᠋ᠢᠨ ᠪᠠᠲᠤᠯᠠᠭ᠎ᠠ ᠶ᠋ᠢᠨ ᠪᠠᠷᠢᠮᠵᠢᠶ᠎ᠠ ᠶ᠋ᠢ ᠳᠡᠭᠡᠭ᠌ᠰᠢᠯᠡᠭᠦᠯᠦᠭᠡᠳ ᠰᠠᠷ᠎ᠠ ᠪᠦᠷᠢ 815 ᠲᠥᠭᠦᠷᠢᠭ ᠪᠠ 615 ᠲᠥᠭᠦᠷᠢᠭ ᠪᠣᠯᠭᠠᠵᠦ᠂ ᠠᠷᠠᠳ ᠤ᠋ᠨ ᠠᠮᠢᠳᠤᠷᠠᠯ ᠤ᠋ᠨ ᠦᠨᠳᠦᠰᠦᠨ ᠪᠠᠲᠤᠯᠠᠭ᠎ᠠ ᠴᠦᠮ ᠪᠥᠬᠦ᠌ ᠤᠯᠤᠰ ᠤ᠋ᠨ ᠳᠤᠮᠳᠠᠴᠢ ᠬᠢᠷᠢ ᠲᠦᠪᠱᠢᠨ ᠳ᠋ᠤ ᠬᠦᠷᠦᠭ᠌ᠰᠡᠨ ᠪᠤᠶᠤ ᠲᠡᠭᠦᠨ ᠡᠴᠡ ᠳᠠᠪᠠᠪᠠ
《ᠬᠠᠯᠠᠮᠵᠢ ᠶ᠋ᠢᠨ ᠨᠡᠭᠦᠷᠡᠰᠦ》 ᠶ᠋ᠢ ᠨᠡᠢ᠌ᠲᠡ ᠳ᠋ᠦᠩᠱᠢᠭᠤᠷ ᠲᠣᠨ ᠬᠠᠩᠭᠠᠪᠠ
《ᠰᠠᠭᠤᠬᠤ ᠣᠷᠣᠨ ᠰᠠᠭᠤᠴᠠ ᠲᠠᠢ ᠪᠠᠢ᠌ᠬᠤ》 ᠡᠴᠠ《ᠰᠠᠭᠤᠬᠤ ᠳ᠋ᠤ ᠲᠣᠬᠢᠯᠢᠬ ᠣᠷᠣᠨ ᠰᠠᠭᠤᠴᠠ ᠲᠠᠢ ᠪᠠᠢ᠌ᠬᠤ》 ᠲᠡᠢ᠌ᠰᠢ ᠲᠠᠰᠤᠷᠠᠯᠲᠠ ᠦᠭᠡᠢ ᠠᠬᠢᠪᠠ
ᠶᠠᠳᠠᠭᠤ ᠡᠴᠡ ᠠᠩᠭᠢᠵᠢᠷᠠᠭᠤᠯᠬᠤ ᠱᠢᠪᠲᠤᠯᠤᠯᠲᠠ ᠶ᠋ᠢᠨ ᠦᠷ᠎ᠡ ᠪᠦᠲᠦᠭᠡᠯ ᠵᠢᠠᠨ ᠪᠠᠬᠢᠵᠢᠭᠦᠯᠦᠨ ᠥᠷᠭᠡᠳᠭᠡᠬᠦ᠌ ᠶ᠋ᠢ ᠬᠥᠳᠡᠭᠡ ᠲᠣᠰᠭᠤᠨ ᠢ᠋ ᠬᠥᠭ᠌ᠵᠢᠭᠦᠯᠦᠨ ᠮᠠᠨᠳᠤᠭᠤᠯᠬᠤᠯᠤᠭᠠ ᠪᠦᠲᠦᠮᠵᠢᠲᠡᠢ ᠵᠣᠯᠭᠠᠭᠤᠯᠬᠤ 5 ᠵᠢᠯ ᠤ᠋ᠨ ᠱᠢᠯᠵᠢᠯᠲᠡ ᠶ᠋ᠢᠨ ᠬᠤᠭᠤᠴᠠᠭᠠᠨ ᠤ᠋ ᠡᠭᠦᠷᠭᠡ ᠪᠠᠨ ᠪᠡᠶᠡᠯᠡᠭᠦᠯᠪᠠ
ᠪᠡᠭᠡᠵᠢᠩ ᠥᠪᠥᠷ ᠮᠣᠩᠭᠤᠯ ᠤ᠋ᠨ ᠬᠠᠮᠵᠢᠯᠴᠠᠭᠠᠨ ᠤ᠋ 《ᠵᠢᠷᠭᠤᠭ᠎ᠠ ᠶ᠋ᠢ ᠳᠠᠬᠢᠨ ᠵᠢᠠᠷ ᠨᠡᠮᠡᠭ᠌ᠳᠡᠭᠦᠯᠬᠦ᠌ ᠲᠥᠯᠥᠪᠯᠡᠭᠡ》 ᠮᠡᠳᠡᠭ᠌ᠳᠡᠬᠦ᠋ᠢᠴᠡ ᠦᠷ᠎ᠡ ᠪᠦᠲᠦᠮᠵᠢ ᠣᠯᠪᠠ
ᠡᠨᠡ ᠲᠠᠪᠤᠨ ᠵᠢᠯ ᠳ᠋ᠤ ᠦᠨᠳᠦᠰᠦᠲᠡᠨ ᠤ᠋ ᠪᠦᠯᠬᠦᠮᠳᠡᠯ ᠤ᠋ᠨ ᠪᠠᠢ᠌ᠳᠠᠯ ᠦᠷᠭᠦᠯᠵᠢᠯᠡᠨ ᠪᠠᠬᠢᠵᠢᠪᠡ
ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠤ ᠴᠣᠭ᠍ᠴᠠᠯᠠᠬᠤ ᠪᠠᠷ ᠦᠨᠳᠣᠰᠣᠳᠡᠨ ᠤ᠋ ᠭᠠᠵᠡᠷ ᠣᠷᠣᠨ ᠤ᠋ ᠡᠯ᠎ᠡ ᠵᠦᠢᠯ ᠤ᠋ᠨ ᠠᠵᠢᠯ ᠤ᠋ᠨ ᠭᠤᠣᠯ ᠱᠢᠵᠢᠮ ᠪᠣᠯᠭᠠᠪᠠ
ᠪᠥᠬᠦ᠌ ᠤᠯᠤᠰ ᠤ᠋ᠨ ᠦᠨᠳᠦᠰᠦᠲᠡᠨ ᠤ᠋ ᠪᠦᠯᠬᠦᠮᠳᠡᠯ ᠳᠠᠪᠱᠢᠯᠲᠠ ᠶ᠋ᠢᠨ ᠦᠯᠢᠭᠡᠷ ᠳᠠᠭᠤᠷᠢᠶᠠᠯᠲᠤ ᠨᠡᠢ᠌ᠲᠡᠯᠢᠭ ᠵᠢᠱ᠌ᠢᠶ᠎ᠡ ᠶ᠋ᠢ ᠠᠮᠵᠢᠯᠲᠠ ᠲᠠᠢ ᠪᠠᠷ 65 ᠡᠭᠦᠳᠦᠨ ᠪᠠᠢᠭᠤᠯᠪᠠ
ᠤᠯᠤᠰ ᠤ᠋ᠨ ᠨᠡᠢᠳᠡᠮ ᠬᠡᠷᠡᠭ᠌ᠯᠡᠬᠦ᠌ ᠦᠭᠡ ᠬᠡᠯᠡ ᠥᠰᠥᠭ ᠪᠢᠴᠢᠭ ᠢ᠋ ᠪᠥᠬᠦ᠌ ᠲᠠᠯ᠎ᠠ ᠪᠠᠷ ᠳᠡᠯᠭᠡᠷᠡᠭᠦᠯᠦᠨ ᠲᠦᠭᠡᠮᠡᠯᠵᠢᠭᠦᠯᠵᠦ᠍᠂ ᠤᠯᠤᠰ ᠤ᠋ᠨ ᠨᠢᠭᠡᠳᠦᠯᠲᠡᠶ ᠨᠠᠢᠷᠠᠭᠤᠯᠤᠭ᠍ᠰᠠᠨ ᠵᠢᠭᠠᠬᠤ ᠮᠠᠲ᠋ᠧᠷᠢᠶᠠᠯ ᠢ᠋ ᠪᠥᠬᠦ᠌ ᠲᠠᠯ᠎ᠠ ᠪᠠᠷ ᠳᠡᠯᠭᠡᠷᠡᠭᠦᠯᠦᠨ ᠬᠡᠷᠡᠭ᠌ᠯᠡᠪᠠ
ᠦᠨᠳᠦᠰᠦᠲᠡᠨᠨᠦᠭᠦᠳ ᠤ᠋ᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠭ᠎ᠠ ᠨᠠᠩ ᠨᠢᠭ᠍ᠲᠠᠷᠠᠵᠤ᠂ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠬᠥᠮᠦᠰ ᠤ᠋ᠨ ᠰᠡᠳᠭᠢᠯ ᠳ᠋ᠤ ᠭᠦᠨ ᠰᠠᠭᠤᠭ᠍ᠳᠠᠪᠠ
ᠠᠷᠪᠠᠨ ᠳᠥᠷᠪᠡᠳᠦᠭᠡᠷ ᠬᠤᠭᠤᠴᠠᠭᠠᠨ ᠤ᠋ ᠪᠦᠬᠦ᠌ ᠤᠯᠤᠰ ᠤ᠋ᠨ ᠡᠪᠦᠯ ᠤ᠋ᠨ ᠤᠯᠠᠷᠢᠯ ᠤ᠋ᠨ ᠲᠠᠮᠢᠷ ᠤ᠋ᠨ ᠴᠤᠭ᠍ᠯᠠᠭᠠᠨ ᠢ᠋ ᠳᠠᠭᠠᠭᠠᠨ ᠡᠷᠬᠢᠯᠡᠪᠠ
7 ᠬᠤᠲᠠ ᠪᠦᠬᠦ᠌ ᠤᠯᠤᠰ ᠤ᠋ᠨ ᠪᠣᠯᠪᠠᠰᠤᠨ ᠬᠤᠲᠠ ᠪᠠᠷ ᠦᠨᠡᠯᠡᠭ᠌ᠳᠡᠪᠠ
ᠷᠠᠱᠢᠶᠠᠨ ᠤ᠋ ᠤᠯᠤᠰ ᠤ᠋ᠨ ᠲᠡᠰ ᠤ᠋ᠨ ᠵᠢᠭᠤᠯᠴᠢᠯᠠᠯ ᠠᠮᠠᠷᠠᠯᠲᠠ ᠶ᠋ᠢᠨ ᠣᠷᠣᠨ ᠪᠠ ᠮᠠᠷᠭᠡᠯ ᠭᠤᠣᠯ᠂ ᠯᠣᠣ ᠨᠢᠤ ᠸᠠᠨ ᠬᠠᠳᠤᠨ ᠭᠤᠣᠯ ᠤ᠋ᠨ ᠶᠡᠭᠡ ᠬᠠᠪᠴᠢᠯ 5A ᠲᠡᠰ ᠤ᠋ᠨ ᠦᠵᠡᠮᠵᠢ ᠶ᠋ᠢᠨ ᠣᠷᠣᠨ ᠵᠢᠠᠷ ᠵᠥᠪᠱᠢᠶᠡᠷᠡᠭ᠌ᠳᠡᠪᠠ
ᠪᠠᠳᠠᠢ ᠶ᠋ᠢᠨ ᠵᠢᠷᠠᠨ ᠤ᠋ ᠡᠯᠡᠰᠦ — ᠡᠯᠡᠰᠦᠨ ᠴᠣᠬᠢᠶ᠎ᠠ ᠨᠠᠭᠤᠷ ᠪᠦᠷᠢᠳᠦ᠍ᠨᠦᠭᠦᠳ ᠥᠪ ᠵᠢᠠᠷ ᠠᠮᠵᠢᠯᠲᠠ ᠲᠠᠢ ᠭᠤᠶᠤᠴᠢᠯᠠᠪᠠ
ᠯᠢᠶᠣᠤ ᠣᠯᠣᠰ ᠤ᠋ᠨ ᠳᠡᠭᠡᠳᠦ ᠨᠡᠢ᠌ᠰᠯᠡᠯ᠂ ᠲᠥ᠋ ᠴᠧᠩ ᠽᠢ᠂ ᠱᠢᠷᠬᠤᠰᠣ ᠶ᠋ᠢᠨ ᠪᠠᠭᠤᠷᠢᠨᠢ ᠤᠯᠤᠰ ᠤ᠋ᠨ ᠬᠠᠭᠤᠴᠢ ᠰᠤᠳᠤᠯᠤᠯ ᠤ᠋ᠨ ᠪᠠᠭᠤᠷᠢ ᠶ᠋ᠢᠨ ᠴᠡᠴᠡᠷᠯᠢᠭ ᠵᠢᠠᠷ ᠰᠣᠩᠭᠤᠭ᠍ᠳᠠᠪᠠ
6 ᠮᠦᠽᠧᠢ ᠤᠯᠤᠰ ᠤ᠋ᠨ ᠨᠢᠭᠡᠳᠦᠭᠡᠷ ᠳᠡᠰ ᠤ᠋ᠨ ᠮᠦᠽᠧᠢ ᠳ᠋ᠤ ᠲᠠᠪᠱᠢᠨ ᠣᠷᠣᠪᠠ
ᠤᠳᠭ᠎ᠠ ᠤᠷᠠᠯᠢᠭ ᠤ᠋ᠨ 10 ᠪᠦᠲᠦᠭᠡᠯ ᠸᠧᠨ ᠬᠤᠸᠠ ᠱᠠᠩᠨᠠᠯ᠂ ᠯᠢᠩᠬ᠍ᠸ᠋ᠠ ᠱᠠᠩᠨᠠᠯ ᠢ᠋ ᠬᠦᠷᠲᠡᠪᠡ
ᠬᠢᠯᠢ ᠬᠢᠵᠠᠭᠠᠷ ᠣᠷᠣᠨ ᠤ᠋ ᠴᠡᠷᠢᠭ ᠠᠩᠭᠢ ᠪᠠ ᠣᠷᠣᠨ ᠨᠤᠲᠤᠭ ᠢ᠋ ᠨᠢᠭᠡ ᠴᠣᠭ᠍ᠴᠠᠵᠢᠭᠤᠯᠬᠤ ᠭᠤᠷᠪᠠᠨ ᠵᠢᠯ ᠤ᠋ᠨ ᠠᠵᠢᠯᠯᠠᠭᠠᠨ ᠢ᠋ ᠲᠡᠭᠦᠰ ᠠᠮᠵᠢᠯᠲᠠ ᠲᠠᠢ ᠪᠡᠶᠡᠯᠡᠭᠦᠯᠵᠦ᠍᠂ ᠨᠠᠮ ᠵᠠᠰᠠᠭ ᠴᠡᠷᠢᠭ ᠴᠠᠭ᠍ᠳᠠᠭᠠ ᠠᠷᠠᠳ ᠬᠦᠴᠦ᠍ ᠪᠠᠨ ᠬᠠᠮᠲᠤᠳᠭᠠᠨ ᠬᠢᠯᠢ ᠬᠢᠵᠠᠭᠠᠷ ᠤ᠋ᠨ ᠪᠦᠲᠦᠭᠡᠨ ᠪᠠᠢ᠌ᠭᠤᠯᠤᠯᠲᠠ ᠶ᠋ᠢ ᠴᠢᠩᠳᠡᠯᠡᠨ ᠬᠢᠯᠢ ᠬᠢᠵᠠᠭᠠᠷ ᠵᠢᠠᠨ ᠪᠠᠬᠢᠵᠢᠭᠦᠯᠪᠡ
2025 ᠣᠨ ᠤ᠋ ᠠᠵᠢᠯ ᠤ᠋ᠨ ᠡᠷᠭᠢᠴᠡᠭᠦᠯᠦᠯ
ᠨᠢᠭᠡ ᠳ᠋ᠤ ᠠᠵᠤ ᠠᠬᠤᠶ ᠵᠢᠨ ᠲᠣᠭ᠍ᠲᠠᠭᠤᠨ ᠠᠵᠢᠯᠯᠠᠭᠠᠨ ᠢ᠋ ᠪᠠᠲᠤᠯᠠᠪᠠ
ᠤᠷᠤᠨ ᠨᠤᠳᠤᠭ ᠤ᠋ᠨ ᠦᠢᠯᠡᠳᠪᠦᠷᠢᠯᠡᠯ ᠤ᠋ᠨ ᠶᠡᠷᠦᠩᠬᠡᠢ ᠥᠷᠲᠡᠭ 4.7% ᠪᠠᠷ ᠨᠡᠮᠡᠭ᠌ᠳᠡᠨ᠂ ᠪᠦᠬᠦ᠌ ᠤᠯᠤᠰ ᠤ᠋ᠨ ᠬᠢ ᠡᠴᠡ 0.3 ᠵᠠᠭᠤᠨ ᠤ᠋ ᠴᠡᠭ ᠳᠣᠣᠷ᠎ᠠ ᠪᠠᠢᠪᠠ
ᠬᠡᠪᠴᠢᠶᠡᠵᠢᠯ ᠡᠴᠡ ᠳᠡᠭᠡᠭ᠌ᠰᠢᠬᠢ ᠠᠵᠤ ᠦᠢᠯᠡᠳᠪᠦᠷᠢ ᠵᠢᠨ ᠨᠡᠮᠡᠭ᠌ᠳᠡᠯ ᠥᠷᠲᠡᠭ 6.7% ᠪᠠᠷ ᠨᠡᠮᠡᠭ᠌ᠳᠡᠨ᠂ ᠪᠦᠬᠦ᠌ ᠤᠯᠤᠰ ᠤ᠋ᠨ ᠬᠢ ᠡᠴᠡ 0.8 ᠵᠠᠭᠤᠨ ᠤ᠋ ᠴᠡᠭ ᠦᠨᠳᠦᠷ ᠪᠠᠢᠪᠠ
ᠲᠣᠭ᠍ᠲᠠᠮᠠᠯ ᠬᠥᠷᠥᠩᠭᠡ ᠵᠢᠨ ᠪᠡᠯᠡ ᠣᠷᠤᠭᠤᠯᠤᠯᠲᠠ 4% ᠪᠠᠷ ᠨᠡᠮᠡᠭ᠌ᠳᠡᠨ᠂ ᠪᠦᠬᠦ᠌ ᠤᠯᠤᠰ ᠤ᠋ᠨ ᠬᠢ ᠡᠴᠡ 7.8 ᠵᠠᠭᠤᠨ ᠤ᠋ ᠴᠡᠭ ᠦᠨᠳᠦᠷ ᠪᠠᠢᠪᠠ
ᠨᠡᠢ᠌ᠭᠡᠮ ᠤ᠋ᠨ ᠬᠡᠷᠡᠭ᠌ᠯᠡᠭᠡ ᠵᠢᠨ ᠵᠦᠢᠯ ᠤ᠋ᠨ ᠵᠢᠵᠢᠭ᠌ᠯᠡᠨ ᠬᠤᠳᠠᠯᠳᠤᠭ᠍ᠰᠠᠨ ᠶᠡᠷᠦᠩᠬᠡᠢ ᠲᠤᠭ᠎ᠠ 4.3% ᠪᠠᠷ ᠨᠡᠮᠡᠭ᠌ᠳᠡᠨ ᠂ ᠪᠦᠬᠦ᠌ ᠤᠯᠤᠰ ᠤ᠋ᠨ ᠬᠢ ᠡᠴᠡ 0.6 ᠵᠠᠭᠤᠨ ᠤ᠋ ᠴᠡᠭ ᠦᠨᠳᠦᠷ ᠪᠠᠢᠪᠠ
ᠭᠠᠳᠠᠭᠠᠳᠤ ᠡᠴᠡ ᠣᠷᠣᠭᠤᠯᠵᠤ ᠭᠠᠳᠠᠭᠠᠳᠤ ᠳ᠋ᠤ ᠭᠠᠷᠭᠠᠭ᠍ᠰᠠᠨ ᠶᠡᠷᠦᠩᠬᠡᠢ ᠥᠷᠲᠡᠭ 6.4% ᠪᠠᠷ ᠨᠡᠮᠡᠭ᠌ᠳᠡᠨ᠂ ᠪᠦᠬᠦ᠌ ᠤᠯᠤᠰ ᠤ᠋ᠨ ᠬᠢ ᠡᠴᠡ 2.6 ᠵᠠᠭᠤᠨ ᠤ᠋ ᠴᠡᠭ ᠦᠨᠳᠦᠷ ᠪᠠᠢ᠌ᠪᠠ
ᠬᠤᠶᠠᠷᠲᠤ ᠠᠵᠤ ᠦᠢᠯᠡᠰ ᠢ᠋ ᠱᠢᠯᠢᠳᠡᠭ᠌ᠵᠢᠭᠦᠯᠦᠨ ᠳᠡᠰ ᠳᠡᠪᠱᠢᠭᠦᠯᠬᠦ᠌ ᠵᠢ ᠲᠦᠷᠭᠡᠳᠭᠡᠪᠡ
ᠡᠪᠡᠰᠦᠨ ᠤ᠋ ᠦᠢᠯᠡᠰᠨᠢ ᠰᠦ ᠰᠠᠭᠠᠯᠢ ᠵᠢᠨ ᠦᠢᠯᠡᠰ᠂ ᠡᠷᠳᠡᠨᠢ ᠱᠢᠰᠢ᠂ ᠠᠯᠠᠱᠢᠨ ᠬᠤᠨᠢᠨ ᠤ᠋ ᠦᠢᠯᠡᠰ ᠤ᠋ᠨ ᠳᠠᠷᠠᠭᠠᠬᠢ 4 ᠳ᠋ᠡᠬᠢ ᠮᠢᠩᠭᠠᠨ ᠳ᠋ᠦᠩᠱᠢᠭᠤᠷ ᠤ᠋ᠨ ᠳᠡᠰ ᠤ᠋ᠨ ᠲᠠᠷᠢᠶᠠᠯᠠᠩ ᠮᠠᠯ ᠠᠵᠤ ᠠᠬᠤᠢ ᠵᠢᠨ ᠠᠵᠤ ᠦᠢᠯᠡᠰ ᠪᠣᠯᠪᠠ
ᠠᠵᠤ ᠦᠢᠯᠡᠳᠪᠦᠷᠢ ᠵᠢᠨ ᠢᠨᠲ᠋ᠧᠷ ᠰᠦᠯᠵᠢᠶᠡᠨ ᠲᠠᠪᠴᠠᠩ ᠢ᠋ 41 ᠪᠠᠢ᠌ᠭᠤᠯᠵᠤ ᠳᠠᠭᠤᠰᠭᠠᠨ᠂ ᠠᠵᠤ ᠦᠢᠯᠡᠳᠪᠦᠷᠢ ᠵᠢᠨ ᠳ᠋ᠢᠭᠢᠲ᠋ᠴᠢᠯᠡᠭ᠌ᠰᠡᠨ ᠪᠦᠬᠦᠯᠢ ᠴᠣᠭ᠍ᠴᠠ ᠵᠢᠨ ᠬᠢᠷᠢ ᠲᠦᠪᠱᠢᠨ ᠪᠦᠬᠦ᠌ ᠤᠯᠤᠰ ᠤ᠋ᠨ ᠳᠤᠮᠳᠠ ᠲᠦᠪᠱᠢᠨ ᠳ᠋ᠤ ᠣᠷᠣᠪᠠ
ᠠᠩᠬᠠᠳᠠᠭ᠍ᠴᠢ ᠡᠯᠡᠰᠦᠨ ᠴᠦᠯ ᠭᠤᠪᠢ ᠴᠦᠯᠯᠡᠷᠬᠡᠭ ᠣᠷᠣᠨ ᠳ᠋ᠠᠬᠢ ᠲᠣᠮᠣ ᠰᠠᠭᠤᠷᠢᠨ ᠵᠢᠴᠢ ᠭᠠᠳᠠᠭ᠍ᠰᠢ ᠬᠦᠷᠭᠡᠬᠦ᠌ ᠨᠡᠪᠲᠡᠷᠡᠯ ᠵᠠᠮ ᠢ᠋ ᠠᠵᠢᠯ ᠡᠬᠢᠯᠡᠭᠦᠯᠦᠨ ᠪᠦᠲᠦᠭᠡᠨ ᠪᠠᠢ᠌ᠭᠤᠯᠪᠠ
ᠨᠥᠭᠡᠴᠡ ᠡᠨᠧᠷᠭᠢ ᠵᠢᠨ ᠮᠠᠱᠢᠨ ᠴᠣᠭ᠍ᠴᠠᠯᠠᠪᠤᠷᠢ 1900 ᠲᠦᠮᠡᠨ ᠺᠢᠯᠣᠸᠠᠲᠲᠤ ᠬᠦᠷᠴᠠᠢ
ᠪᠣᠬᠢᠷᠲᠤᠯ ᠦᠭᠡᠢ ᠤᠰᠤᠲᠥ᠋ᠷᠥᠭ᠌ᠴᠢ ᠦᠢᠯᠡᠳᠪᠦᠷᠢᠯᠡᠭ᠌ᠰᠡᠨ ᠬᠡᠮᠵᠢᠶ᠎ᠡ ᠲᠦᠮᠡᠨ ᠲᠣᠨ ᠢ᠋ ᠳᠠᠪᠠᠪᠠ
ᠪᠦᠬᠦ᠌ ᠤᠯᠤᠰ ᠤ᠋ᠨ ᠠᠩᠬᠠᠳᠠᠭ᠍ᠴᠢ ᠶᠡᠭᠡ ᠬᠡᠪᠴᠢᠶᠡᠨ ᠤ᠋ ᠠᠯᠤᠰ ᠵᠠᠢ ᠵᠢᠨ ᠤᠰᠤᠲᠥ᠋ᠷᠥᠭ᠌ᠴᠢ ᠳᠠᠮᠵᠢᠭᠤᠯᠬᠤ ᠬᠤᠭᠤᠯᠠᠢ ᠭᠤᠤᠷᠰᠤ ᠵᠢ ᠨᠡᠪᠳᠡᠷᠡᠭᠦᠯᠪᠡ
ᠬᠤᠪᠣᠷ ᠱᠢᠷᠣᠢ᠂ ᠨᠥᠭᠡᠴᠡ ᠡᠨᠧᠷᠭᠢ᠂ ᠤᠰᠤᠲᠥ᠋ᠷᠥᠭ᠌ᠴᠢ ᠡᠨᠧᠷᠭᠢ ᠵᠡᠷᠭᠡ ᠬᠦᠷᠢᠶ᠎ᠡ ᠴᠠᠷᠠᠭᠠᠨ ᠳ᠋ᠤ ᠨᠢᠭᠡ ᠪᠦᠯᠦᠭ ᠪᠡᠯᠭᠡ ᠲᠡᠮᠳᠡᠭ ᠤ᠋ᠨ ᠴᠢᠨᠠᠷᠲᠠᠢ ᠦᠷ᠎ᠡ ᠪᠦᠲᠦᠭᠡᠯ ᠤ᠋ᠳ ᠪᠣᠢ ᠪᠣᠯᠵᠤ᠂ ᠮᠡᠷᠭᠡᠵᠢᠯ ᠤ᠋ᠨ ᠭᠡᠷ᠎ᠡ ᠵᠢᠨ ᠠᠷᠠᠯᠵᠢᠶᠠᠯᠠᠭ᠍ᠰᠠᠨ ᠲᠤᠭ᠎ᠠ 48% ᠪᠠᠷ ᠨᠡᠮᠡᠭ᠌ᠳᠡᠵᠦ᠍᠂ ᠳᠡᠭᠡᠳᠦ ᠮᠡᠷᠭᠡᠵᠢᠯ ᠤ᠋ᠨ ᠦᠢᠯᠡᠳᠬᠦ᠌ ᠦᠢᠯᠡᠰ ᠤ᠋ᠨ ᠨᠡᠮᠡᠭ᠌ᠳᠡᠯ ᠥᠷᠲᠡᠭ 17.5% ᠪᠠᠷ ᠨᠡᠮᠡᠭ᠌ᠳᠡᠪᠡ
ᠪᠦᠬᠦ᠌ ᠣᠷᠣᠨ ᠤ᠋ ᠬᠡᠪᠴᠢᠶᠡᠵᠢᠯ ᠡᠴᠡ ᠳᠡᠭᠡᠭ᠌ᠰᠢᠬᠢ ᠦᠢᠯᠡᠴᠢᠯᠡᠭᠡᠨ ᠤ᠋ ᠦᠢᠯᠡᠰ ᠤ᠋ᠨ ᠠᠵᠤ ᠠᠬᠤᠢ᠌ᠯᠠᠯ 2000 ᠵᠢ ᠳᠠᠪᠠᠵᠤ᠂ ᠪᠦᠬᠦ᠌ ᠵᠢᠯ ᠳ᠋ᠤ ᠵᠢᠭᠤᠯᠴᠢᠯᠠᠭ᠍ᠴᠢᠳ ᠢ᠋ 3 ᠳ᠋ᠦᠩᠱᠢᠭᠤᠷ ᠬᠥᠮᠥᠨ ᠤᠳᠠᠭ᠎ᠠ ᠬᠦᠯᠢᠶᠡᠨ ᠠᠪᠴᠤ᠌᠂ ᠶᠡᠷᠦᠩᠬᠡᠢ ᠬᠡᠷᠡᠭ᠌ᠯᠡᠭᠡ ᠵᠢᠨ ᠵᠠᠷᠤᠳᠠᠯ 4500 ᠳ᠋ᠦᠩᠱᠢᠭᠤᠷ ᠲᠥᠭᠦᠷᠢᠭ ᠢ᠋ ᠳᠠᠪᠠᠪᠠ
ᠭᠤᠷᠪᠠ ᠳ᠋ᠤ ᠥᠭᠡᠷᠡᠴᠢᠯᠡᠯᠲᠡ ᠨᠡᠭᠡᠭᠡᠯᠲᠡ ᠵᠢ ᠪᠦᠬᠦ᠌ ᠲᠠᠯ᠎ᠠ ᠪᠠᠷ ᠭᠦᠨᠵᠡᠭᠡᠢ᠌ᠷᠡᠭᠦᠯᠪᠡ
ᠬᠡᠯᠪᠡᠷᠢᠴᠢ ᠦᠵᠡᠯ ᠢ᠋ ᠶᠡᠭᠡ ᠪᠠᠷ ᠴᠡᠭ᠌ᠴᠡᠯᠡᠨ ᠵᠠᠰᠠᠵᠤ ᠦᠨᠳᠦᠰᠦᠨ ᠱᠠᠲᠤᠨ ᠤ᠋ ᠳᠠᠷᠤᠭᠠᠰᠤ ᠵᠢ ᠬᠦᠩᠭᠡᠷᠡᠭᠦᠯᠵᠦ᠍᠂ 456 ᠵᠦᠢᠯᠡᠰ ᠢ᠋《ᠪᠦᠬᠦ᠌ ᠣᠷᠣᠨ ᠳ᠋ᠤ ᠨᠡᠢ᠌ᠳᠡᠮ ᠭᠦᠢᠴᠡᠳᠭᠡᠬᠦ᠌》 ᠵᠢ ᠠᠬᠢᠭᠤᠯᠵᠤ᠂《ᠥᠨᠳᠥᠷ ᠪᠦᠲᠦᠮᠵᠢᠲᠡᠶ ᠪᠠᠷ ᠨᠢᠭᠡ ᠠᠵᠢᠯ ᠶᠠᠪᠤᠳᠠᠯ ᠢ᠋ ᠭᠦᠢᠴᠡᠣᠡᠭᠡᠭᠦ᠌》 ᠭᠤᠤᠯᠳᠠᠯᠭ᠎ᠠ ᠪᠣᠯᠬᠤ ᠵᠦᠢᠯᠡᠰ ᠢ᠋ 30 ᠭᠠᠷᠭᠠᠪᠠ
ᠦᠪᠡᠷᠳᠡᠭᠡᠨ ᠵᠠᠰᠠᠬᠤ ᠣᠷᠣᠨ ᠤ᠋ ᠤᠯᠤᠰ ᠤ᠋ᠨ ᠥᠮᠴᠢᠯᠡᠯᠲᠦ ᠡᠳ᠋ ᠬᠥᠷᠥᠩᠭᠡ ᠵᠢᠨ ᠬᠢᠨᠠᠯᠲᠠ ᠬᠠᠮᠢᠶᠠᠷᠤᠯᠲᠠ ᠵᠢᠨ ᠵᠥᠪᠯᠡᠯ ᠤ᠋ᠨ ᠬᠢᠨᠠᠨ ᠬᠠᠮᠢᠶᠠᠷᠴᠣ ᠪᠦᠭᠦᠢ ᠠᠵᠤ ᠠᠬᠤᠢᠯᠠᠯ ᠤ᠋ᠨ ᠡᠵᠡᠩᠨᠡᠯᠲᠡ ᠵᠢᠨ ᠣᠷᠣᠯᠭ᠎ᠠ 5.9% ᠪᠠᠷ ᠨᠡᠮᠡᠭ᠌ᠳᠡᠵᠦ᠍᠂ ᠠᠱᠢᠭ ᠣᠯᠵᠠᠪᠤᠷᠢᠨᠢ 5.5% ᠪᠠᠷ ᠨᠡᠮᠡᠭ᠌ᠳᠡᠪᠡ
ᠳᠤᠮᠳᠠᠳᠤ ᠤᠯᠤᠰ ᠤ᠋ᠨ ᠠᠵᠤ ᠦᠢᠯᠡᠰ ᠤ᠋ᠨ ᠱᠢᠯᠵᠢᠯᠲᠡ ᠬᠥᠭ᠌ᠵᠢᠯᠲᠡ ᠵᠢᠨ ᠵᠠᠯᠭᠠᠯᠳᠤᠭᠤᠯᠬᠤ ᠬᠤᠷᠠᠯ᠂ ᠳᠤᠮᠳᠠᠳᠤ ᠤᠯᠤᠰ ᠤ᠋ᠨ ᠪᠣᠬᠢᠷᠲᠤᠯ ᠦᠭᠡᠢ ᠪᠤᠳᠤᠬᠤ ᠴᠢᠳᠠᠪᠤᠷᠢ ᠵᠢᠨ ᠶᠡᠭᠡ ᠬᠤᠷᠠᠯ᠂ ᠥᠪᠥᠷ ᠮᠣᠩᠭᠤᠯ — ᠱᠧᠨᠵᠧᠨ(ᠴᠢᠶᠠᠨ ᠬᠠᠢ)ᠤ᠋ ᠠᠵᠤ ᠦᠢᠯᠡᠰ ᠤ᠋ᠨ ᠬᠠᠮᠲᠤᠷᠠᠯᠴᠠᠭᠠᠨ ᠤ᠋ ᠶᠡᠭᠡ ᠬᠤᠷᠠᠯ ᠵᠡᠷᠭᠡ ᠠᠵᠢᠯᠯᠠᠭ᠎ᠠ ᠵᠢ ᠡᠷᠬᠢᠯᠡᠵᠦ᠍ ᠂ ᠤᠯᠤᠰ ᠤ᠋ᠨ ᠳᠣᠲᠣᠭᠠᠳᠤ ᠵᠢᠨ 6000 ᠳ᠋ᠦᠩᠱᠢᠭᠤᠷ ᠲᠥᠭᠦᠷᠢᠭ ᠤ᠋ᠨ ᠪᠡᠯᠡ ᠮᠥᠩᠭᠦ ᠵᠢ ᠣᠷᠣᠭᠤᠯᠵᠤ ᠠᠪᠴᠢᠷᠠᠨ ᠪᠣᠳᠠᠳᠠᠢ᠌ᠵᠢᠭᠤᠯᠪᠠ
ᠳᠥᠷᠪᠡ ᠳ᠋ᠤ ᠠᠮᠢ ᠠᠬᠤᠢ ᠣᠷᠴᠢᠨ ᠲᠣᠭᠤᠷᠢᠨ ᠤ᠋ ᠴᠡᠭ᠌ᠴᠡᠯᠡᠨ ᠵᠠᠰᠠᠯᠲᠠ ᠵᠢ ᠰᠠᠢ᠌ᠲᠤᠷ ᠠᠳᠭᠤᠪᠠ
ᠣᠢ ᠱᠢᠭᠤᠢ ᠨᠤᠲᠤᠭ ᠪᠡᠯᠴᠢᠭᠡᠷ ᠢ᠋ ᠡᠪᠳᠡᠨ ᠰᠦᠢᠳᠭᠡᠵᠦ᠍ ᠳᠦᠷᠢᠮ ᠲᠣᠭ᠍ᠲᠠᠭᠠᠯ ᠪᠠ ᠬᠠᠤᠯᠢ ᠴᠠᠭᠠᠵᠠ ᠡᠴᠡ ᠵᠦᠷᠢᠴᠡᠭ᠌ᠰᠡᠨ ᠦᠢᠯᠡ ᠠᠵᠢᠯᠯᠠᠭᠠᠨᠤᠭᠤᠳ ᠢ᠋ ᠲᠥᠪᠯᠡᠷᠡᠭᠦᠯᠦᠨ ᠴᠡᠭ᠌ᠴᠡᠯᠡᠨ ᠵᠠᠰᠠᠵᠤ᠂ ᠣᠢ ᠱᠢᠭᠤᠢ ᠨᠤᠲᠤᠭ ᠪᠡᠯᠴᠢᠭᠡᠷ ᠢ᠋ ᠡᠪᠳᠡᠨ ᠰᠦᠢᠳᠭᠡᠭ᠌ᠰᠡᠨ ᠠᠰᠠᠭᠤᠳᠠᠯ ᠢ᠋ 1.9 ᠲᠦᠮᠡ ᠱᠢᠢᠳᠪᠦᠷᠢᠯᠡᠪᠡ
ᠪᠦᠭᠦ᠌ ᠣᠷᠣᠨ ᠤ᠋ 12 ᠠᠢ᠌ᠮᠠᠭ ᠬᠤᠲᠡ ᠵᠢᠨ ᠠᠭᠠᠷ ᠤ᠋ᠨ ᠴᠢᠨᠠᠷ ᠴᠢᠨᠰᠠᠭ᠎ᠠ ᠴᠦᠮ ᠪᠠᠷᠢᠮᠵᠢᠶ᠎ᠠ ᠳ᠋ᠤ ᠭᠦᠷᠴᠣ᠂ ᠤᠯᠤᠰ ᠤ᠋ᠨ ᠱᠢᠯᠭᠠᠨ ᠬᠢᠨᠠᠬᠤ ᠣᠭ᠍ᠲᠤᠯᠤᠭᠠᠰᠤ ᠳ᠋ᠠᠬᠢ ᠤᠰᠤᠨ ᠤ᠋ ᠴᠢᠨᠠᠷ ᠤ᠋ᠨ ᠱᠢᠯᠢᠳᠡᠭ ᠰᠠᠢ᠌ᠨ ᠤ᠋ ᠬᠠᠷᠢᠴᠠᠯ ᠲᠡᠦᠬᠡᠨ ᠳ᠋ᠠᠬᠢ ᠬᠠᠮᠤᠭ ᠤ᠋ᠨ ᠰᠠᠢ᠌ᠨ ᠬᠢᠷᠢ ᠲᠦᠪᠱᠢᠨ ᠳ᠋ᠤ ᠬᠦᠷᠪᠡ
ᠲᠥᠪ ᠤ᠋ᠨ ᠠᠮᠢ ᠠᠬᠤᠢ ᠣᠷᠴᠢᠨ ᠲᠣᠭᠤᠷᠢᠨ ᠤ᠋ ᠬᠠᠮᠠᠭᠠᠯᠠᠯᠲᠠ ᠵᠢᠨ ᠭᠤᠷᠪᠠᠳᠤᠭᠠᠷ ᠡᠭᠡᠯᠵᠢ ᠵᠢᠨ ᠱᠠᠯᠠᠪᠳᠠᠭᠤᠯᠤᠨ ᠪᠠᠢ᠌ᠴᠠᠭᠠᠯᠲᠠ ᠳ᠋ᠤ ᠱᠢᠢᠳᠪᠦᠷᠢᠯᠡᠭᠦᠯᠬᠦ᠌ ᠪᠠᠷ ᠲᠤᠱᠢᠶᠠᠭ᠍ᠰᠠᠨ ᠣᠯᠠᠨ ᠲᠦᠮᠡᠨ ᠤ᠋ ᠢᠯᠡᠴᠢᠯᠡᠨ ᠮᠡᠳᠡᠭᠦᠯᠦᠭ᠌ᠰᠡᠨ ᠠᠰᠠᠭᠤᠳᠠᠯ ᠢ᠋ ᠭᠦᠢᠴᠡᠳᠭᠡᠵᠦ᠍ ᠳᠠᠭᠤᠰᠭᠠᠭ᠍ᠰᠠᠨ ᠨᠤᠷᠮ᠎ᠠ 98.3% ᠳ᠋ᠤ ᠬᠦᠷᠪᠡ
ᠠᠷᠪᠠᠳᠤᠭᠠᠷ ᠬᠤᠭᠤᠴᠠᠭᠠᠨ ᠤ᠋ ᠬᠦᠪᠴᠢ ᠵᠢᠨ ᠡᠯᠡᠰᠦᠨ ᠤ᠋ ᠶᠠᠷᠢᠶᠠᠨ ᠤ᠋ ᠲᠠᠪᠴᠠᠩ ᠢ᠋ ᠡᠷᠬᠢᠯᠡᠵᠦ᠍᠂ ᠤᠯᠤᠰ ᠤ᠋ᠨ ᠠᠮᠢ ᠠᠬᠤᠢ ᠵᠢᠨ ᠪᠣᠯᠪᠠᠰᠤᠨ ᠤ᠋ ᠵᠢᠱ᠌ᠢᠶ᠎ᠡ ᠦᠵᠡᠭᠦᠯᠬᠦ᠌ ᠣᠷᠣᠨ ᠢ᠋ 5᠂《ᠨᠤᠮᠢᠨ ᠤᠰᠤ ᠬᠥᠬᠡᠮᠳᠦᠭ ᠠᠭᠤᠯᠠ ᠪᠣᠯ ᠠᠯᠲᠠᠨ ᠠᠭᠤᠯᠠ ᠮᠥᠩᠭᠦᠨ ᠬᠠᠢᠷᠬᠠᠨ ᠮᠦᠨ》ᠦᠢᠯᠡᠳᠦᠯᠭᠡ ᠵᠢᠨ ᠱᠢᠨ᠎ᠡ ᠵᠢ ᠡᠭᠦᠳᠬᠦ᠌ ᠰᠠᠭᠤᠷᠢᠨ ᠢ᠋ 3 ᠱᠢᠨ᠎ᠡ ᠪᠠᠷ ᠨᠡᠮᠡᠭ᠌ᠳᠡᠭᠦᠯᠪᠡ
ᠲᠠᠪᠤ ᠳ᠋ᠤ ᠬᠦᠭ᠌ᠵᠢᠯᠲᠡ ᠪᠠ ᠠᠮᠤᠷ ᠲᠦᠪᠱᠢᠨ ᠢ᠋ ᠨᠢᠭᠡᠲᠦᠯᠲᠡᠢ ᠲᠥᠯᠥᠪᠯᠡᠪᠡ
ᠠᠵᠤ ᠠᠬᠤᠢᠯᠠᠯ ᠳ᠋ᠤ ᠥᠷᠢᠳᠦᠵᠦ᠍ ᠪᠠᠢ᠌ᠭ᠎ᠠ ᠳᠡᠩᠰᠠᠨ ᠳ᠋ᠠᠬᠢ ᠵᠣᠭᠤᠰ ᠢ᠋ ᠲᠦᠯᠦᠵᠦ᠍ ᠳᠠᠭᠤᠰᠭᠠᠬᠤ ᠣᠨ ᠤ᠋ ᠬᠠᠷᠠᠯᠲᠠ ᠪᠠᠨ ᠳᠠᠪᠠᠭᠤᠯᠤᠨ ᠪᠡᠶᠡᠯᠡᠭᠦᠯᠵᠦ᠍᠂ ᠲᠦᠭ᠌ᠰᠢᠭᠦᠷᠢ ᠶᠡᠬᠡᠲᠡᠶ ᠮᠥᠩᠭᠦᠨ ᠭᠦᠢᠯᠭᠡᠭᠡᠨ ᠤ᠋ ᠪᠠᠢᠭᠤᠯᠤᠮᠵᠢ ᠵᠢ ᠱᠢᠢᠳᠪᠦᠷᠢᠯᠡᠭ᠌ᠰᠡᠨ ᠨᠣᠷᠮ᠎ᠠ 85% ᠳ᠋ᠤ ᠬᠦᠷᠪᠡ
ᠲᠠᠷᠢᠶᠠᠯᠠᠬᠤ ᠭᠠᠵᠠᠷ᠂ ᠣᠢ᠌ᠲᠤ ᠭᠠᠵᠠᠷ᠂ ᠪᠡᠯᠴᠢᠭᠡᠷ ᠭᠠᠵᠠᠷ ᠤ᠋ᠨ ᠡᠷᠬᠡ ᠵᠢᠨ ᠬᠠᠷᠢᠶᠠᠨ ᠤ᠋ ᠰᠣᠯᠪᠢᠴᠡᠯ ᠢ᠋ ᠠᠷᠢᠯᠭᠠᠬᠤ ᠲᠤᠷᠱᠢᠯᠲᠠ ᠵᠢᠨ ᠴᠡᠭ ᠢ᠋ ᠥᠷᠨᠢᠭᠦᠯᠵᠦ᠍᠂ 160 ᠲᠦᠮᠡᠨ ᠮᠦ᠍ ᠵᠢᠨ《ᠨᠢᠭᠡ ᠬᠡᠰᠡᠭ ᠭᠠᠵᠠᠷ ᠱᠢᠷᠣᠢ ᠳ᠋ᠤ ᠣᠯᠠᠨ ᠦᠨᠡᠮᠯᠡᠯᠲᠠᠢ》 ᠪᠠᠢ᠌ᠭ᠍ᠰᠠᠨ ᠪᠠᠢ᠌ᠳᠠᠯ ᠢ᠋ ᠠᠷᠢᠯᠭᠠᠪᠠ
ᠠᠶᠤᠯ ᠦᠭᠡᠢ ᠦᠢᠯᠡᠳᠪᠦᠷᠢᠯᠡᠯ ᠤ᠋ᠨ ᠦᠨᠳᠦᠰᠦᠨ ᠡᠴᠡᠨᠢ ᠵᠠᠰᠠᠬᠤ ᠱᠢᠪᠲᠤᠯᠤᠯᠲᠠ ᠵᠢᠨ ᠠᠵᠢᠯᠯᠠᠭᠠᠨ ᠢ᠋ ᠠᠬᠢᠭᠤᠯᠵᠤ ᠂ ᠱᠢᠲᠠᠮᠠᠬᠠᠢ ᠬᠡᠢ᠂ ᠠᠶᠤᠯᠲᠠᠢ ᠬᠢᠮᠢ ᠵᠢᠨ ᠪᠣᠳᠠᠰ᠂ ᠥᠨᠳᠥᠷ ᠪᠠᠷᠢᠯᠭ᠎ᠠ᠂ 《ᠶᠢᠰᠦᠨ ᠵᠢᠵᠢᠭ ᠲᠠᠯᠠᠪᠤᠷ ᠭᠠᠵᠠᠷ》 ᠵᠡᠷᠭᠡ ᠬᠦᠷᠢᠶ᠎ᠡ ᠴᠠᠷᠠᠭᠠᠨ ᠳ᠋ᠠᠬᠢ ᠭᠡᠮ ᠰᠣᠭᠤᠭ ᠢ᠋ ᠵᠢᠭ᠍ᠰᠠᠭᠠᠨ ᠪᠠᠢ᠌ᠴᠠᠭᠠᠵᠤ ᠴᠡᠭ᠌ᠴᠡᠯᠡᠨ ᠵᠠᠰᠠᠪᠠ
ᠦᠶᠡᠷ ᠢ᠋ ᠰᠡᠷᠭᠡᠢ᠌ᠯᠡᠨ ᠠᠶᠤᠯ ᠡᠴᠡ ᠠᠪᠤᠷᠠᠬᠤ ᠱᠢᠪᠲᠤᠯᠤᠯᠲᠠ ᠵᠢᠨ ᠳᠠᠢ᠌ᠯᠠᠯᠳᠤᠭᠠᠨ ᠤ᠋ ᠢᠯᠠᠯᠲᠠ ᠵᠢ ᠣᠯᠵᠤ᠂ 136 ᠲᠦᠮᠡᠨ ᠭᠠᠮᠱᠢᠭ᠍ᠳᠠᠭ᠍ᠰᠠᠨ ᠣᠯᠠᠨ ᠲᠦᠮᠡᠨ ᠢ᠋ ᠠᠪᠤᠷᠠᠨ ᠲᠤᠰᠠᠯᠠᠪᠠ
《ᠠᠷᠪᠠᠨ ᠲᠠᠪᠣᠳᠣᠭᠠᠷ ᠲᠠᠪᠣᠨ ᠵᠢᠯ》 ᠤ᠋ᠨ ᠬᠤᠭᠤᠴᠠᠭᠠᠨ ᠳ᠋ᠠᠬᠢ ᠭᠤᠤᠯ ᠬᠠᠷᠠᠯᠲᠠ
《ᠠᠷᠪᠠᠨ ᠲᠠᠪᠣᠳᠣᠭᠠᠷ ᠲᠠᠪᠣᠨ ᠵᠢᠯ》 ᠤ᠋ᠨ ᠬᠤᠭᠤᠴᠠᠭ᠎ᠠ ᠪᠣᠯ ᠥᠪᠥᠷ ᠮᠣᠩᠭᠤᠯ ᠤ᠋ᠨ ᠴᠢᠨᠠᠷ ᠰᠠᠢᠲᠠᠶ ᠬᠥᠭ᠌ᠵᠢᠬᠦ᠂ ᠱᠢᠨ᠎ᠡ ᠵᠠᠮ ᠢ᠋ ᠲᠦᠷᠭᠡᠳᠭᠡᠨ ᠨᠡᠭᠡᠭᠡᠬᠦ᠌ ᠵᠠᠩᠭᠢᠯᠠᠭ᠎ᠠ ᠵᠢᠨ ᠬᠤᠭᠤᠴᠠᠭ᠎ᠠ ᠪᠣᠯᠤᠨ᠎ᠠ᠃ ᠶᠡᠷᠦᠩᠬᠡᠶ ᠱᠦᠵᠢ ᠰᠢ ᠵᠢᠨ ᠫᠢᠩ ᠪᠠ ᠨᠠᠮ ᠤ᠋ᠨ ᠲᠥᠪ ᠬᠤᠷᠢᠶ᠎ᠠ ᠥᠪᠥᠷ ᠮᠣᠩᠭᠤᠯ ᠤ᠋ᠨ ᠠᠵᠢᠯ ᠢ᠋ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠴᠢᠩ ᠰᠡᠳᠭᠢᠯ ᠡᠴᠡ ᠪᠠᠨ ᠬᠠᠯᠠᠮᠵᠢᠯᠠᠨ᠂ ᠤᠯᠤᠰ ᠤ᠋ᠨ ᠪᠠᠷᠠᠭᠤᠨ ᠣᠷᠣᠨ ᠢ᠋ ᠶᠡᠭᠡ ᠪᠠᠷ ᠨᠡᠭᠡᠭᠡᠨ ᠬᠥᠭ᠌ᠵᠢᠭᠦᠯᠬᠦ᠂ ᠵᠡᠭᠦᠨ ᠬᠤᠢᠲᠤ ᠣᠷᠣᠨ ᠢ᠋ ᠪᠥᠬᠦ᠌ ᠲᠠᠯ᠎ᠠ ᠪᠠᠷ ᠬᠥᠭ᠌ᠵᠢᠭᠦᠯᠦᠨ ᠮᠠᠨᠳᠤᠭᠤᠯᠬᠤ᠂ ᠬᠠᠲᠤᠨ ᠭᠤᠤᠯ ᠤ᠋ᠨ ᠰᠠᠪᠠ ᠭᠠᠵᠠᠷ ᠤ᠋ᠨ ᠠᠮᠢ ᠠᠬᠤᠶ ᠵᠢᠨ ᠬᠠᠮᠠᠭᠠᠯᠠᠯᠲᠠ ᠪᠠ ᠴᠢᠨᠠᠷ ᠰᠠᠢᠲᠠᠶ ᠬᠥᠭ᠌ᠵᠢᠯᠲᠡ ᠵᠡᠷᠭᠡ ᠴᠢᠬᠤᠯᠠ ᠶᠡᠭᠡ ᠪᠠᠢ᠌ᠯᠳᠤᠬᠤ ᠪᠣᠳᠣᠯᠭᠠᠨᠤᠭᠤᠳ ᠵᠢᠠᠷ ᠥᠪᠥᠷ ᠮᠣᠩᠭᠤᠯ ᠳ᠋ᠤ ᠣᠯᠠᠨᠲᠠ ᠲᠥᠷᠥ ᠵᠢᠨ ᠪᠣᠳᠣᠯᠭ᠎ᠠ ᠵᠢᠨ ᠳᠡᠮᠵᠢᠯᠭᠡ ᠣᠯᠭᠤᠵᠤ᠂ ᠮᠠᠨ ᠤ ᠤᠷᠤᠨ ᠤ ᠪᠠᠢ᠌ᠯᠳᠤᠬᠤ ᠪᠣᠳᠣᠯᠭ᠎ᠠ ᠵᠢᠨ ᠪᠠᠢ᠌ᠷᠢ ᠰᠠᠭᠤᠷᠢ ᠴᠢᠬᠤᠯᠠ᠂ ᠡᠬᠢ ᠪᠠᠶᠠᠯᠢᠭ ᠦᠯᠡᠮᠵᠢ ᠣᠨᠴᠠ᠂ ᠰᠣᠶᠣᠯ ᠢᠷᠠᠭᠤ ᠲᠠᠩᠰᠤᠭ᠂ ᠬᠦᠭ᠌ᠵᠢᠯᠲᠡ ᠵᠢᠨ ᠳᠠᠯᠳᠠ ᠬᠦᠴᠦᠨ ᠠᠰᠤᠷᠤ ᠶᠡᠭᠡ ᠪᠠᠢ᠌ᠵᠤ᠂ ᠥᠷᠭᠡᠨ ᠣᠯᠠᠨ ᠺᠠᠳ᠋ᠷ ᠣᠯᠠᠨ ᠲᠦᠮᠡᠨ ᠤ᠋ ᠰᠠᠬᠢᠨ ᠪᠡᠷᠡᠯᠡᠵᠦ᠍ ᠬᠠᠷᠢᠯᠴᠠᠨ ᠬᠠᠪᠰᠤᠷᠤᠯᠴᠠᠵᠤ ᠪᠦᠯᠬᠦᠮᠳᠡᠨ ᠲᠡᠮᠡᠴᠡᠬᠦ᠌ ᠡᠷᠴᠢ ᠬᠦᠴᠦ᠍ ᠲᠡᠬᠦᠰ ᠪᠠᠳᠠᠷᠠᠩᠭᠤᠢ ᠪᠠᠢ᠌ᠵᠤ᠂ ᠦᠪᠣᠷ ᠮᠣᠩᠭᠤᠯ ᠳ᠋ᠤ ᠨᠡᠩ ᠰᠠᠢ᠌ᠨ ᠨᠠᠩ ᠲᠦᠷᠭᠡᠨ ᠵᠢᠠᠷ ᠬᠦᠭ᠌ᠵᠢᠬᠦ᠌ ᠢᠲᠡᠭᠡᠯ ᠪᠠ ᠴᠢᠳᠠᠪᠤᠷᠢ ᠮᠠᠰᠢ ᠲᠡᠭᠦᠯᠳᠡᠷ ᠶᠤᠮ ᠃
ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶᠠᠨ ᠤ᠋ 《ᠤᠯᠤᠰ ᠠᠷᠠᠳ ᠤ᠋ᠨ ᠠᠵᠤ ᠠᠬᠤᠶ ᠪᠠ ᠨᠡᠢᠭᠡᠮ ᠤ᠋ᠨ ᠬᠥᠭ᠌ᠵᠢᠯᠲᠡ ᠵᠢᠨ ᠠᠷᠪᠠᠨ ᠲᠠᠪᠤᠳᠤᠭᠠᠷ ᠲᠠᠪᠤᠨ ᠵᠢᠯ ᠤ᠋ᠨ ᠲᠥᠯᠥᠪᠵᠢᠭᠦᠯᠭᠡ ᠵᠢ ᠲᠣᠭ᠍ᠲᠠᠭᠠᠬᠤ ᠲᠤᠬᠠᠶ ᠰᠠᠨᠠᠭᠤᠯᠭ᠎ᠠ》 ᠵᠢ ᠦᠨᠳᠦᠰᠦᠯᠡᠨ᠂ ᠥᠪᠡᠷᠲᠡᠭᠡᠨ ᠵᠠᠰᠠᠬᠤ ᠣᠷᠣᠨ ᠤ᠋ ᠠᠷᠠᠳ ᠤ᠋ᠨ ᠵᠠᠰᠠᠭ ᠤ᠋ᠨ ᠣᠷᠳᠣᠨ 《ᠤᠯᠤᠰ ᠠᠷᠠᠳ ᠤ᠋ᠨ ᠠᠵᠤ ᠠᠬᠤᠶ ᠪᠠ ᠨᠡᠢᠭᠡᠮ ᠤ᠋ᠨ ᠬᠥᠭ᠌ᠵᠢᠯᠲᠡ ᠵᠢᠨ ᠠᠷᠪᠠᠨ ᠲᠠᠪᠤᠳᠤᠭᠠᠷ ᠲᠠᠪᠤᠨ ᠵᠢᠯ ᠤ᠋ᠨ ᠲᠥᠯᠥᠪᠵᠢᠭᠦᠯᠭᠡ ᠵᠢᠨ ᠬᠦᠲᠦᠯᠪᠦᠷᠢ (ᠲᠥᠰᠦᠯ)》 ᠵᠢ ᠨᠠᠢᠷᠠᠭᠤᠯᠤᠨ ᠵᠣᠬᠢᠶᠠᠵᠤ᠂ 《ᠠᠷᠪᠠᠨ ᠲᠠᠪᠣᠳᠣᠭᠠᠷ ᠲᠠᠪᠣᠨ ᠵᠢᠯ》 ᠤ᠋ᠨ ᠬᠤᠭᠤᠴᠠᠭᠠᠨ ᠳ᠋ᠠᠬᠢ ᠪᠦᠬᠦ᠌ ᠣᠷᠣᠨ ᠤ᠋ ᠠᠵᠤ ᠠᠬᠤᠶ ᠨᠡᠢᠭᠡᠮ ᠤ᠋ᠨ ᠬᠥᠭ᠌ᠵᠢᠯᠲᠡ ᠵᠢᠨ ᠶᠡᠷᠦᠩᠬᠡᠢ ᠱᠠᠭᠠᠷᠳᠠᠯᠭ᠎ᠠ ᠪᠠ ᠭᠤᠣᠯ ᠬᠠᠷᠠᠯᠲᠠ ᠵᠢ ᠲᠣᠳᠣᠷᠬᠠᠢ ᠲᠣᠭ᠍ᠲᠠᠭᠠᠪᠠ᠂ ᠢᠯᠠᠩᠭᠤᠶ᠎ᠠ 《ᠠᠷᠪᠠᠨ ᠲᠠᠪᠣᠳᠣᠭᠠᠷ ᠲᠠᠪᠣᠨ ᠵᠢᠯ》 ᠤ᠋ᠨ ᠬᠤᠭᠤᠴᠠᠭᠠᠨ ᠳ᠋ᠤ ᠬᠥᠮᠦᠨ ᠳᠤᠮᠳᠠᠴᠢ ᠵᠢᠨ ᠤᠷᠤᠨ ᠨᠤᠳᠤᠭ ᠤ᠋ᠨ ᠦᠢᠯᠡᠳᠪᠦᠷᠢᠯᠡᠯ ᠤ᠋ᠨ ᠶᠡᠷᠦᠩᠬᠡᠶ ᠥᠷᠲᠡᠭ ᠢ᠋ ᠪᠦᠬᠦ᠌ ᠤᠯᠤᠰ ᠤ᠋ᠨ ᠳᠡᠭᠡᠳᠦ ᠲᠦᠪᠱᠢᠨ ᠳ᠋ᠤ ᠲᠣᠭ᠍ᠲᠠᠪᠣᠷᠢᠵᠢᠭᠤᠯᠵᠦ᠍᠂ ᠰᠠᠭᠤᠭᠠᠯᠢ ᠠᠷᠠᠳ ᠤ᠋ᠨ ᠣᠷᠣᠯᠭ᠎ᠠ ᠵᠢ ᠪᠦᠬᠦ᠌ ᠤᠯᠤᠰ ᠤ᠋ᠨ ᠳᠡᠭᠡᠳᠦ ᠲᠦᠪᠱᠢᠨ ᠳ᠋ᠤ ᠲᠣᠭ᠍ᠲᠠᠪᠣᠷᠢᠵᠢᠭᠤᠯᠬᠤ ᠵᠢ ᠪᠡᠶᠡᠯᠡᠭᠦᠯᠦᠨ᠎ᠡ; 2035 ᠣᠨ ᠪᠣᠯᠬᠤ ᠳ᠋ᠤ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠪᠠᠢᠭᠤᠯᠤᠯᠲᠠ᠂ ᠬᠢᠯᠢ ᠬᠢᠵᠠᠭᠠᠷ ᠤ᠋ᠨ ᠦᠨᠳᠦᠰᠦᠲᠡᠨ ᠤ᠋ ᠭᠠᠵᠠᠷ ᠣᠷᠣᠨ ᠤ᠋ ᠬᠠᠮᠲᠤ ᠪᠠᠷ ᠪᠠᠶᠠᠵᠢᠬᠤ ᠵᠢ ᠠᠬᠢᠭᠤᠯᠬᠤ ᠲᠠᠯ᠎ᠠ ᠪᠠᠷ ᠦᠷᠭᠦᠯᠵᠢᠯᠡᠨ ᠡᠮᠦᠨ᠎ᠡ ᠡᠩᠨᠡᠭᠡᠨ ᠳ᠋ᠤ ᠶᠠᠪᠤᠵᠤ᠂ ᠤᠯᠤᠰ ᠤ᠋ᠨ ᠠᠮᠢ ᠠᠬᠤᠢ ᠵᠢᠨ ᠠᠮᠤᠷ ᠲᠦᠪᠱᠢᠨ ᠤ᠋ ᠬᠠᠯᠬᠠᠪᠴᠢ᠂ ᠠᠮᠤᠷ ᠲᠦᠪᠱᠢᠨ ᠲᠣᠭ᠍ᠲᠠᠭᠤᠨ ᠤ᠋ ᠬᠠᠯᠬᠠᠪᠴᠢ ᠵᠢ ᠪᠦᠳᠦᠭᠡᠨ ᠪᠠᠢᠭᠤᠯᠬᠤ ᠲᠠᠯ᠎ᠠ ᠪᠠᠷ ᠦᠷᠭᠦᠯᠵᠢᠯᠡᠨ ᠡᠮᠦᠨ᠎ᠡ ᠡᠩᠨᠡᠭᠡᠨ ᠳ᠋ᠤ ᠶᠠᠪᠤᠨ᠎ᠠ᠃
ᠡᠨᠡ ᠵᠢᠯ ᠪᠣᠯ 《ᠠᠷᠪᠠᠨ ᠲᠠᠪᠣᠳᠣᠭᠠᠷ ᠲᠠᠪᠣᠨ ᠵᠢᠯ》 ᠤ᠋ᠨ ᠡᠬᠢᠯᠡᠯᠲᠡ ᠵᠢᠨ ᠵᠢᠯ ᠪᠣᠯᠤᠨ᠎ᠠ᠂ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶᠠᠨ ᠤ᠋ ᠠᠷᠪᠠᠨ ᠨᠢᠭᠡᠳᠦᠭᠡᠷ ᠬᠤᠭᠤᠴᠠᠭᠠᠨ ᠤ᠋ ᠠᠷᠪᠠᠨ ᠨᠢᠭᠡᠳᠦᠭᠡᠷ ᠪᠦᠭᠦᠳᠡ ᠬᠤᠷᠠᠯ ᠵᠢᠴᠢ ᠪᠥᠬᠦ᠌ ᠣᠷᠣᠨ ᠤ᠋ ᠠᠵᠤ ᠠᠬᠤᠶ ᠵᠢᠨ ᠠᠵᠢᠯ ᠤ᠋ᠨ ᠬᠤᠷᠠᠯ ᠤ᠋ᠨ ᠪᠠᠢᠷᠢᠯᠠᠭᠤᠯᠤᠯᠲᠠ ᠶᠤᠰᠤᠭᠠᠷ ᠠᠵᠢᠯ ᠤ᠋ᠨ ᠶᠡᠷᠦᠩᠬᠡᠶ ᠱᠠᠭᠠᠷᠳᠠᠯᠭ᠎ᠠ ᠪᠣᠯ᠄ ᠰᠢ ᠵᠢᠨ ᠫᠢᠩ ᠤ᠋ᠨ ᠱᠢᠨ᠎ᠡ ᠴᠠᠭ ᠦᠶ᠎ᠡ ᠵᠢᠨ ᠳᠤᠮᠳᠠᠳᠤ ᠤᠯᠤᠰ ᠤ᠋ᠨ ᠣᠨᠴᠠᠯᠢᠭ ᠪᠦᠬᠦᠢ ᠨᠡᠢᠭᠡᠮ ᠵᠢᠷᠤᠮ ᠤ᠋ᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠤ᠂ ᠨᠠᠮ ᠤ᠋ᠨ ᠬᠤᠷᠢᠳᠤᠭᠠᠷ ᠶᠡᠭᠡ ᠬᠤᠷᠠᠯ ᠪᠠ ᠬᠤᠷᠢᠳᠤᠭᠠᠷ ᠬᠤᠭᠤᠴᠠᠭᠠᠨ ᠤ᠋ ᠲᠦᠪ ᠬᠤᠷᠢᠶᠠᠨ ᠤ᠋ ᠤᠳᠠᠭ᠎ᠠ ᠪᠦᠷᠢ ᠵᠢᠨ ᠪᠥᠬᠦᠳᠡ ᠬᠤᠷᠠᠯ ᠵᠢᠴᠢ ᠲᠥᠪ ᠤ᠋ᠨ ᠠᠵᠤ ᠠᠬᠤᠶ ᠵᠢᠨ ᠠᠵᠢᠯ ᠤ᠋ᠨ ᠬᠤᠷᠠᠯ ᠤ᠋ᠨ ᠵᠣᠷᠢᠭ ᠰᠠᠨᠠᠭ᠎ᠠ ᠵᠢ ᠪᠥᠬᠦ᠌ ᠲᠠᠯ᠎ᠠ ᠪᠠᠷ ᠲᠣᠭᠤᠱᠢᠯᠠᠭᠤᠯᠣᠨ᠂ ᠶᠡᠷᠦᠩᠬᠡᠶ ᠱᠦᠵᠢ ᠰᠢ ᠵᠢᠨ ᠫᠢᠩ ᠤ᠋ᠨ ᠥᠪᠥᠷ ᠮᠣᠩᠭᠤᠯ ᠤ᠋ᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠶ ᠲᠣᠭᠤᠱᠢᠯᠠᠭᠤᠯᠣᠨ ᠨᠠᠢᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶᠠᠨ ᠤ᠋ 《1571》 ᠠᠵᠢᠯ ᠤ᠋ᠨ ᠪᠠᠢᠷᠢᠯᠠᠭᠤᠯᠤᠯᠲᠠ ᠶᠣᠰᠣᠭᠠᠷ ᠱᠢᠨ᠎ᠡ ᠬᠥᠭ᠌ᠵᠢᠯᠲᠡ ᠵᠢᠨ ᠣᠨᠣᠯᠵᠢᠬᠤᠨ ᠢ᠋ ᠪᠦᠷᠢᠨ ᠪᠦᠲᠦᠨ ᠵᠦᠪ ᠣᠨᠣᠪᠴᠢᠲᠠᠶ ᠪᠥᠬᠦ᠌ ᠲᠠᠯ᠎ᠠ ᠪᠠᠷ ᠲᠣᠭᠤᠱᠢᠯᠠᠭᠤᠯᠣᠨ᠂ ᠬᠥᠭ᠌ᠵᠢᠯᠲᠡ ᠵᠢᠨ ᠱᠢᠨ᠎ᠡ ᠪᠠᠢᠷᠢᠱᠢᠯ ᠢ᠋ ᠴᠣᠭ᠍ᠴᠠᠯᠠᠬᠤ ᠳ᠋ᠤ ᠢᠳᠡᠪᠬᠢᠳᠠᠢ ᠠᠭᠤᠰᠤᠯᠴᠠᠨ ᠦᠢᠯᠡᠴᠢᠯᠡᠵᠦ᠍᠂ ᠴᠢᠨᠠᠷ ᠰᠠᠢᠲᠠᠶ ᠬᠥᠭ᠌ᠵᠢᠯᠲᠡ ᠵᠢ ᠬᠦᠴᠦᠯᠡᠨ ᠠᠬᠢᠭᠤᠯᠵᠤ᠂ ᠠᠷᠠᠳ ᠲᠦᠮᠡᠨ ᠵᠢᠠᠨ ᠳᠡᠭᠡᠳᠦᠯᠡᠬᠦ᠌ ᠵᠢ ᠪᠠᠷᠢᠮᠲᠠᠯᠠᠨ᠂ ᠲᠣᠭ᠍ᠲᠠᠭᠤᠨ ᠤ᠋ ᠳᠤᠮᠳᠠ ᠤᠷᠤᠭ᠍ᠰᠢᠯᠠᠨ ᠳᠠᠪᠱᠢᠬᠤ ᠠᠵᠢᠯ ᠤ᠋ᠨ ᠶᠡᠷᠦᠩᠬᠡᠶ ᠬᠥᠭ ᠠᠶᠠᠰ ᠢ᠋ ᠪᠠᠷᠢᠮᠲᠠᠯᠠᠵᠤ᠂ ᠤᠯᠤᠰ ᠤ᠋ᠨ ᠳᠣᠲᠣᠭᠠᠳᠤ ᠵᠢᠨ ᠠᠵᠤ ᠠᠬᠤᠶ ᠵᠢᠨ ᠬᠦᠭ᠌ᠵᠢᠯᠲᠡ ᠪᠠ ᠣᠯᠠᠨ ᠤᠯᠤᠰ ᠤ᠋ᠨ ᠠᠵᠤ ᠠᠬᠤᠢ ᠠᠷᠠᠯᠵᠢᠶᠠᠨ ᠤ᠋ ᠲᠡᠮᠡᠴᠡᠯ ᠤ᠋ᠨ ᠶᠡᠭᠡ ᠲᠠᠯ᠎ᠠ ᠳ᠋ᠤ ᠨᠠᠩ ᠰᠠᠢᠲᠤᠷ ᠦᠢᠯᠡᠴᠢᠯᠡᠨ᠂ ᠬᠥᠭ᠌ᠵᠢᠯᠲᠡ ᠪᠠ ᠠᠮᠤᠷ ᠲᠦᠪᠱᠢᠨ ᠢ᠋ ᠨᠡᠩ ᠰᠠᠢᠲᠤᠷ ᠨᠢᠭᠡᠳᠦᠯᠲᠡᠢ ᠲᠥᠯᠥᠪᠯᠡᠵᠦ᠍᠂ ᠬᠡᠷᠡᠭ᠌ᠴᠡᠭᠡ ᠵᠢ ᠦᠷᠭᠦᠯᠵᠢᠯᠡᠨ ᠬᠦᠭ᠌ᠵᠢᠭᠡᠵᠦ᠍᠂ ᠬᠠᠩᠭᠠᠯᠭ᠎ᠠ ᠵᠢ ᠦᠷᠭᠦᠯᠵᠢᠯᠡᠨ ᠱᠢᠯᠢᠳᠡᠭ᠌ᠵᠢᠭᠦᠯᠦᠨ᠂ ᠨᠡᠮᠡᠭ᠌ᠳᠡᠯ ᠢ᠋ ᠱᠢᠯᠢᠳᠡᠭ᠌ᠵᠢᠭᠦᠯᠵᠦ᠍᠂ ᠦᠯᠡᠳᠡᠭᠡᠯ ᠢ᠋ ᠠᠮᠢᠳᠣᠯᠢᠬ᠍ᠵᠢᠭᠤᠯᠣᠨ᠂ ᠱᠢᠨ᠎ᠡ ᠴᠢᠨᠠᠷ ᠤ᠋ᠨ ᠦᠢᠯᠡᠳᠪᠦᠷᠢᠯᠡᠯ ᠤ᠋ᠨ ᠬᠦᠴᠦᠨ ᠢ᠋ ᠭᠠᠵᠠᠷ ᠣᠷᠣᠨ ᠤ᠋ ᠪᠠᠢᠳᠠᠯ ᠳ᠋ᠤ ᠪᠠᠨ ᠲᠤᠬᠢᠷᠠᠭᠤᠯᠤᠨ ᠬᠥᠭ᠌ᠵᠢᠭᠦᠯᠵᠦ᠍᠂ ᠪᠦᠬᠦ᠌ ᠤᠯᠤᠰ ᠤ᠋ᠨ ᠨᠢᠭᠡᠳᠦᠯᠲᠡᠢ ᠲᠤᠮᠤ ᠵᠠᠬ᠎ᠠ ᠳᠡᠯᠭᠡᠭᠦᠷᠯᠦᠭᠡ ᠭᠦᠨᠵᠡᠭᠡᠢ ᠵᠠᠯᠭᠠᠯᠳᠤᠭᠤᠯᠤᠨ᠂ ᠭᠤᠣᠯᠳᠠᠯᠭ᠎ᠠ ᠪᠣᠯᠬᠤ ᠬᠦᠷᠢᠶ᠎ᠡ ᠴᠠᠷᠠᠭᠠᠨ ᠤ᠋ ᠲᠦᠭ᠌ᠰᠢᠭᠦᠷᠢ ᠵᠢ ᠦᠷᠭᠦᠯᠵᠢᠯᠡᠨ ᠰᠡᠷᠭᠡᠢᠯᠡᠨ ᠠᠷᠢᠯᠭᠠᠵᠦ᠍᠂ ᠠᠵᠢᠯ ᠣᠯᠭᠤᠯᠲᠠ ᠵᠢ ᠲᠣᠭ᠍ᠲᠠᠪᠤᠷᠢᠵᠢᠭᠤᠯᠬᠤ᠂ ᠠᠵᠤ ᠠᠬᠤᠢᠯᠠᠯ ᠢ᠋ ᠲᠣᠭ᠍ᠲᠠᠪᠤᠷᠢᠵᠢᠭᠤᠯᠬᠤ᠂ ᠵᠠᠬ᠎ᠠ ᠳᠡᠯᠭᠡᠭᠦᠷ ᠢ᠋ ᠲᠣᠭ᠍ᠲᠠᠪᠤᠷᠢᠵᠢᠭᠤᠯᠬᠤ᠂ ᠵᠢᠱ᠌ᠢᠯᠲᠡ ᠵᠢ ᠲᠣᠭ᠍ᠲᠠᠪᠤᠷᠢᠵᠢᠭᠤᠯᠬᠤ ᠲᠠᠯ᠎ᠠ ᠪᠠᠷ ᠬᠦᠴᠦᠯᠡᠨ᠂ ᠠᠵᠤ ᠠᠬᠤᠢ ᠵᠢᠨ ᠴᠢᠨᠠᠷ ᠴᠢᠨᠰᠠᠭ᠎ᠠ ᠵᠢᠨ ᠪᠦᠲᠦᠮᠵᠢᠲᠡᠢ ᠳᠡᠭᠡᠭ᠌ᠰᠢᠯᠡᠯᠲᠡ ᠪᠠ ᠲᠤᠭ᠎ᠠ ᠬᠡᠮᠵᠢᠶᠡᠨ ᠤ᠋ ᠵᠣᠬᠢᠰᠲᠠᠢ ᠨᠡᠮᠡᠭ᠌ᠳᠡᠯ ᠢ᠋ ᠠᠬᠢᠭᠤᠯᠵᠤ ᠂ ᠨᠡᠢᠭᠡᠮ ᠤ᠋ᠨ ᠡᠶ᠎ᠡ ᠵᠣᠬᠢᠴᠠᠩᠭᠤᠢ ᠲᠣᠭ᠍ᠲᠠᠭᠤᠨ ᠪᠠᠢᠳᠠᠯ ᠢ᠋ ᠪᠠᠲᠤᠯᠠᠨ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠲᠦᠯᠦᠪᠵᠢᠭᠦᠯᠭᠡ ᠵᠢ ᠰᠠᠢ᠌ᠨ ᠰᠠᠢᠬᠠᠨ ᠵᠢᠠᠷ ᠡᠬᠢᠯᠡᠭᠦᠯᠦᠨ᠎ᠡ᠃
2026 ᠣᠨ ᠤ᠋ ᠭᠤᠤᠯᠳᠠᠯᠭ᠎ᠠ ᠪᠣᠯᠬᠤ ᠠᠵᠢᠯ ᠡᠨᠡ ᠵᠢᠯ ᠤ᠋ᠨ ᠠᠵᠤ ᠠᠬᠤᠶ ᠨᠡᠢᠭᠡᠮ ᠤ᠋ᠨ ᠬᠥᠭ᠌ᠵᠢᠯᠲᠡ ᠶ᠋ᠢᠨ ᠭᠤᠤᠯ ᠵᠢᠱ᠌ᠢᠭ᠌ᠰᠡᠨ ᠬᠠᠷᠠᠯᠲᠠ
●ᠤᠷᠤᠨ ᠨᠤᠳᠤᠭ ᠤᠨ ᠦᠢᠯᠡᠳᠪᠦᠷᠢᠯᠡᠯ ᠤ᠋ᠨ ᠶᠡᠷᠦᠩᠬᠡᠶ ᠥᠷᠲᠡᠭ ᠢ᠋ 5% ᠣᠷᠴᠢᠮ ᠨᠡᠮᠡᠭ᠌ᠳᠡᠭᠦᠯᠵᠦ᠍᠂ ᠪᠣᠳᠠᠲᠠᠶ ᠠᠵᠢᠯ ᠤ᠋ᠨ ᠳᠤᠮᠳᠠ ᠨᠠᠩ ᠰᠠᠢᠨ ᠦᠷ᠎ᠡ ᠳ᠋ᠦᠩ ᠤᠯᠬᠤ ᠪᠡᠷ ᠬᠦᠴᠦᠯᠡᠨ ᠴᠢᠷᠮᠠᠢᠨ᠎ᠠ
● ᠬᠡᠪᠴᠢᠶᠡᠵᠢᠯ ᠡᠴᠡ ᠳᠡᠭᠡᠭ᠌ᠰᠢᠬᠢ ᠠᠵᠤ ᠦᠢᠯᠡᠳᠪᠦᠷᠢ ᠶ᠋ᠢᠨ ᠨᠡᠮᠡᠭ᠌ᠳᠡᠯ ᠥᠷᠲᠡᠭ ᠢ᠋ 6.5% ᠣᠷᠴᠢᠮ ᠨᠡᠮᠡᠭ᠌ᠳᠡᠭᠦᠯᠦᠨᠡ
● ᠲᠣᠭ᠍ᠲᠠᠮᠠᠯ ᠬᠥᠷᠥᠩᠭᠡ ᠶ᠋ᠢᠨ ᠪᠡᠯᠡ ᠣᠷᠣᠭᠤᠯᠤᠯᠲᠠ ᠵᠢ 8% ᠣᠷᠴᠢᠮ ᠨᠡᠮᠡᠭ᠌ᠳᠡᠭᠦᠯᠦᠨᠡ
● ᠡᠩ ᠤ᠋ᠨ ᠣᠯᠠᠨ ᠨᠡᠢᠲᠡ ᠶ᠋ᠢᠨ ᠲᠥᠰᠦᠪ ᠤ᠋ᠨ ᠣᠷᠣᠯᠭ᠎ᠠ ᠵᠢ 1.5% ᠣᠷᠴᠢᠮ ᠨᠡᠮᠡᠭ᠌ᠳᠡᠭᠦᠯᠦᠨᠡ
● ᠬᠤᠲᠠ ᠪᠠᠯᠭᠠᠰᠣᠨ ᠤ᠋ ᠪᠠᠢ᠌ᠴᠠᠭᠠᠯᠲᠠ ᠳ᠋ᠡᠬᠢ ᠠᠵᠢᠯ ᠠᠯᠳᠠᠭ᠍ᠰᠠᠳ ᠤ᠋ᠨ ᠨᠣᠷᠮ᠎ᠠ ᠵᠢ 5.7% ᠣᠷᠴᠢᠮ ᠪᠠᠢᠯᠭᠠᠵᠤ᠂ ᠬᠤᠲᠠ ᠪᠠᠯᠭᠠᠰᠣᠨ ᠤ᠋ 18 ᠲᠦᠮᠡ ᠡᠴᠡ ᠢᠯᠡᠭᠦᠦ ᠬᠦᠮᠦᠨ ᠳ᠋ᠤ ᠱᠢᠨ᠎ᠡ ᠪᠡᠷ ᠠᠵᠢᠯ ᠣᠯᠭᠤᠨ᠎ᠠ
● ᠨᠡᠢᠭᠡᠮ ᠤ᠋ᠨ ᠬᠡᠷᠡᠭ᠌ᠯᠡᠭᠡ ᠶ᠋ᠢᠨ ᠵᠦᠢᠯ ᠤ᠋ᠨ ᠵᠢᠵᠢᠭ᠌ᠯᠡᠨ ᠬᠤᠳᠠᠯᠳᠤᠬᠤ ᠶᠡᠷᠦᠩᠬᠡᠢ ᠲᠤᠭ᠎ᠠ ᠵᠢ 4% ᠣᠷᠴᠢᠮ ᠨᠡᠮᠡᠭ᠌ᠳᠡᠭᠦᠯᠦᠨᠡ
● ᠭᠠᠳᠠᠭᠠᠳᠤ ᠠᠷᠠᠯᠵᠢᠶᠠᠨ ᠤ᠋ ᠭᠠᠳᠠᠭᠠᠳᠤ ᠡᠴᠡ ᠣᠷᠣᠭᠤᠯᠵᠤ ᠭᠠᠳᠠᠭᠠᠳᠤ ᠳ᠋ᠤ ᠭᠠᠷᠭᠠᠬᠤ ᠶᠡᠷᠦᠩᠬᠡᠶ ᠥᠷᠲᠡᠭ ᠢ᠋ 5% ᠣᠷᠴᠢᠮ ᠨᠡᠮᠡᠭ᠌ᠳᠡᠭᠦᠯᠦᠨᠡ
● ᠰᠠᠭᠤᠭᠠᠯᠢ ᠠᠷᠠᠳ ᠤ᠋ᠨ ᠬᠡᠷᠡᠭ᠌ᠯᠡᠭᠡ ᠶ᠋ᠢᠨ ᠦᠨ᠎ᠡ ᠬᠠᠩᠰᠢ ᠶ᠋ᠢᠨ ᠥᠰᠥᠯᠲᠡ ᠶ᠋ᠢᠨ ᠬᠡᠮᠵᠢᠶ᠎ᠡ ᠵᠢ 2% ᠣᠷᠴᠢᠮ ᠪᠠᠢᠯᠭᠠᠨ᠎ᠠ
● ᠰᠠᠭᠤᠭᠠᠯᠢ ᠠᠷᠠᠳ ᠤ᠋ᠨ ᠣᠷᠣᠯᠭ᠎ᠠ ᠶ᠋ᠢᠨ ᠨᠡᠮᠡᠭ᠌ᠳᠡᠯ ᠢ᠋ ᠠᠵᠤ ᠠᠬᠤᠢ ᠶ᠋ᠢᠨ ᠨᠡᠮᠡᠭ᠌ᠳᠡᠯ ᠯᠦ᠍ᠭᠡ ᠨᠢᠭᠡᠳᠦᠯᠲᠡᠢ ᠪᠠᠢᠯᠭᠠᠨ᠎ᠠ
● ᠠᠮᠤ ᠪᠤᠳᠠᠭᠠᠨ ᠤ᠋ ᠤᠨᠠᠯᠲᠠ ᠵᠢ 840 ᠳ᠋ᠦᠩᠱᠢᠭᠤᠷ ᠵᠢᠩ ᠡᠴᠡ ᠳᠠᠪᠠᠭᠤᠯᠣᠨ᠎ᠠ
● ᠤᠯᠤᠰ ᠡᠴᠡ ᠪᠠᠭᠤᠯᠭᠠᠭ᠍ᠰᠠᠨ ᠨᠡᠭᠦᠷᠡᠰᠦᠲᠥ᠋ᠷᠥᠭ᠌ᠴᠢ ᠶ᠋ᠢᠨ ᠭᠠᠳᠠᠭ᠍ᠰᠢᠯᠠᠭᠤᠯᠤᠯᠲᠠ ᠵᠢ ᠪᠠᠭᠤᠷᠠᠭᠤᠯᠵᠤ ᠪᠣᠬᠢᠷᠳᠣᠯ ᠪᠣᠳᠠᠰ ᠤ᠋ᠨ ᠭᠠᠳᠠᠭ᠍ᠰᠢᠯᠠᠭᠤᠯᠤᠯᠲᠠ ᠵᠢ ᠪᠠᠭᠠᠰᠭᠠᠬᠤ ᠡᠭᠦᠷᠭᠡ ᠵᠢ ᠪᠡᠶᠡᠯᠡᠭᠦᠯᠦᠨ᠎ᠡ
《1571》 ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶᠠᠨ ᠤ᠋ 《1571》 ᠠᠵᠢᠯ ᠤ᠋ᠨ ᠪᠠᠢᠷᠢᠯᠠᠭᠤᠯᠤᠯᠲᠠ ᠪᠣᠯ ᠶᠡᠷᠦᠩᠬᠡᠶ ᠱᠦᠵᠢ ᠰᠢ ᠶ᠋ᠢᠨ ᠫᠢᠩ ᠤ᠋ᠨ ᠥᠪᠥᠷ ᠮᠣᠩᠭᠤᠯ ᠤ᠋ᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ ᠶ᠋ᠢᠨ ᠵᠣᠷᠢᠭ ᠰᠠᠨᠠᠭ᠎ᠠ ᠵᠢ ᠨᠠᠢᠳᠠᠪᠤᠷᠢᠵᠢᠭᠤᠯᠬᠤ ᠬᠠᠮᠤᠭ ᠤ᠋ᠨ ᠱᠢᠨ᠎ᠡ ᠲᠤᠬᠢᠷᠠᠭᠤᠯᠤᠯᠳᠠ ᠪᠠᠢ᠌ᠷᠢᠱᠢᠭᠤᠯᠤᠯᠲᠠ ᠪᠣᠯᠤᠨ᠎ᠠ᠂ ᠨᠠᠮ ᠤ᠋ᠨ ᠬᠤᠷᠢᠳᠤᠭᠠᠷ ᠬᠤᠭᠤᠴᠠᠭᠠᠨ ᠤ᠋ ᠲᠥᠪ ᠬᠤᠷᠢᠶᠠᠨ ᠤ᠋ ᠳᠥᠷᠪᠡᠳᠦᠭᠡᠷ ᠪᠥᠬᠦᠳᠡ ᠬᠤᠷᠠᠯ ᠪᠠ ᠲᠥᠪ ᠤ᠋ᠨ ᠠᠵᠤ ᠠᠬᠤᠶ ᠶ᠋ᠢᠨ ᠠᠵᠢᠯ ᠤ᠋ᠨ ᠬᠤᠷᠠᠯ ᠤ᠋ᠨ ᠵᠣᠷᠢᠭ ᠰᠠᠨᠠᠭ᠎ᠠ ᠵᠢ ᠲᠤᠭᠤᠱᠢᠯᠠᠭᠤᠯᠬᠤ ᠪᠣᠳᠠᠲᠠᠶ ᠵᠢ ᠡᠷᠬᠢᠮᠯᠡᠭ᠌ᠰᠡᠨ ᠴᠢᠬᠤᠯᠠ ᠶᠡᠭᠡ ᠠᠷᠭ᠎ᠠ ᠬᠡᠮᠵᠢᠶ᠎ᠡ ᠪᠣᠯᠬᠤ ᠪᠦᠭᠡᠳ ᠣᠳᠣᠬᠠᠨ ᠤ᠋ ᠪᠠ ᠬᠤᠢᠱᠢᠳᠠ ᠶ᠋ᠢᠨ ᠬᠡᠰᠡᠭ ᠬᠤᠭᠤᠴᠠᠭᠠᠨ ᠤ᠋ ᠪᠥᠬᠦ᠌ ᠣᠷᠣᠨ ᠤ᠋ ᠡᠯ᠎ᠡ ᠵᠦᠢᠯ ᠤ᠋ᠨ ᠠᠵᠢᠯ ᠦᠢᠯᠡᠰ ᠤ᠋ᠨ ᠬᠥᠭ᠌ᠵᠢᠯᠲᠡ ᠶ᠋ᠢᠨ ᠶᠡᠷᠦᠩᠬᠡᠶ ᠭᠠᠷᠳᠠᠴᠠ ᠪᠣᠯᠤᠨ᠎ᠠ᠃ 2026 ᠣᠨ ᠤ᠋ ᠵᠠᠰᠠᠭ ᠤ᠋ᠨ ᠣᠷᠳᠣᠨ ᠤ᠋ ᠠᠵᠢᠯ ᠪᠣᠯ ᠭᠤᠣᠯᠳᠠᠭᠤ ᠥᠪᠡᠷᠲᠡᠭᠡᠨ ᠵᠠᠰᠠᠬᠤ ᠣᠷᠣᠨ ᠤ᠋ ᠨᠠᠮ ᠤ᠋ᠨ ᠬᠤᠷᠢᠶᠠᠨ ᠤ᠋ 《1571》 ᠠᠵᠢᠯ ᠤ᠋ᠨ ᠪᠠᠢᠷᠢᠯᠠᠭᠤᠯᠤᠯᠲᠠ ᠶ᠋ᠢᠨ ᠲᠣᠭᠤᠷᠢᠨ ᠳ᠋ᠤ ᠠᠷᠭ᠎ᠠ ᠪᠠᠷᠢᠯ ᠢ᠋ᠶ᠋ᠡᠨ ᠨᠠᠷᠢᠯᠢᠬ᠍ᠵᠢᠭᠤᠯᠤᠨ᠂ ᠨᠠᠢ᠌ᠳᠠᠪᠤᠷᠢᠵᠢᠭᠤᠯᠤᠯᠲᠠ ᠵᠢ ᠰᠠᠢᠲᠤᠷ ᠠᠳᠭᠤᠬᠤ ᠶᠠᠪᠤᠳᠠᠯ ᠪᠣᠯᠣᠨ᠎ᠠ᠃
ᠨᠢᠭᠡ᠂ ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠴᠣᠭ᠍ᠴᠠ ᠶ᠋ᠢᠨ ᠤᠬᠠᠮᠰᠠᠷ ᠢ᠋ ᠪᠠᠲᠣ ᠴᠣᠭ᠍ᠴᠠᠯᠠᠬᠤ ᠪᠡᠷ ᠦᠨᠳᠦᠰᠦᠲᠡᠨ ᠤ᠋ ᠭᠠᠵᠠᠷ ᠣᠷᠣᠨ ᠤ᠋ ᠡᠯ᠎ᠡ ᠵᠦᠢᠯ ᠤ᠋ᠨ ᠠᠵᠢᠯ ᠤ᠋ᠨ ᠭᠤᠣᠯ ᠱᠢᠵᠢᠮ ᠪᠣᠯᠭᠠᠨ᠎ᠠ
(ᠨᠢᠭᠡ) ᠳᠤᠮᠳᠠᠳᠤ ᠶ᠋ᠢᠨ ᠦᠨᠳᠦᠰᠦᠲᠡᠨ ᠤ᠋ ᠬᠠᠮᠲᠤ ᠶ᠋ᠢᠨ ᠤᠶᠤᠨ ᠰᠠᠨᠠᠭᠠᠨ ᠤ᠋ ᠭᠡᠷ ᠣᠷᠣᠨ ᠤ᠋ ᠪᠠᠢᠭᠤᠯᠤᠯᠲᠠ ᠵᠢ ᠴᠢᠩᠭᠠᠳᠭᠠᠨ᠎ᠠ
(ᠬᠤᠶᠠᠷ)ᠦᠨᠳᠦᠰᠦᠲᠡᠨᠨᠦᠭᠦᠳ ᠤ᠋ᠨ ᠥᠷᠭᠡᠨ ᠳᠡᠯᠭᠡᠷᠡᠩᠭᠦᠢ ᠶᠠᠪᠤᠯᠴᠠᠭ᠎ᠠ ᠰᠣᠯᠢᠯᠴᠠᠭ᠎ᠠ ᠠᠭᠤᠰᠣᠯᠴᠠᠭ᠎ᠠ ᠵᠢ ᠠᠬᠢᠭᠤᠯᠤᠨ᠎ᠠ
(ᠭᠤᠷᠪᠠ) ᠭᠤᠤᠯ ᠱᠢᠵᠢᠮ ᠤ᠋ᠨ ᠱᠠᠭᠠᠷᠳᠠᠯᠭ᠎ᠠ ᠵᠢ ᠲᠣᠭᠤᠱᠢᠯᠠᠭᠤᠯᠬᠤ ᠲᠦᠷᠢᠮ ᠲᠣᠭ᠍ᠲᠠᠴᠠ ᠵᠢ ᠪᠦᠷᠢᠨᠱᠢᠭᠦᠯᠦᠨᠡ
ᠬᠤᠶᠠᠷ᠂ ᠶᠡᠷᠦᠩᠬᠡᠢ ᠱᠦᠵᠢ ᠰᠢ ᠶ᠋ᠢᠨ ᠫᠢᠩ ᠪᠠ ᠨᠠᠮ ᠤ᠋ᠨ ᠲᠥᠪ ᠬᠤᠷᠢᠶ᠎ᠠ ᠡᠴᠡ ᠣᠯᠭᠤᠭ᠍ᠰᠠᠨ ᠲᠠᠪᠤᠨ ᠶᠡᠭᠡ ᠪᠠᠢᠯᠳᠤᠬᠤ ᠪᠤᠳᠤᠯᠭ᠎ᠠ ᠶ᠋ᠢᠨ ᠪᠠᠢ᠌ᠷᠢ ᠲᠣᠭ᠍ᠲᠠᠭᠠᠯᠲᠠ ᠪᠠ ᠡᠭᠦᠷᠭᠡ ᠬᠠᠷᠢᠭᠤᠴᠠᠯᠭ᠎ᠠ ᠵᠢ ᠭᠦᠨᠵᠡᠭᠡᠢ᠌ᠷᠡᠭᠦᠯᠦᠨ ᠨᠠᠢ᠌ᠳᠠᠪᠣᠷᠢᠵᠢᠭᠤᠯᠣᠨᠠ
(ᠨᠢᠭᠡ) ᠠᠮᠢ ᠠᠬᠤᠶ ᠵᠢ ᠤᠷᠢᠳ ᠢ᠋ᠶ᠋ᠡᠷ ᠪᠣᠳᠣᠯᠬᠢᠯᠠᠬᠤ᠂ ᠪᠣᠬᠢᠷᠲᠤᠯ ᠥᠬᠡᠶ ᠬᠥᠭ᠌ᠵᠢᠭᠦᠯᠬᠦ᠌ ᠵᠢ ᠪᠠᠷᠢᠮᠲᠠᠯᠠᠨ᠂ ᠮᠠᠨ ᠤ᠋ ᠤᠯᠤᠰ ᠤ᠋ᠨ ᠤᠮᠠᠷᠠᠲᠤ ᠶ᠋ᠢᠨ ᠴᠢᠬᠤᠯᠠ ᠠᠮᠢ ᠠᠬᠤᠶ ᠶ᠋ᠢᠨ ᠠᠮᠤᠷ ᠲᠦᠪᠱᠢᠨ ᠤ᠋ ᠬᠠᠯᠬᠠᠪᠴᠢ ᠵᠢ ᠪᠠᠬᠢᠵᠢᠭᠦᠯᠦᠨ᠎ᠡ
ᠨᠢᠭᠡ ᠳ᠋ᠤ 《ᠤᠮᠠᠷᠠᠲᠤ ᠵᠢᠨ ᠭᠤᠷᠪᠠᠨ ᠤᠷᠤᠨ》 ᠤ᠋ ᠢᠨᠵᠧᠨᠧᠷᠢᠩ ᠤ᠋ᠨ ᠭᠤᠷᠪᠠᠨ ᠶᠡᠭᠡ ᠪᠡᠯᠭᠡ ᠲᠡᠮᠳᠡᠭ ᠤ᠋ᠨ ᠴᠢᠨᠠᠷᠲᠠᠢ ᠳᠠᠢ᠌ᠯᠠᠯᠳᠤᠭᠠᠨ ᠢ᠋ ᠰᠠᠢᠲᠤᠷ ᠬᠢᠨ᠎ᠡ
ᠬᠤᠶᠠᠷ ᠲᠦ᠍ ᠠᠮᠢ ᠠᠬᠤᠢ ᠶ᠋ᠢᠨ ᠬᠠᠮᠠᠭᠠᠯᠠᠯᠲᠠ ᠪᠠ ᠰᠡᠷᠭᠦᠭᠡᠯᠲᠡ ᠵᠢ ᠴᠢᠩᠭᠠᠳᠭᠠᠨ᠎ᠠ
ᠭᠤᠷᠪᠠ ᠳ᠋ᠤ ᠪᠣᠬᠢᠷᠲᠤᠯ ᠢ᠋ ᠰᠡᠷᠭᠡᠢᠯᠡᠨ ᠵᠠᠰᠠᠬᠤ ᠱᠢᠪᠲᠤᠯᠤᠯᠲᠠ ᠶ᠋ᠢᠨ ᠳᠠᠢᠯᠠᠯᠳᠤᠭᠠᠨ ᠢ᠋ ᠭᠦᠨᠵᠡᠭᠡᠢ ᠰᠠᠢᠲᠤᠷ ᠬᠢᠨ᠎ᠡ
ᠲᠦᠷᠪᠡ ᠳ᠋ᠤ ᠪᠣᠬᠢᠷᠲᠤᠯ ᠦᠭᠡᠢ ᠪᠦᠭᠡᠳ ᠳᠣᠣᠷ᠎ᠠ ᠨᠡᠭᠦᠷᠡᠰᠦᠳᠦ᠋ᠷᠦᠭ᠌ᠴᠢᠲᠦ ᠬᠥᠭ᠌ᠵᠢᠯᠲᠡ ᠵᠢ ᠠᠬᠢᠭᠤᠯᠤᠨ᠎ᠠ
(ᠬᠤᠶᠠᠷ)ᠬᠥᠭ᠌ᠵᠢᠯᠲᠡ ᠪᠠ ᠠᠮᠤᠷ ᠲᠦᠪᠱᠢᠨ ᠢ᠋ ᠨᠠᠩ ᠰᠠᠢᠲᠤᠷ ᠨᠢᠭᠡᠳᠦᠯᠲᠡᠶ ᠲᠥᠯᠥᠪᠯᠡᠵᠦ᠍᠂ ᠡᠬᠡ ᠤᠯᠤᠰ ᠤ᠋ᠨ ᠤᠮᠠᠷᠠᠲᠤ ᠬᠢᠵᠠᠭᠠᠷ ᠤ᠋ᠨ ᠠᠮᠤᠷ ᠲᠦᠪᠱᠢᠨ ᠲᠣᠭ᠍ᠲᠠᠭᠤᠨ ᠤ᠋ ᠬᠠᠯᠬᠠᠪᠴᠢ ᠵᠢ ᠪᠠᠬᠢᠵᠢᠭᠦᠯᠦᠨ᠎ᠡ
ᠨᠢᠭᠡ ᠳ᠋ᠤ ᠠᠶᠤᠯ ᠦᠭᠡᠢ ᠦᠢᠯᠡᠳᠪᠦᠷᠢᠯᠡᠯ ᠤ᠋ᠨ ᠬᠤᠷᠢᠭ᠎ᠠ ᠱᠤᠭᠤᠮ ᠢ᠋ ᠰᠠᠢᠲᠤᠷ ᠰᠠᠬᠢᠨ᠎ᠠ
ᠬᠤᠶᠠᠷ ᠲᠦ᠍ ᠡᠳ᠋ ᠤ᠋ᠨ ᠵᠠᠰᠠᠭ ᠮᠦᠩᠭᠦᠨ ᠭᠦᠢᠯᠭᠡᠭᠡᠨ ᠤ᠋ ᠲᠥᠭ᠌ᠰᠢᠭᠦᠷᠢ ᠶ᠋ᠢᠨ ᠬᠤᠷᠢᠭ᠎ᠠ ᠱᠤᠭᠤᠮ ᠢ᠋ ᠰᠠᠢ᠌ᠲᠤᠷ ᠰᠠᠬᠢᠨ᠎ᠡ
ᠭᠤᠷᠪᠠ ᠳ᠋ᠤ ᠨᠡᠢ᠌ᠭᠡᠮ ᠤ᠋ᠨ ᠶᠡᠭᠡ ᠲᠠᠯ᠎ᠠ ᠶ᠋ᠢᠨ ᠡᠶ᠎ᠡ ᠵᠣᠬᠢᠴᠠᠩᠭᠤᠢ ᠲᠣᠭ᠍ᠲᠠᠭᠤᠨ ᠪᠠᠢ᠌ᠬᠤ ᠬᠤᠷᠢᠭ᠎ᠠ ᠱᠤᠭᠤᠮ ᠢ᠋ ᠰᠠᠢ᠌ᠲᠤᠷ ᠰᠠᠬᠢᠨ᠎ᠡ
(ᠭᠤᠷᠪᠠ) ᠣᠳᠣ ᠦᠶ᠎ᠡ ᠶ᠋ᠢᠨ ᠡᠨᠧᠷᠭᠢ ᠶ᠋ᠢᠨ ᠠᠵᠤ ᠠᠬᠤᠶ ᠵᠢ ᠶᠡᠭᠡ ᠪᠡᠷ ᠬᠥᠭ᠌ᠵᠢᠭᠦᠯᠵᠦ᠍᠂ ᠤᠯᠤᠰ ᠤ᠋ᠨ ᠴᠢᠬᠤᠯᠠ ᠡᠨᠧᠷᠭᠢ ᠪᠠ ᠪᠠᠢᠯᠳᠤᠬᠤ ᠪᠣᠳᠣᠯᠭ᠎ᠠ ᠶ᠋ᠢᠨ ᠡᠬᠢ ᠪᠠᠶᠠᠯᠢᠭ ᠤ᠋ᠨ ᠰᠠᠭᠤᠷᠢᠨ ᠢ᠋ ᠪᠦᠲᠦᠭᠡᠨ ᠪᠠᠢ᠌ᠭᠤᠯᠤᠨ᠎ᠠ
ᠨᠢᠭᠡ ᠳ᠋ᠤ ᠨᠡᠭᠦᠷᠡᠰᠦᠨ ᠤ᠋ ᠬᠠᠩᠭᠠᠯᠭ᠎ᠠ ᠵᠢ ᠪᠠᠲᠤᠯᠠᠬᠤ ᠪᠠ ᠤᠯᠠᠷᠢᠭᠤᠯᠬᠤ ᠠᠵᠢᠯ ᠢ᠋ ᠰᠠᠢ᠌ᠲᠤᠷ ᠬᠢᠨ᠎ᠡ
ᠬᠤᠶᠠᠷ ᠲᠦ᠍ ᠱᠢᠨ᠎ᠡ ᠡᠨᠧᠷᠭᠢ ᠵᠢ ᠭᠠᠳᠠᠭ᠍ᠰᠢ ᠬᠦᠷᠭᠡᠬᠦ᠌ ᠪᠠ ᠪᠠᠭ᠍ᠲᠠᠭᠠᠨ ᠱᠢᠩᠭᠡᠭᠡᠬᠦ᠌ ᠠᠵᠢᠯ ᠢ᠋ ᠰᠠᠢᠲᠤᠷ ᠬᠢᠨ᠎ᠡ
ᠭᠤᠷᠪᠠ ᠳ᠋ᠤ ᠬᠦᠩᠭᠡᠨ ᠳᠤᠮᠳᠠ ᠬᠦᠨᠳᠦ ᠬᠤᠪᠣᠷ ᠱᠢᠷᠤᠢ ᠶ᠋ᠢᠨ ᠪᠦᠬᠦ᠌ ᠠᠵᠤ ᠦᠢᠯᠡᠰ ᠤ᠋ᠨ ᠬᠡᠯᠬᠢᠶᠡᠨ ᠤ᠋ ᠠᠵᠢᠯ ᠢ᠋ ᠰᠠᠢ᠌ᠲᠤᠷ ᠬᠢᠨ᠎ᠡ
ᠳᠥᠷᠪᠡ ᠳ᠋ᠤ ᠱᠢᠨ᠎ᠡ ᠨᠢᠭᠡ ᠡᠭᠡᠯᠵᠢ ᠶ᠋ᠢᠨ ᠠᠭᠤᠷᠬᠠᠶ ᠬᠠᠢ᠌ᠬᠤ ᠱᠢᠪᠲᠤᠯᠤᠯᠲᠠ ᠶ᠋ᠢᠨ ᠠᠵᠢᠯ ᠢ᠋ ᠰᠠᠢ᠌ᠲᠤᠷ ᠬᠢᠨ᠎ᠡ
(ᠳᠥᠷᠪᠡ) ᠮᠠᠯ ᠠᠵᠤ ᠠᠬᠤᠶ ᠲᠠᠷᠢᠶᠠᠯᠠᠩ ᠤ᠋ᠨ ᠬᠡᠯᠪᠡᠷᠢ ᠪᠠᠨ ᠬᠤᠪᠢᠷᠠᠭᠤᠯᠤᠨ ᠬᠥᠭ᠌ᠵᠢᠬᠦ᠌ ᠵᠢ ᠲᠦᠷᠭᠡᠳᠭᠡᠵᠦ᠍᠂ ᠤᠯᠤᠰ ᠤ᠋ᠨ ᠴᠢᠬᠤᠯᠠ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠦᠢᠯᠡᠳᠪᠦᠷᠢᠯᠡᠯ ᠤ᠋ᠨ ᠰᠠᠭᠤᠷᠢᠨ ᠢ᠋ ᠪᠥᠲᠥᠭᠡᠨ ᠪᠠᠢᠭᠤᠯᠤᠨ᠎ᠠ
ᠨᠢᠭᠡ ᠳ᠋ᠤ ᠶᠡᠷᠦᠩᠬᠡᠢᠯᠡᠭ᠌ᠰᠡᠨ ᠦᠢᠯᠡᠳᠪᠦᠷᠢᠯᠡᠬᠦ᠌ ᠴᠢᠳᠠᠪᠤᠷᠢ ᠪᠠᠨ ᠳᠡᠭᠡᠭ᠌ᠰᠢᠯᠡᠭᠦᠯᠦᠨᠡ
