ᠰᠢ ᠵᠢᠨ ᠫᠢᠩ ᠠᠮᠧᠷᠢᠺᠠ᠎ᠶ᠋ᠢᠨ ᠶᠡᠷᠦᠩᠬᠡᠢᠯᠡᠭ᠌ᠴᠢ ᠲᠸᠷᠠᠮᠫᠦ᠋᠎ᠲᠠᠢ ᠤᠲᠠᠰᠤ᠎ᠪᠠᠷ ᠶᠠᠷᠢᠯᠴᠠᠪᠠ
2026-02-05 09:41:49
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 4 ᠤ᠋ ᠣᠷᠣᠶ᠂ ᠤᠯᠤᠰ᠎ᠤᠨ ᠲᠡᠷᠢᠭᠦᠯᠡᠭ᠌ᠴᠢ ᠰᠢ ᠵᠢᠨ ᠫᠢᠩ ᠠᠮᠧᠷᠢᠺᠠ᠎ᠶ᠋ᠢᠨ ᠶᠡᠷᠦᠩᠬᠡᠢᠯᠡᠭ᠌ᠴᠢ ᠲᠸᠷᠠᠮᠫᠦ᠋᠎ᠲᠠᠢ ᠤᠲᠠᠰᠤ᠎ᠪᠠᠷ ᠶᠠᠷᠢᠯᠴᠠᠪᠠ᠃

ᠰᠢ ᠵᠢᠨ ᠫᠢᠩ᠂ ᠥᠩᠭᠡᠷᠡᠭ᠌ᠰᠡᠨ ᠨᠢᠭᠡ ᠵᠢᠯ᠎ᠳᠦ ᠪᠢᠳᠡ ᠰᠠᠢ᠌ᠨ ᠰᠠᠢᠬᠠᠨ ᠤᠯᠤᠯᠴᠠᠭ᠎ᠠ᠎ᠪᠠᠨ ᠪᠠᠲᠤᠯᠠᠵᠤ᠂ ᠪᠦᠰᠡᠨ᠎ᠳᠤ ᠠᠮᠵᠢᠯᠲᠠ᠎ᠲᠠᠶ ᠠᠭᠤᠯᠵᠠᠯᠲᠠ ᠬᠢᠵᠦ᠍᠂ ᠳᠤᠮᠳᠠᠳᠤ ᠠᠮᠧᠷᠢᠺᠠ᠎ᠶ᠋ᠢᠨ ᠬᠠᠷᠢᠯᠴᠠᠭ᠎ᠠ᠎ᠶ᠋ᠢᠨ ᠠᠶᠠᠯᠠᠯ᠎ᠢ ᠵᠢᠯᠣᠭᠣᠳᠤᠨ ᠵᠠᠯᠠᠭᠤᠷ᠎ᠢ ᠡᠵᠡᠮᠳᠡᠵᠦ᠂ ᠬᠣᠶᠠᠷ ᠤᠯᠤᠰ᠎ᠤᠨ ᠠᠷᠠᠳ ᠲᠦᠮᠡᠨ ᠪᠣᠯᠤᠨ ᠳᠡᠯᠡᠬᠡᠢ ᠨᠡᠢᠭᠡᠮ᠎ᠦᠨ ᠬᠦᠷᠢᠶᠡᠯᠡᠯ᠎ᠢ ᠤᠯᠪᠠ᠃ ᠪᠢ ᠳᠤᠮᠳᠠᠳᠤ ᠠᠮᠧᠷᠢᠺᠠ᠎ᠶ᠋ᠢᠨ ᠬᠠᠷᠢᠯᠴᠠᠭ᠎ᠠ᠎ᠶ᠋ᠢ ᠳᠡᠭᠡᠳᠦ ᠬᠡᠮᠵᠢᠶ᠎ᠡ᠎ᠪᠡᠷ ᠴᠢᠬᠤᠯᠠᠴᠢᠯᠠᠵᠤ ᠪᠠᠢᠨ᠎ᠠ᠃ ᠱᠢᠨ᠎ᠡ ᠨᠢᠭᠡ ᠵᠢᠯ᠎ᠳᠦ ᠪᠢ ᠳᠤᠷᠠᠲᠠᠶ᠎ᠠ ᠲᠠᠨ᠎ᠲᠠᠶ ᠬᠠᠮᠲᠤ᠎ᠪᠠᠷ ᠳᠤᠮᠳᠠᠳᠤ ᠠᠮᠧᠷᠢᠺᠠ᠎ᠶ᠋ᠢᠨ ᠬᠠᠷᠢᠯᠴᠠᠭᠠᠨ᠎ᠤ ᠡᠨᠡ ᠬᠦ᠌ ᠲᠤᠮᠤ ᠣᠩᠭᠣᠴᠠ᠎ᠶ᠋ᠢ ᠦᠷᠭᠦᠯᠵᠢᠯᠡᠨ ᠬᠦᠳᠦᠯᠥᠨ ᠳᠠᠭᠠᠭᠤᠯᠵᠤ ᠰᠠᠯᠬᠢ ᠳᠠᠪᠠᠯᠭᠠᠨ᠎ᠢ ᠲᠤᠭᠤᠯᠵᠤ᠂ ᠲᠣᠭ᠍ᠲᠠᠭᠤᠨ᠎ᠢᠶᠠᠷ ᠤᠷᠤᠭ᠍ᠰᠢᠯᠠᠵᠤ᠂ ᠶᠡᠬᠡ ᠶᠠᠪᠤᠳᠠᠯ᠂ ᠰᠠᠢ᠌ᠨ ᠶᠠᠪᠤᠳᠠᠯ᠎ᠢ ᠢᠯᠡᠭᠦᠬᠡᠨ ᠬᠢᠨ᠎ᠠ᠃ ᠠᠮᠧᠷᠢᠺᠠ᠎ᠶ᠋ᠢᠨ ᠲᠠᠯ᠎ᠠ᠎ᠶᠢᠨ ᠬᠢᠨ ᠳ᠋ᠤ ᠠᠮᠧᠷᠢᠺᠠ᠎ᠶ᠋ᠢᠨ ᠲᠠᠯ᠎ᠠ᠎ᠶ᠋ᠢᠨ ᠠᠩᠬᠠᠷᠴᠤ ᠪᠠᠢᠭ᠎ᠠ ᠵᠦᠢᠯ ᠪᠤᠢ᠂ ᠳᠤᠮᠳᠠᠳᠤ᠎ᠶ᠋ᠢᠨ ᠲᠠᠯ᠎ᠠ᠎ᠶᠢᠨ ᠬᠢᠨ ᠳ᠋ᠤ ᠳᠤᠮᠳᠠᠳᠤ᠎ᠶ᠋ᠢᠨ ᠲᠠᠯ᠎ᠠ ᠵᠢᠨ ᠠᠩᠬᠠᠷᠴᠤ ᠪᠠᠢᠭ᠎ᠠ ᠵᠦᠢᠯ ᠪᠠᠢᠨ᠎ᠠ᠃ ᠳᠤᠮᠳᠠᠳᠤ᠎ᠶ᠋ᠢᠨ ᠲᠠᠯ᠎ᠠ ᠬᠡᠯᠡᠪᠡᠰᠤ ᠦᠭᠡᠨ᠎ᠳᠡᠭᠡᠨ ᠰᠠᠭᠤᠳᠠᠬ᠂ ᠬᠢᠪᠡᠰᠤ ᠡᠷᠡᠰ ᠲᠠᠰᠤᠷᠬᠠᠢ᠂ ᠬᠡᠯᠡᠭ᠌ᠰᠡᠨ᠎ᠳᠡᠭᠡᠨ ᠵᠠᠪᠠᠯ ᠬᠦᠷᠳᠡᠭ᠃ ᠭᠠᠭ᠍ᠴᠠ ᠬᠦ᠌ ᠬᠣᠶᠠᠷ ᠲᠠᠯ᠎ᠠ᠎ᠪᠠᠷ᠎ᠢᠶᠠᠨ ᠡᠷᠬᠡ ᠲᠡᠭ᠌ᠰᠢ᠂ ᠬᠦᠨᠳᠦᠳᠭᠡᠬᠦ᠌᠂ ᠬᠠᠷᠢᠯᠴᠠᠨ ᠠᠱᠢᠭ᠍ᠲᠠᠢ ᠪᠠᠢᠬᠤ ᠣᠪᠣᠷ᠎ᠢᠶᠠᠷ ᠬᠠᠨᠳᠤᠨ ᠤᠷᠤᠭ᠍ᠰᠢᠯᠠᠪᠠᠯ ᠲᠤᠰ ᠲᠤᠰ᠎ᠤᠨ ᠠᠩᠬᠠᠷᠴᠤ᠌ ᠪᠠᠢᠭ᠎ᠠ ᠠᠰᠠᠭᠤᠳᠠᠯ᠎ᠢᠶᠠᠨ ᠱᠢᠢᠳᠪᠦᠷᠢᠯᠡᠬᠦ᠌ ᠠᠷᠭ᠎ᠠ᠎ᠶ᠋ᠢ ᠡᠷᠢᠵᠤ ᠣᠯᠵᠤ ᠪᠣᠯᠤᠨ᠎ᠠ᠃ ᠡᠨᠡ ᠵᠢᠯ ᠳᠤᠮᠳᠠᠳᠤ ᠠᠮᠧᠷᠢᠺᠠ ᠬᠣᠶᠠᠷ ᠤᠯᠤᠰ ᠲᠤᠰ ᠲᠤᠰ᠎ᠲᠠᠭᠠᠨ ᠴᠥᠮ ᠴᠥᠭᠡᠨ ᠪᠤᠰᠤ ᠴᠢᠬᠤᠯᠠ ᠵᠥᠪᠯᠡᠬᠦ᠌ ᠵᠦᠢᠯ᠎ᠪᠤᠢ᠂ ᠳᠤᠮᠳᠠᠳᠤ ᠤᠯᠤᠰ 《ᠠᠷᠪᠠᠨ ᠲᠠᠪᠤᠳᠤᠭᠠᠷ ᠲᠠᠪᠤᠨ ᠵᠢᠯ》᠎ᠢ ᠡᠬᠢᠯᠡᠭᠦᠯᠦᠨ᠂ ᠠᠮᠧᠷᠢᠺᠠ ᠤᠯᠤᠰ ᠪᠠᠢᠭᠤᠯᠤᠭ᠍ᠳᠠᠭ᠍ᠰᠠᠨ 250 ᠵᠢᠯ᠎ᠦᠨ ᠤᠢ᠎ᠪᠠᠨ ᠤᠭ᠍ᠲᠤᠬᠤ ᠪᠣᠯᠤᠨ᠎ᠠ᠂ ᠬᠣᠶᠠᠷ ᠤᠯᠤᠰ ᠲᠤᠰ ᠲᠤᠰ  ᠠᠽᠢᠶ᠎ᠠ ᠨᠣᠮᠣᠬᠠᠨ ᠲᠠᠯᠠᠢ᠎ᠶ᠋ᠢᠨ ᠣᠷᠣᠨ᠎ᠤ ᠠᠵᠤ ᠠᠬᠤᠢ᠎ᠶ᠋ᠢᠨ ᠬᠠᠮᠲᠤᠷᠠᠯᠴᠠᠭᠠᠨ᠎ᠤ ᠵᠣᠬᠢᠶᠠᠨ ᠪᠠᠢᠭᠤᠯᠤᠯᠲᠠ᠎ᠶ᠋ᠢᠨ ᠤᠳᠤᠷᠢᠳᠭᠤ ᠬᠥᠮᠦᠰ᠎ᠦᠨ ᠠᠯᠪᠠᠨ ᠶᠣᠰᠣᠨ᠎ᠤ ᠪᠤᠰᠤ ᠬᠤᠷᠠᠯ᠂ ᠬᠣᠷᠢᠨ ᠤᠯᠤᠰ᠎ᠤᠨ ᠪᠦᠯᠦᠭ᠌ᠯᠡᠯ᠎ᠦᠨ ᠤᠳᠤᠷᠢᠳᠭᠤ ᠬᠥᠮᠦᠰ᠎ᠦᠨ ᠲᠦᠷᠦᠭᠦᠴᠦᠳ᠎ᠦᠨ ᠬᠤᠷᠠᠯ᠎ᠢ ᠡᠷᠬᠢᠯᠡᠨ ᠬᠤᠷᠠᠯᠳᠤᠭᠤᠯᠬᠤ ᠪᠣᠯᠤᠨ᠎ᠠ᠃ ᠬᠣᠶᠠᠷ ᠲᠠᠯ᠎ᠠ᠎ᠪᠠᠷ᠎ᠢᠶᠠᠨ ᠪᠢᠳᠠᠨ᠎ᠦ ᠲᠤᠬᠢᠷᠠᠯᠴᠠᠭ᠍ᠰᠠᠠ ᠬᠠᠮᠲᠤ᠎ᠶ᠋ᠢᠨ ᠲᠠᠨᠢᠯᠲᠠ ᠶᠣᠰᠣᠭᠠᠷ᠂ ᠶᠠᠷᠢᠯᠴᠠᠭ᠎ᠠ ᠨᠡᠪᠲᠡᠷᠡᠯᠴᠡᠭᠡ᠎ᠪᠡᠨ ᠴᠢᠩᠭᠠᠳᠭᠠᠵᠤ᠂ ᠵᠥᠷᠢᠯᠳᠦᠭᠡᠨ᠎ᠢᠶᠡᠨ ᠲᠣᠬᠢᠲᠠᠢ ᠬᠠᠮᠢᠶᠠᠷᠤᠨ ᠡᠵᠡᠮᠳᠡᠵᠦ᠍᠂ ᠪᠣᠳᠠᠲᠠᠢ᠎ᠶ᠋ᠢ ᠡᠷᠬᠢᠮᠯᠡᠭ᠌ᠰᠡᠨ ᠬᠠᠮᠲᠤᠷᠠᠯᠴᠠᠭ᠎ᠠ᠎ᠪᠠᠨ ᠥᠷᠭᠡᠳᠭᠡᠵᠦ᠍᠂ ᠰᠠᠢᠨ ᠶᠠᠪᠤᠳᠠᠯ᠎ᠢ ᠵᠢᠵᠢᠭ ᠬᠡᠮᠡᠨ ᠬᠢᠬᠦ ᠦᠭᠡᠢ ᠪᠠᠢᠵᠤ ᠪᠣᠯᠬᠤ ᠦᠭᠡᠢ᠂ ᠮᠠᠭᠤ ᠶᠠᠪᠤᠳᠠᠯ᠎ᠢ ᠵᠢᠵᠢᠭ ᠬᠡᠮᠡᠨ ᠬᠢᠵᠦ᠍ ᠪᠣᠯᠬᠤ ᠦᠭᠡᠢ᠂ ᠨᠢᠭᠡ ᠨᠢᠭᠡ ᠶᠠᠪᠤᠳᠠᠯ᠎ᠢᠶᠠᠷ ᠬᠢᠵᠦ᠍᠂ ᠢᠲᠡᠭᠡᠯᠴᠡᠭᠡ᠎ᠪᠡᠨ ᠲᠠᠰᠤᠷᠠᠯᠳᠠ ᠦᠭᠡᠢ ᠬᠤᠷᠠᠮᠳᠤᠭᠤᠯᠵᠤ᠂ ᠵᠥᠪ ᠣᠨᠣᠪᠴᠢᠲᠠᠢ ᠬᠠᠷᠢᠯᠴᠠᠬᠤ ᠵᠠᠮ᠎ᠢ ᠨᠡᠭᠡᠬᠡᠵᠤ᠂ 2026 ᠣᠨ᠎ᠢ ᠳᠤᠮᠳᠠᠳᠤ ᠠᠮᠧᠷᠢᠺᠠ ᠬᠣᠶᠠᠷ ᠶᠡᠬᠡ ᠤᠯᠤᠰ᠎ᠤᠨ ᠬᠠᠷᠢᠯᠴᠠᠨ ᠬᠦᠨᠳᠦᠳᠭᠡᠬᠦ᠌᠂ ᠨᠠᠢᠷᠠᠮᠳᠠᠯ᠎ᠢᠶᠠᠷ ᠵᠡᠷᠭᠡᠴᠡᠨ ᠣᠷᠣᠱᠢᠬᠤ᠂ ᠬᠠᠮᠲᠤᠷᠠᠯᠴᠠᠵᠦ᠍ ᠬᠠᠮᠲᠤ᠎ᠪᠠᠷ ᠠᠱᠢᠭ ᠬᠦᠷᠳᠡᠬᠦ᠌ ᠲᠡᠢᠰᠢ ᠤᠷᠤᠭ᠍ᠰᠢᠯᠠᠭ᠍ᠰᠠᠨ ᠨᠢᠭᠡ ᠵᠢᠯ ᠪᠣᠯᠭᠠᠶ᠎ᠠ ᠭᠡᠵᠦ ᠵᠢᠭᠠᠵᠤ ᠭᠠᠷᠭᠠᠪᠠ᠃

ᠰᠢ ᠵᠢᠨ ᠫᠢᠩ᠂ ᠲᠠᠢᠸᠠᠨ᠎ᠤ ᠠᠰᠠᠭᠤᠳᠠᠯ ᠪᠣᠯ ᠳᠤᠮᠳᠠᠳᠤ ᠠᠮᠧᠷᠢᠺᠠ᠎ᠶ᠋ᠢᠨ ᠬᠠᠷᠢᠯᠴᠠᠭ᠎ᠠ᠎ᠳᠠᠬᠢ ᠬᠠᠮᠤᠭ᠎ᠤᠨ ᠴᠢᠬᠤᠯᠠ ᠠᠰᠠᠭᠤᠳᠠᠯ ᠪᠣᠯᠤᠨ᠎ᠠ᠃ ᠲᠠᠢᠸᠠᠨ ᠪᠣᠯ ᠳᠤᠮᠳᠠᠳᠤ ᠤᠯᠤᠰ᠎ᠤᠨ ᠨᠤᠲᠤᠭ ᠳᠡᠪᠢᠰᠭᠡᠷ ᠮᠥᠨ᠂ ᠳᠤᠮᠳᠠᠳᠤ᠎ᠶ᠋ᠢᠨ ᠲᠠᠯ᠎ᠠ᠎ᠶ᠋ᠢᠨ ᠬᠢᠨ ᠡᠷᠬᠡᠪᠰᠢ ᠤᠯᠤᠰ᠎ᠤᠨ ᠡᠷᠬᠡ ᠮᠡᠳᠡᠯ ᠪᠠ ᠨᠤᠲᠤᠭ ᠳᠡᠪᠢᠰᠭᠡᠷ᠎ᠦᠨ ᠪᠦᠷᠢᠨ ᠪᠦᠲᠦᠨ᠎ᠢᠶᠡᠨ ᠬᠠᠮᠠᠭᠠᠯᠠᠨ᠎ᠡ᠂ ᠡᠭᠦᠷᠢᠳᠡ ᠲᠠᠢᠸᠠᠨ᠎ᠢ ᠬᠠᠭᠠᠴᠠᠭᠤᠯᠤᠨ ᠰᠠᠯᠭᠠᠬᠤ ᠪᠣᠯᠤᠯᠴᠠᠭ᠎ᠠ ᠦᠭᠡᠢ᠃ ᠠᠮᠧᠷᠢᠺᠠ᠎ᠶ᠋ᠢᠨ ᠲᠠᠯ᠎ᠠ᠎ᠶ᠋ᠢᠨ ᠬᠢᠨ ᠲᠠᠢᠸᠠᠨ᠎ᠳᠤ ᠵᠡᠪᠰᠡᠭ ᠬᠤᠳᠠᠯᠳᠤᠬᠤ ᠪᠠ ᠮᠡᠷᠭᠡᠵᠢᠯ᠎ᠤᠨ ᠳᠤᠰᠠᠯᠠᠮᠵᠢ ᠦᠵᠡᠭᠦᠯᠬᠦ ᠠᠰᠠᠭᠤᠳᠠᠯ᠎ᠢ ᠡᠷᠬᠡᠪᠰᠢ ᠪᠣᠯᠭᠣᠮᠵᠢᠲᠠᠢ ᠱᠢᠢᠳᠪᠦᠷᠢᠯᠡᠬᠦ᠌ ᠬᠡᠷᠡᠭ᠌ᠲᠡᠢ ᠭᠡᠵᠦ ᠴᠢᠬᠤᠯᠠᠴᠢᠯᠠᠪᠠ᠃

ᠲᠸᠷᠠᠮᠫᠦ᠋᠂ ᠠᠮᠧᠷᠢᠺᠠ ᠪᠣᠯᠤᠨ ᠳᠤᠮᠳᠠᠳᠤ ᠤᠯᠤᠰ ᠪᠣᠯ ᠴᠥᠮ ᠠᠭᠤᠤ ᠶᠡᠬᠡ ᠤᠯᠤᠰ ᠮᠥᠨ᠂ ᠠᠮᠧᠷᠢᠺᠠ ᠳᠤᠮᠳᠠᠳᠤ᠎ᠶ᠋ᠢᠨ ᠬᠠᠷᠢᠯᠴᠠᠭ᠎ᠠ ᠪᠣᠯ ᠳᠡᠯᠡᠬᠡᠢ ᠳᠡᠭᠡᠷᠡᠬᠢ ᠬᠠᠮᠤᠭ᠎ᠤᠨ ᠴᠢᠬᠤᠯᠠ ᠬᠣᠶᠠᠷ ᠲᠠᠯ᠎ᠠ᠎ᠶ᠋ᠢᠨ ᠬᠠᠷᠢᠯᠴᠠᠭ᠎ᠠ ᠪᠣᠯᠤᠨ᠎ᠠ᠃ ᠪᠢ ᠲᠡᠷᠢᠭᠦᠯᠡᠭ᠌ᠴᠢ ᠰᠢ ᠵᠢᠨ ᠫᠢᠩ᠎ᠲᠡᠶ ᠠᠭᠤᠤ ᠶᠡᠬᠡ ᠬᠠᠷᠢᠯᠴᠠᠭ᠎ᠠ᠎ᠲᠠᠶ ᠶᠤᠮ᠂ ᠪᠢ ᠲᠡᠷᠢᠭᠦᠯᠡᠭ᠌ᠴᠢ ᠰᠢ ᠵᠢᠨ ᠫᠢᠩ᠎ᠢ ᠮᠠᠰᠢ ᠬᠦᠨᠳᠦᠳᠭᠡᠨ᠎ᠡ᠃ ᠲᠡᠷᠢᠭᠦᠯᠡᠭ᠌ᠴᠢ ᠰᠢ ᠵᠢᠨ ᠫᠢᠩ ᠪᠤᠯᠤᠨ ᠮᠢᠨᠤ ᠳᠠᠭᠠᠭᠤᠯᠭ᠎ᠠ ᠳᠣᠣᠷ᠎ᠠ᠂ ᠠᠮᠧᠷᠢᠺᠠ ᠳᠤᠮᠳᠠᠳᠤ ᠠᠵᠤ ᠠᠬᠤᠢ ᠠᠷᠠᠯᠵᠢᠶ᠎ᠠ ᠵᠡᠷᠭᠡ ᠬᠦᠷᠢᠶᠡᠨ᠎ᠳᠦ ᠰᠠᠢ᠌ᠨ ᠰᠠᠢᠬᠠᠨ ᠬᠤᠷᠱᠢᠯᠴᠠᠭ᠎ᠠ ᠦᠷᠨᠢᠬᠦᠯᠪᠡ᠃ ᠪᠢ ᠳᠤᠮᠳᠠᠳᠤ ᠤᠯᠤᠰ᠎ᠤᠨ ᠠᠮᠵᠢᠯᠲᠠ ᠪᠦᠳᠦᠮᠵᠢ ᠤᠯᠬᠤ᠎ᠶ᠋ᠢ ᠣᠯᠵᠤ ᠬᠠᠷᠠᠬᠤ ᠳᠤᠷᠠᠲᠠᠢ᠂ ᠠᠮᠧᠷᠢᠺᠠ ᠳᠤᠷᠠᠲᠠᠶ᠎ᠠ ᠳᠤᠮᠳᠠᠳᠤ ᠤᠯᠤᠰ᠎ᠯᠤᠭ᠎ᠠ ᠬᠠᠮᠲᠤᠷᠠᠯᠴᠠᠭ᠎ᠠ᠎ᠪᠠᠨ ᠴᠢᠩᠭᠠᠳᠭᠠᠵᠤ᠂ ᠬᠣᠶᠠᠷ ᠤᠯᠤᠰ᠎ᠤᠨ ᠬᠠᠷᠢᠯᠴᠠᠭ᠎ᠠ ᠱᠢᠨ᠎ᠡ ᠬᠥᠭ᠌ᠵᠢᠯᠲᠡ᠎ᠲᠡᠶ ᠪᠣᠯᠬᠤ᠎ᠶ᠋ᠢ ᠠᠬᠢᠭᠤᠯᠤᠨ᠎ᠠ᠃ ᠪᠢ ᠳᠤᠮᠳᠠᠳᠤ᠎ᠶ᠋ᠢᠨ ᠲᠠᠯ᠎ᠠ᠎ᠶ᠋ᠢᠨ ᠬᠢᠨ᠎ᠦ ᠲᠠᠢᠸᠠᠨ᠎ᠤ ᠠᠰᠠᠭᠤᠳᠠᠯ ᠳᠡᠭᠡᠷᠡᠬᠢ ᠠᠨᠭᠬᠠᠷᠤᠯ ᠰᠠᠨᠠᠭᠠᠰᠢᠷᠠᠯ᠎ᠢ ᠴᠢᠬᠤᠯᠠᠴᠢᠯᠠᠵᠤ᠂ ᠳᠤᠷᠠᠲᠠᠶ᠎ᠠ ᠳᠤᠮᠳᠠᠳᠤ᠎ᠶ᠋ᠢᠨ ᠲᠠᠯ᠎ᠠ᠎ᠲᠠᠶ ᠤᠯᠤᠯᠴᠠᠭ᠎ᠠ᠎ᠪᠠᠨ ᠪᠠᠲᠤᠯᠠᠵᠤ᠂ ᠲᠤᠱᠢᠶᠠᠯ᠎ᠤᠨ ᠬᠤᠭᠤᠴᠠᠭᠠᠨ᠎ᠳᠠᠭᠠᠨ ᠠᠮᠧᠷᠢᠺᠠ ᠳᠤᠮᠳᠠᠳᠤ᠎ᠶ᠋ᠢᠨ ᠬᠠᠷᠢᠯᠴᠠᠭ᠎ᠠ᠎ᠶ᠋ᠢᠨ ᠰᠠᠢ᠌ᠨ ᠰᠠᠢᠬᠠᠨ ᠲᠣᠭ᠍ᠲᠠᠭᠤᠨ᠎ᠢ ᠪᠠᠲᠤᠯᠠᠨ᠎ᠠ ᠭᠡᠵᠦ᠍ ᠢᠯᠡᠳᠭᠡᠪᠡ᠃

(ᠱᠢᠨᠬᠤᠸᠠ ᠬᠣᠷᠢᠶ᠎ᠠ᠎ᠶᠢᠨ ᠪᠡᠭᠡᠵᠢᠩ᠎ᠦᠨ 2 ᠰᠠᠷ᠎ᠠ᠎ᠶ᠋ᠢᠨ 4 ᠎ᠤ᠋ ᠴᠠᠬᠢᠯᠭᠠᠨ ᠮᠡᠳᠡᠭᠡ)

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号