ᠬᠤᠶᠠᠷ ᠲᠦ᠍ 《ᠦᠷ᠎ᠡ ᠴᠢᠫ》 ᠤ᠋ᠨ ᠢᠨᠵᠧᠨᠧᠷᠢᠩ ᠢ᠋ ᠬᠡᠷᠡᠭ᠌ᠵᠢᠭᠦᠯᠦᠨᠡ
ᠭᠤᠷᠪᠠ ᠳ᠋ᠤ ᠮᠠᠯ ᠤ᠋ᠨ ᠠᠱᠢᠭ ᠱᠢᠮ᠎ᠡ ᠲᠠᠷᠢᠶᠠᠯᠠᠩ ᠤ᠋ᠨ ᠪᠦᠲᠦᠭᠡᠭ᠌ᠳᠡᠬᠦᠨ ᠤ᠋ ᠨᠠᠷᠢᠯᠢᠬ ᠭᠦᠨ ᠡᠳ᠋ᠱᠢᠭᠦᠯᠦᠨ ᠪᠣᠯᠪᠠᠰᠤᠷᠠᠭᠤᠯᠬᠤ ᠪᠠ ᠪᠣᠬᠢᠷᠲᠤᠯ ᠥᠬᠡᠶ ᠣᠷᠭᠠᠨᠢᠭ ᠨᠠᠷᠠᠲᠤ ᠲᠡᠮᠲᠡᠭ ᠢ᠋ ᠱᠢᠯᠢᠳᠡᠭ᠌ᠵᠢᠭᠦᠯᠦᠨᠡ
(ᠲᠠᠪᠤ) ᠳᠤᠮᠳᠠᠳᠤ ᠤᠯᠤᠰ (ᠥᠪᠥᠷ ᠮᠣᠩᠭᠤᠯ) ᠤ᠋ᠨ ᠴᠢᠯᠥᠭᠡᠲᠦ ᠠᠷᠠᠯᠵᠢᠶᠠᠨ ᠤ᠋ ᠲᠤᠷᠱᠢᠯᠲᠠ ᠶ᠋ᠢᠨ ᠣᠷᠣᠨ ᠢ᠋ ᠡᠭᠦᠳᠦᠨ ᠪᠠᠢᠭᠤᠯᠬᠤ ᠪᠡᠷ ᠬᠦᠲᠦᠯᠦᠮᠵᠢ ᠪᠣᠯᠭᠠᠵᠤ᠂ ᠮᠠᠨ ᠤ᠋ ᠤᠯᠤᠰ ᠤ᠋ᠨ ᠤᠮᠠᠷᠠᠰᠢ ᠨᠡᠭᠡᠭᠡᠯᠳᠡ ᠬᠢᠬᠦ᠌ ᠴᠢᠬᠤᠯᠠ ᠪᠠᠬᠢᠯᠡᠯᠲᠡ ᠵᠢ ᠴᠣᠭ᠍ᠴᠠᠯᠠᠨᠠ
ᠨᠢᠭᠡ ᠳ᠋ᠤ ᠨᠡᠭᠡᠭᠡᠯᠲᠡ ᠬᠢᠬᠦ᠌ ᠲᠠᠪᠴᠠᠩ ᠢ᠋ ᠬᠦᠴᠦᠷᠬᠡᠭ᠌ᠵᠢᠭᠦᠯᠦᠨᠡ
ᠬᠤᠶᠠᠷ ᠲᠦ᠍ ᠨᠡᠭᠡᠭᠡᠯᠲᠡ ᠬᠢᠬᠦ᠌ ᠨᠡᠪᠲᠡᠷᠡᠯ ᠵᠠᠮ ᠢ᠋ ᠰᠠᠭᠠᠳ ᠦᠭᠡᠢ ᠨᠡᠪᠲᠡᠷᠡᠭᠦᠯᠦᠨ᠎ᠡ
ᠭᠤᠷᠪᠠ ᠳ᠋ᠤ ᠨᠡᠭᠡᠭᠡᠯᠲᠡᠲᠦ ᠬᠡᠯᠪᠡᠷᠢ ᠶ᠋ᠢᠨ ᠠᠵᠤ ᠠᠬᠤᠢ ᠵᠢ ᠶᠡᠭᠡ ᠪᠡᠷ ᠬᠦᠭ᠌ᠵᠢᠭᠦᠯᠦᠨᠡ
ᠭᠤᠷᠪᠠ᠂ ᠳᠣᠯᠣᠭᠠᠨ ᠵᠦᠢᠯ ᠤ᠋ᠨ ᠭᠤᠣᠯᠳᠠᠯᠭ᠎ᠠ ᠪᠣᠯᠬᠤ ᠠᠵᠢᠯ ᠢ᠋ ᠪᠦᠬᠦ᠌ ᠬᠦᠴᠦᠨ ᠢ᠋ᠶ᠋ᠡᠷ ᠢ᠋ᠶ᠋ᠡᠨ ᠰᠠᠢᠲᠤᠷ ᠠᠳᠭᠤᠨ᠎ᠠ
(ᠨᠢᠭᠡ) ᠪᠣᠳᠠᠲᠤ ᠴᠣᠭ᠍ᠴᠠ ᠶ᠋ᠢᠨ ᠠᠵᠤ ᠠᠬᠤᠶ ᠵᠢ ᠪᠤᠵᠠᠭᠠᠢᠷᠠᠭᠤᠯᠬᠤ ᠳ᠋ᠤ ᠰᠠᠭᠤᠷᠢᠯᠠᠨ᠂ ᠥᠪᠥᠷ ᠮᠣᠩᠭᠤᠯ ᠤ᠋ᠨ ᠣᠨᠴᠠᠯᠢᠭ ᠳᠠᠪᠠᠭᠤᠯᠢᠭ ᠢ᠋ ᠬᠠᠷᠠᠭᠤᠯᠤᠭ᠍ᠰᠠᠨ ᠣᠳᠣᠬᠢᠴᠢᠯᠠᠭ᠍ᠰᠠᠨ ᠠᠵᠤ ᠦᠢᠯᠡᠰ ᠤ᠋ᠨ ᠳᠣᠭ᠍ᠲᠠᠯᠴᠠᠭᠠ ᠵᠢ ᠪᠠᠢ᠌ᠭᠤᠯᠤᠨ᠎ᠠ
ᠨᠢᠭᠡ ᠳ᠋ᠤ ᠤᠯᠠᠮᠵᠢᠯᠠᠯᠲᠤ ᠠᠵᠤ ᠦᠢᠯᠡᠰ ᠤ᠋ᠨ ᠴᠢᠨᠠᠷ ᠢ᠋ᠨᠢ ᠳᠡᠭᠡᠭ᠌ᠰᠢᠯᠡᠭᠦᠯᠦᠨ ᠳᠡᠰ ᠳᠡᠪᠱᠢᠭᠦᠯᠬᠦ᠌ ᠪᠠᠨ ᠲᠦᠷᠭᠡᠳᠭᠡᠨ᠎ᠡ
ᠬᠤᠶᠠᠷ ᠲᠦ᠍ ᠱᠢᠨ᠎ᠡ ᠪᠡᠷ ᠮᠠᠨᠳᠤᠵᠤ ᠪᠠᠢ᠌ᠭ᠎ᠠ ᠠᠵᠤ ᠦᠢᠯᠡᠰ ᠪᠠ ᠢᠷᠡᠭᠡᠳᠦᠢ ᠶ᠋ᠢᠨ ᠠᠵᠤ ᠦᠢᠯᠡᠰ ᠢ᠋ ᠪᠤᠢᠵᠢᠭᠤᠯᠤᠨ ᠪᠤᠵᠠᠭᠠᠢᠷᠠᠭᠤᠯᠤᠨᠠ
ᠭᠤᠷᠪᠠ ᠳ᠋ᠤ ᠦᠢᠯᠡᠴᠢᠯᠡᠭᠡᠨ ᠤ᠋ ᠦᠢᠯᠡᠰ ᠤ᠋ᠨ ᠴᠢᠨᠠᠷ ᠰᠠᠢᠲᠠᠢ ᠥᠨᠳᠥᠷ ᠪᠦᠲᠦᠮᠵᠢᠲᠡᠢ ᠬᠥᠭ᠌ᠵᠢᠯᠲᠡ ᠵᠢ ᠠᠬᠢᠭᠤᠯᠤᠨ᠎ᠠ
(ᠬᠤᠶᠠᠷ) ᠱᠢᠨ᠎ᠡ ᠵᠢ ᠡᠭᠦᠳᠬᠦ᠌ ᠪᠡᠷ ᠬᠥᠳᠡᠯᠭᠡᠭᠦᠷ ᠪᠣᠯᠭᠠᠬᠤ ᠵᠢ ᠶᠡᠭᠡ ᠪᠡᠷ ᠠᠬᠢᠭᠤᠯᠵᠤ ᠂ ᠭᠠᠵᠠᠷ ᠣᠷᠣᠨ ᠤ᠋ ᠪᠠᠢᠳᠠᠯ ᠳ᠋ᠤ ᠪᠠᠨ ᠲᠤᠬᠢᠷᠠᠭᠤᠯᠤᠨ ᠥᠨᠳᠥᠷ ᠲᠦᠪᠱᠢᠨ ᠪᠦᠬᠦᠢ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠤ᠋ᠨ ᠲᠠᠯ᠎ᠠ ᠪᠡᠷ ᠪᠡᠶ᠎ᠡ ᠪᠠᠨ ᠳᠠᠭᠠᠭᠠᠵᠤ ᠬᠦᠴᠦᠷᠬᠡᠭ᠌ᠵᠢᠬᠦ᠌ ᠵᠢ ᠲᠦᠷᠭᠡᠳᠭᠡᠨ᠎ᠡ
ᠨᠢᠭᠡ ᠳ᠋ᠤ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠳ᠋ᠡᠬᠢ ᠣᠷᠣᠭᠤᠯᠤᠯᠲᠠ ᠪᠠᠨ ᠨᠡᠮᠡᠭ᠌ᠳᠡᠭᠦᠯᠦᠨᠡ
ᠬᠤᠶᠠᠷ ᠲᠦ᠍ ᠭᠤᠣᠯᠳᠠᠯᠭ᠎ᠠ ᠪᠣᠯᠬᠤ ᠵᠦᠢᠯ ᠳ᠋ᠤ ᠠᠩᠬᠠᠷᠤᠯ ᠢ᠋ᠶ᠋ᠡᠨ ᠲᠦᠪᠯᠡᠷᠡᠭᠦᠯᠦᠨ ᠱᠢᠪᠲᠤᠯᠤᠯᠲᠠ ᠬᠢᠨ᠎ᠡ
ᠭᠤᠷᠪᠠ ᠳ᠋ᠤ ᠴᠢᠬᠤᠯᠠ ᠶᠡᠭᠡ ᠱᠢᠨ᠎ᠡ ᠵᠢ ᠡᠭᠦᠳᠬᠦ᠌ ᠲᠠᠪᠴᠠᠩ ᠢ᠋ ᠪᠠᠢ᠌ᠭᠤᠯᠤᠨ ᠬᠦᠴᠦᠷᠬᠡᠭ᠌ᠵᠢᠭᠦᠯᠵᠦ᠍ ᠰᠠᠢᠲᠤᠷ ᠬᠡᠷᠡᠭ᠌ᠯᠡᠨᠡ
ᠲᠦᠷᠪᠡ ᠳ᠋ᠤ ᠠᠵᠤ ᠠᠬᠤᠢᠯᠠᠯ ᠤ᠋ᠨ ᠱᠢᠨ᠎ᠡ ᠵᠢ ᠡᠭᠦᠳᠬᠦ᠌ ᠭᠤᠣᠯ ᠴᠣᠭ᠍ᠴᠠ ᠶ᠋ᠢᠨ ᠪᠠᠢᠷᠢ ᠰᠠᠭᠤᠷᠢ ᠵᠢ ᠴᠢᠩᠭᠠᠷᠠᠭᠤᠯᠤᠨ᠎ᠠ
ᠲᠠᠪᠤ ᠳ᠋ᠤ ᠰᠤᠷᠭᠠᠨ ᠬᠥᠮᠦᠵᠢᠯ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ ᠴᠢᠳᠠᠪᠤᠷᠢᠲᠠᠨ ᠢ᠋ ᠨᠢᠭᠡ ᠴᠤᠬ᠍ᠴᠠᠵᠢᠭᠤᠯᠤᠨ ᠬᠥᠭ᠌ᠵᠢᠭᠦᠯᠬᠦ᠌ ᠵᠢ ᠨᠢᠭᠡᠳᠦᠯᠲᠡᠢ ᠲᠥᠯᠥᠪᠯᠡᠨ ᠠᠬᠢᠭᠤᠯᠤᠨ᠎ᠠ
(ᠭᠤᠷᠪᠠ) ᠳᠣᠲᠣᠭᠠᠳᠤ ᠬᠡᠷᠡᠭ᠌ᠴᠡᠭᠡ ᠪᠡᠷ ᠭᠤᠣᠯ ᠤᠳᠤᠷᠢᠳᠤᠮᠵᠢ ᠪᠣᠯᠭᠠᠬᠤ ᠵᠢ ᠨᠡᠩ ᠴᠢᠬᠤᠯᠠᠴᠢᠯᠠᠵᠤ᠂ ᠪᠦᠬᠦ᠌ ᠤᠯᠤᠰ ᠤ᠋ᠨ ᠨᠢᠭᠡᠳᠦᠯᠲᠡᠢ ᠲᠤᠮᠤ ᠵᠠᠬ᠎ᠠ ᠳᠡᠯᠭᠡᠭᠦᠷ ᠯᠦ᠍ᠭᠡ ᠭᠦᠨᠵᠡᠭᠡᠢ ᠵᠠᠯᠭᠠᠯᠳᠤᠭᠤᠯᠤᠨ᠎ᠠ
ᠨᠢᠭᠡ ᠳ᠋ᠤ ᠬᠡᠷᠡᠭ᠌ᠯᠡᠭᠡ ᠵᠢ ᠶᠡᠭᠡ ᠪᠡᠷ ᠬᠦᠭ᠌ᠵᠢᠭᠡᠨᠡ
ᠬᠤᠶᠠᠷ ᠲᠦ᠍ ᠪᠦᠲᠦᠮᠵᠢᠲᠦ ᠪᠡᠯᠡ ᠣᠷᠣᠭᠤᠯᠤᠯᠲᠠ ᠵᠢ ᠥᠷᠭᠡᠳᠭᠡᠨ᠎ᠡ
ᠭᠤᠷᠪᠠ ᠳ᠋ᠤ ᠬᠠᠨᠳᠤᠯᠭ᠎ᠠ ᠲᠠᠢ ᠪᠡᠷ ᠬᠤᠳᠠᠯᠳᠤᠭᠠᠴᠢᠨ ᠤᠷᠢᠵᠤ ᠪᠡᠯᠡ ᠣᠷᠣᠭᠤᠯᠤᠨ᠎ᠠ
(ᠲᠦᠷᠪᠡ) ᠥᠭᠡᠷᠡᠴᠢᠯᠡᠯᠲᠡ ᠱᠢᠪᠲᠣᠯᠣᠯᠲᠠ ᠵᠢ ᠦᠷᠭᠦᠯᠵᠢᠯᠡᠨ ᠭᠦᠨᠵᠡᠭᠡᠢᠷᠡᠭᠦᠯᠵᠦ᠍᠂ ᠥᠨᠳᠥᠷ ᠲᠥᠪᠱᠢᠨᠲᠥ᠍ ᠨᠡᠢᠭᠡᠮ ᠵᠢᠷᠤᠮ ᠤ᠋ᠨ ᠵᠠᠬ᠎ᠠ ᠳᠡᠯᠭᠡᠭᠦᠷ ᠤ᠋ᠨ ᠠᠵᠤ ᠠᠬᠤᠢ ᠶ᠋ᠢᠨ ᠪᠠᠢᠭᠤᠯᠤᠯ ᠢ᠋ ᠪᠠᠢᠭᠤᠯᠤᠨ᠎ᠠ
ᠨᠢᠭᠡ ᠳ᠋ᠤ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ᠋ ᠤᠯᠠᠮ ᠨᠢᠭᠡ ᠠᠯᠬᠤᠮ ᠱᠢᠯᠢᠳᠡᠭ᠌ᠵᠢᠭᠦᠯᠦᠨᠡ
ᠬᠤᠶᠠᠷ ᠲᠦ᠍ ᠤᠯᠤᠰ ᠤ᠋ᠨ ᠥᠮᠴᠢᠯᠡᠯᠲᠦ ᠡᠳ᠋ ᠬᠦᠷᠦᠩᠭᠡ ᠤᠯᠤᠰ ᠤ᠋ᠨ ᠥᠮᠴᠢᠯᠡᠯᠲᠦ ᠠᠵᠤ ᠠᠬᠤᠢᠯᠠᠯ ᠤ᠋ᠨ ᠥᠭᠡᠷᠡᠴᠢᠯᠡᠯᠲᠡ ᠶ᠋ᠢᠨ ᠴᠢᠨᠠᠷ ᠴᠢᠨᠰᠠᠭ᠎ᠠ ᠦᠷ᠎ᠡ ᠪᠦᠲᠦᠮᠵᠢ ᠵᠢ ᠳᠡᠭᠡᠭ᠌ᠰᠢᠯᠡᠭᠦᠯᠦᠨᠡ
ᠭᠤᠷᠪᠠ ᠳ᠋ᠤ ᠡᠵᠡᠩᠨᠡᠯᠲᠡ ᠶ᠋ᠢᠨ ᠭᠤᠣᠯ ᠴᠣᠭ᠍ᠴᠠ ᠵᠢ ᠪᠤᠢᠵᠢᠭᠤᠯᠤᠨ ᠪᠣᠵᠠᠭᠠᠢ᠌ᠷᠠᠭᠤᠯᠤᠨᠠ
ᠳᠥᠷᠪᠡ ᠳ᠋ᠤ ᠡᠳ᠋ ᠤ᠋ᠨ ᠵᠠᠰᠠᠭ ᠤ᠋ᠨ ᠬᠦᠷᠢᠶ᠎ᠡ ᠴᠠᠷᠠᠭᠠᠨ ᠳ᠋ᠡᠬᠢ ᠥᠭᠡᠷᠡᠴᠢᠯᠡᠯᠲᠡ ᠵᠢ ᠭᠦᠨᠵᠡᠭᠡᠢ᠌ᠷᠡᠭᠦᠯᠦᠨᠡ
(ᠲᠠᠪᠤ)ᠣᠷᠣᠨ ᠪᠦᠰᠡ ᠶ᠋ᠢᠨ ᠠᠵᠤ ᠠᠬᠤᠢ ᠶ᠋ᠢᠨ ᠪᠠᠢ᠌ᠷᠢᠱᠢᠭᠤᠯᠤᠯᠲᠠ ᠵᠢ ᠱᠢᠯᠢᠳᠡᠭ᠌ᠵᠢᠭᠦᠯᠵᠦ᠍᠂ ᠵᠣᠬᠢᠴᠠᠩᠭᠤᠢ ᠬᠥᠭ᠌ᠵᠢᠯᠲᠡ ᠶ᠋ᠢᠨ ᠬᠢᠷᠢ ᠲᠦᠪᠱᠢᠨ ᠢ᠋ ᠳᠡᠭᠡᠭ᠌ᠰᠢᠯᠡᠭᠦᠯᠦᠨᠡ
ᠨᠢᠭᠡ ᠳ᠋ᠤ ᠵᠡᠭᠦᠨ ᠳᠤᠮᠳᠠ ᠪᠠᠷᠠᠭᠤᠨ ᠬᠡᠰᠡᠭ ᠤ᠋ᠨ ᠭᠠᠵᠠᠷ ᠣᠷᠣᠨ ᠤ᠋ ᠵᠣᠬᠢᠴᠠᠩᠭᠤᠶ ᠬᠥᠭ᠌ᠵᠢᠯᠲᠡ ᠵᠢ ᠠᠬᠢᠭᠤᠯᠤᠨ᠎ᠠ
ᠬᠤᠶᠠᠷ ᠲᠦ᠍ ᠱᠢᠶᠠᠨ ᠤ᠋ ᠬᠤᠳᠠ ᠪᠡᠷ ᠴᠢᠬᠤᠯᠠ ᠠᠴᠢᠶᠠᠯᠠᠪᠤᠷᠢ ᠪᠣᠯᠭᠠᠭ᠍ᠰᠠᠨ ᠬᠤᠳᠠ ᠪᠠᠯᠭᠠᠰᠤᠵᠢᠯᠳᠠ ᠶ᠋ᠢᠨ ᠪᠦᠳᠦᠭᠡᠨ ᠪᠠᠢᠭᠤᠯᠤᠯᠲᠠ ᠪᠠ ᠬᠥᠳᠡᠭᠡ ᠲᠣᠰᠭᠤᠨ ᠢ᠋ ᠪᠦᠬᠦ᠌ ᠲᠠᠯ᠎ᠠ ᠪᠡᠷ ᠬᠥᠭ᠌ᠵᠢᠭᠦᠯᠦᠨ ᠮᠠᠨᠳᠤᠭᠤᠯᠬᠤ ᠵᠢ ᠨᠢᠭᠡᠳᠦᠯᠲᠡᠢ ᠲᠥᠯᠥᠪᠯᠡᠨ ᠠᠬᠢᠭᠤᠯᠤᠨ᠎ᠠ
ᠭᠤᠷᠪᠠ ᠳ᠋ᠤ ᠬᠦᠷᠢᠶᠡᠯᠡᠩ ᠲᠣᠭᠤᠷᠢᠭ ᠤ᠋ᠨ ᠪᠠᠢᠷᠢ ᠲᠣᠭ᠍ᠲᠠᠭᠠᠯᠲᠠ ᠪᠠ ᠪᠠᠢᠷᠢᠱᠢᠭᠤᠯᠤᠯᠲᠠ ᠵᠢ ᠱᠢᠯᠢᠳᠡᠭ᠌ᠵᠢᠭᠦᠯᠦᠨᠡ
(ᠵᠢᠷᠭᠤᠭ᠎ᠠ) ᠨᠡᠢᠭᠡᠮ ᠵᠢᠷᠤᠮ ᠤ᠋ᠨ ᠰᠣᠶᠣᠯ ᠢ᠋ ᠴᠡᠴᠡᠭ᠌ᠯᠡᠭᠦᠯᠦᠨ ᠬᠥᠭ᠌ᠵᠢᠭᠦᠯᠵᠦ᠍ ᠂ ᠰᠣᠶᠣᠯ ᠤ᠋ᠨ ᠬᠦᠴᠦᠷᠬᠡᠭ ᠣᠷᠣᠨ ᠢ᠋ ᠪᠥᠲᠥᠭᠡᠨ ᠪᠠᠢᠭᠤᠯᠤᠨ᠎ᠠ
ᠨᠢᠭᠡ ᠳ᠋ᠤ ᠨᠡᠢ᠌ᠭᠡᠮ ᠵᠢᠷᠤᠮ ᠤ᠋ᠨ ᠭᠤᠣᠯᠯᠠᠭ᠍ᠴᠢ ᠥᠷᠲᠡᠭ ᠤ᠋ᠨ ᠦᠵᠡᠯᠲᠡ ᠵᠢ ᠪᠠᠳᠠᠷᠠᠭᠤᠯᠤᠨ ᠦᠢᠯᠡᠳᠦᠯᠭᠡᠵᠢᠭᠦᠯᠦᠨ᠎ᠡ
ᠬᠤᠶᠠᠷ ᠲᠦ᠍ ᠰᠣᠶᠣᠯ ᠤ᠋ᠨ ᠥᠪ ᠢ᠋ ᠬᠠᠮᠠᠭᠠᠯᠠᠵᠤ ᠠᠱᠢᠭ᠍ᠯᠠᠬᠤ ᠪᠠᠨ ᠴᠢᠩᠭᠠᠷᠠᠭᠤᠯᠤᠨ᠎ᠠ
ᠭᠤᠷᠪᠠ ᠳ᠋ᠤ ᠱᠢᠯᠢᠳᠡᠭ ᠰᠤᠶᠤᠯ ᠤ᠋ᠨ ᠪᠦᠲᠦᠭᠡᠭ᠌ᠳᠡᠭᠦᠨ ᠤ᠋ ᠬᠠᠩᠭᠠᠯᠭ᠎ᠠ ᠵᠢ ᠦᠷᠭᠡᠳᠭᠡᠨ᠎ᠡ
ᠳᠥᠷᠪᠡ ᠳ᠋ᠤ ᠰᠣᠶᠣᠯ ᠵᠢᠭᠤᠯᠴᠢᠯᠠᠯ ᠤ᠋ᠨ ᠭᠦᠨᠵᠡᠭᠡᠢ ᠠᠭᠤᠰᠤᠯᠴᠠᠨ ᠬᠥᠭ᠌ᠵᠢᠬᠦ᠌ ᠵᠢ ᠠᠬᠢᠭᠤᠯᠤᠨ᠎ᠠ
(ᠳᠣᠯᠤᠭ᠎ᠠ) ᠠᠷᠠᠳ ᠤ᠋ᠨ ᠠᠮᠢᠳᠤᠷᠠᠯ ᠢ᠋ ᠬᠠᠮᠤᠭ ᠡᠴᠡ ᠴᠢᠬᠤᠯᠠᠴᠢᠯᠠᠬᠤ ᠵᠢ ᠢᠮᠠᠭ᠍ᠲᠠ ᠪᠠᠷᠢᠮᠲᠠᠯᠠᠵᠤ᠂ ᠠᠷᠠᠳ ᠤ᠋ᠨ ᠠᠮᠢᠳᠤᠷᠠᠯ ᠢ᠋ ᠪᠠᠲᠤᠯᠠᠬᠤ ᠪᠠ ᠰᠠᠢᠵᠢᠷᠠᠭᠤᠯᠬᠤ ᠡᠷᠴᠢᠮ ᠢ᠋ᠶ᠋ᠡᠨ ᠲᠠᠰᠤᠷᠠᠯᠲᠠ ᠥᠬᠡᠶ ᠴᠢᠩᠭᠠᠷᠠᠭᠤᠯᠤᠨ᠎ᠠ
ᠨᠢᠭᠡ ᠳ᠋ᠤ ᠬᠤᠲᠠ ᠬᠥᠳᠡᠭᠡ ᠶ᠋ᠢᠨ ᠰᠠᠭᠤᠭᠠᠯᠢ ᠠᠷᠠᠳ ᠤ᠋ᠨ ᠣᠷᠣᠯᠭ᠎ᠠ ᠵᠢᠨᠢ ᠨᠡᠮᠡᠭ᠌ᠳᠡᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠦᠨᠡ
ᠬᠤᠶᠠᠷ ᠲᠦ᠍ ᠠᠵᠢᠯ ᠤ᠋ᠨ ᠪᠠᠢᠷᠢ ᠵᠢ ᠲᠣᠭ᠍ᠲᠠᠪᠤᠷᠢᠵᠢᠭᠤᠯᠤᠨ ᠪᠠᠭ᠍ᠲᠠᠭᠠᠮᠵᠢ ᠵᠢ ᠥᠷᠭᠡᠳᠭᠡᠵᠦ᠍ ᠴᠢᠨᠠᠷ ᠢ᠋ᠨᠢ ᠳᠡᠭᠡᠭ᠌ᠰᠢᠯᠡᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠦᠨᠡ
ᠭᠤᠷᠪᠠ ᠳ᠋ᠤ ᠰᠤᠷᠭᠠᠨ ᠬᠥᠮᠦᠵᠢᠯ ᠵᠢᠭᠠᠨ ᠰᠤᠷᠭᠠᠯᠲᠠ ᠶ᠋ᠢᠨ ᠴᠢᠨᠠᠷ ᠴᠢᠨᠰᠠᠭ᠎ᠠ ᠵᠢ ᠳᠡᠭᠡᠭ᠌ᠰᠢᠯᠡᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠦᠨᠡ
ᠳᠥᠷᠪᠡ ᠳ᠋ᠤ ᠡᠮᠴᠢᠯᠡᠭᠡᠨ ᠤ᠋ ᠰᠡᠷᠭᠡᠢ᠌ᠯᠡᠬᠦ᠌ ᠵᠠᠰᠠᠬᠤ ᠡᠷᠡᠭᠦᠯᠵᠢᠭᠦᠯᠬᠦ᠌ ᠬᠠᠮᠢᠶᠠᠷᠬᠤ ᠦᠢᠯᠡᠴᠢᠯᠡᠭᠡᠨ ᠤ᠋ ᠢᠨᠵᠧᠨᠧᠷᠢᠩ ᠢ᠋ ᠬᠡᠷᠡᠭ᠌ᠵᠢᠭᠦᠯᠦᠨᠡ
ᠲᠠᠪᠤ ᠳ᠋ᠤ ᠨᠠᠰᠤᠵᠢᠯ ᠤ᠋ᠨ ᠦᠨᠳᠦᠰᠦᠨ ᠦᠢᠯᠡᠴᠢᠯᠡᠭᠡᠨ ᠤ᠋ ᠲᠣᠭ᠍ᠲᠠᠯᠴᠠᠭᠠ ᠵᠢ ᠱᠢᠯᠢᠳᠡᠭ᠌ᠵᠢᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠦᠨᠡ
ᠵᠢᠷᠭᠤᠭ᠎ᠠ ᠳ᠋ᠤ ᠦᠷᠡᠵᠢᠯ ᠳ᠋ᠤ ᠡᠭᠡᠯᠢᠲᠡᠢ ᠨᠡᠢᠭᠡᠮ ᠤ᠋ᠨ ᠪᠠᠢᠭᠤᠯᠤᠯᠲᠠ ᠶ᠋ᠢᠨ ᠢᠨᠵᠧᠨᠧᠷᠢᠩ ᠢ᠋ ᠬᠡᠷᠡᠭ᠌ᠵᠢᠭᠦᠯᠦᠨᠡ
ᠳᠣᠯᠤᠭ᠎ᠠ ᠳ᠋ᠤ ᠵᠠᠮ ᠬᠠᠷᠢᠯᠴᠠᠭ᠎ᠠ ᠵᠢ ᠰᠠᠭᠠᠳ ᠦᠭᠡᠶ ᠨᠡᠪᠲᠡᠷᠡᠭᠦᠯᠬᠦ᠌ ᠢᠨᠵᠧᠨᠧᠷᠢᠩ ᠢ᠋ ᠬᠡᠷᠡᠭ᠌ᠵᠢᠭᠦᠯᠦᠨᠡ
ᠨᠠᠢ᠍ᠮᠠ ᠳ᠋ᠤ ᠵᠥᠷᠢᠴᠡᠯ ᠵᠠᠭᠤᠷᠠᠯᠳᠤᠭᠠᠨ ᠢ᠋ ᠣᠯᠠᠨ ᠡᠱᠢᠵᠢᠭᠦᠯᠦᠨ ᠱᠢᠢᠳᠪᠦᠷᠢᠯᠡᠬᠦ᠌ ᠢᠨᠵᠧᠨᠧᠷᠢᠩ ᠢ᠋ ᠬᠡᠷᠡᠭ᠌ᠵᠢᠭᠦᠯᠦᠨᠡ
ᠶᠢᠰᠦ ᠳ᠋ᠤ ᠬᠡᠷᠡᠭ᠌ᠯᠡᠭ᠌ᠴᠢᠳ ᠤ᠋ᠨ ᠡᠷᠬᠡ ᠠᠱᠢᠭ ᠢ᠋ ᠬᠠᠮᠠᠭᠠᠯᠠᠬᠤ ᠢᠨᠵᠧᠨᠧᠷᠢᠩ ᠢ᠋ ᠬᠡᠷᠡᠭ᠌ᠵᠢᠭᠦᠯᠦᠨᠡ
ᠠᠷᠪᠠ ᠳ᠋ᠤ ᠬᠤᠲᠠ ᠬᠥᠳᠡᠭᠡ ᠶ᠋ᠢᠨ ᠣᠷᠣᠱᠢᠨ ᠰᠠᠭᠤᠷᠢᠱᠢᠬᠤ ᠣᠷᠴᠢᠨ ᠨᠥᠬᠦᠴᠡᠯ ᠢ᠋ ᠥᠭᠡᠷᠡᠴᠢᠯᠡᠨ ᠰᠠᠢᠵᠢᠷᠠᠭᠤᠯᠬᠤ ᠢᠨᠵᠧᠨᠧᠷᠢᠩ ᠢ᠋ ᠬᠡᠷᠡᠭ᠌ᠵᠢᠭᠦᠯᠦᠨᠡ
ᠳᠥᠷᠪᠡ᠂ ᠨᠠᠮ ᠤ᠋ᠨ ᠪᠦᠬᠦ᠌ ᠲᠠᠯ᠎ᠠ ᠶ᠋ᠢᠨ ᠤᠳᠤᠷᠢᠳᠤᠯᠭ᠎ᠠ ᠵᠢ ᠪᠠᠷᠢᠮᠲᠠᠯᠠᠬᠤ ᠪᠠᠨ ᠵᠠᠰᠠᠭ ᠤ᠋ᠨ ᠣᠷᠳᠣᠨ ᠤ᠋ ᠠᠵᠢᠯ ᠤ᠋ᠨ ᠡᠯ᠎ᠡ ᠲᠠᠯ᠎ᠠ ᠪᠥᠬᠦ᠌ ᠶᠠᠪᠤᠴᠠ ᠳ᠋ᠤ ᠲᠤᠭᠤᠱᠢᠯᠠᠭᠤᠯᠤᠨᠠ
ᠨᠢᠭᠡ ᠳ᠋ᠤ ᠬᠠᠤᠯᠢ ᠪᠡᠷ ᠵᠠᠰᠠᠬᠤ ᠵᠠᠰᠠᠭ ᠤ᠋ᠨ ᠣᠷᠳᠣᠨ ᠢ᠋ ᠪᠠᠢ᠌ᠭᠤᠯᠤᠨ᠎ᠠ
ᠬᠤᠶᠠᠷ ᠲᠦ᠍ ᠦᠨᠡᠨᠴᠢ ᠢᠲᠡᠭᠡᠮᠵᠢᠲᠡᠢ ᠵᠠᠰᠠᠭ ᠤ᠋ᠨ ᠣᠷᠳᠣᠨ ᠢ᠋ ᠪᠠᠢ᠌ᠭᠤᠯᠤᠨ᠎ᠠ
ᠭᠤᠷᠪᠠ ᠳ᠋ᠤ ᠥᠨᠳᠥᠷ ᠪᠦᠲᠦᠮᠵᠢᠲᠡᠢ ᠵᠠᠰᠠᠭ ᠤ᠋ᠨ ᠣᠷᠳᠣᠨ ᠢ᠋ ᠪᠠᠢ᠌ᠭᠤᠯᠤᠨ᠎ᠠ
ᠳᠥᠷᠪᠡ ᠳ᠋ᠤ ᠠᠷᠢᠭᠤᠨ ᠴᠢᠬᠡᠴᠢ ᠵᠠᠰᠠᠭ ᠤ᠋ᠨ ᠣᠷᠳᠣᠨ ᠢ᠋ ᠪᠠᠢ᠌ᠭᠤᠯᠤᠨ᠎ᠠ
ᠲᠠᠪᠤ ᠳ᠋ᠤ ᠦᠢᠯᠡᠴᠢᠯᠡᠭᠡᠨ ᠤ᠋ ᠬᠡᠯᠪᠡᠷᠢ ᠶ᠋ᠢᠨ ᠵᠠᠰᠠᠭ ᠤ᠋ᠨ ᠣᠷᠳᠣᠨ ᠢ᠋ ᠪᠠᠢ᠌ᠭᠤᠯᠤᠨ᠎ᠠ