ᠫᠢᠶᠣᠣ ᠴᠧᠩ ᠺᠦᠶ ᠲᠥᠯᠥᠭᠡᠯᠡᠭ᠌ᠴᠢ᠄ ᠮᠡᠷᠭᠡᠵᠢᠯ᠎ᠤᠨ ᠱᠢᠨ᠎ᠡ᠎ᠶ᠋ᠢ ᠡᠭᠦᠳᠬᠦ᠌᠎ᠪᠡᠷ ᠬᠥᠳᠡᠯᠭᠡᠭᠦᠷ ᠪᠤᠯᠭᠠᠨ ᠤᠰᠤᠨ ᠲᠤᠲᠤᠷᠭ᠎ᠠ᠎ᠶ᠋ᠢᠨ ᠠᠵᠤ ᠦᠶ᠋ᠯᠡᠰ᠎ᠢ ᠴᠢᠨᠠᠷ ᠰᠠᠢᠲᠠᠶ ᠬᠥᠭ᠌ᠵᠢᠭᠦᠯᠦᠨ᠎ᠡ
2026-02-06 11:05:25
ᠵᠣᠬᠢᠶᠠᠭ᠍ᠴᠢ᠄
ᠮᠧᠶ ᠭᠠᠩ ᠎ᠶ᠋ᠢᠨ ᠴᠢᠤᠸᠠᠨ
ᠣᠩᠱᠢᠭ᠍ᠰᠠᠨ ᠣᠳᠠᠭ᠎ᠠ᠄
★★★☆☆

ᠵᠠᠰᠠᠭ᠎ᠤᠨ ᠣᠷᠳᠣᠨ᠎ᠤ ᠠᠵᠢᠯ᠎ᠤᠨ ᠢᠯᠡᠳᠭᠡᠯ᠎ᠳᠦ᠂ ᠮᠠᠯ ᠠᠵᠤ ᠠᠬᠤᠶ ᠲᠠᠷᠢᠶᠠᠯᠠᠩ᠎ᠤᠨ ᠬᠡᠯᠪᠡᠷᠢ᠎ᠶᠢ ᠬᠤᠪᠢᠷᠠᠭᠤᠯᠤᠨ ᠬᠥᠭ᠌ᠵᠢᠭᠦᠯᠬᠦ᠎ᠶ᠋ᠢ ᠲᠦᠷᠭᠡᠳᠭᠡᠵᠦ᠍᠂ ᠤᠯᠤᠰ᠎ᠤᠨ ᠴᠢᠬᠤᠯᠠ ᠮᠠᠯ᠎ᠤᠨ ᠠᠱᠢᠭ ᠱᠢᠮ᠎ᠡ ᠲᠠᠷᠢᠶᠠᠯᠠᠩ᠎ᠤᠨ ᠪᠦᠲᠦᠭᠡᠭ᠌ᠳᠡᠬᠦᠨ᠎ᠦ ᠦᠶ᠋ᠯᠡᠳᠪᠦᠷᠢᠯᠡᠯ᠎ᠦᠨ ᠰᠠᠭᠤᠷᠢᠨ᠎ᠢ ᠪᠥᠲᠥᠭᠡᠨ ᠪᠠᠢᠭᠤᠯᠤᠨ᠎ᠠ ᠭᠡᠵᠦ ᠲᠤᠷᠠᠳᠪᠠ᠃ ᠡᠨᠡ ᠨᠢ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠲᠥᠯᠥᠭᠡᠯᠡᠭ᠌ᠴᠢ᠂ ᠬᠢᠩᠭᠠᠨ ᠠᠢᠮᠠᠭ᠎ᠤᠨ ᠵᠠᠯᠠᠢᠳ ᠬᠣᠱᠢᠭᠤᠨ᠎ᠤ᠎ᠶ᠌ᠢᠨ ᠵᠦ᠍ ᠤᠰᠤᠨ ᠲᠤᠲᠤᠷᠭ᠎ᠠ᠎ᠶ᠋ᠢᠨ ᠲᠤᠰᠭᠠᠢ ᠬᠤᠷᠱᠢᠶ᠎ᠠ᠎ᠶ᠋ᠢᠨ ᠬᠡᠷᠡᠭ ᠡᠷᠬᠢᠯᠡᠭ᠌ᠴᠢᠳ᠎ᠦᠨ ᠳᠠᠷᠤᠭ᠎ᠠ ᠫᠢᠶᠣᠣ ᠴᠧᠩ ᠺᠦᠢ᠎ᠶ᠋ᠢ ᠲᠤᠢᠯ᠎ᠢᠶᠠᠷ ᠤᠷᠮᠠᠱᠢᠭᠤᠯᠤᠨ ᠵᠣᠷᠢᠭ᠍ᠵᠢᠭᠤᠯᠵᠤ᠂ ᠲᠡᠷᠡ᠄ 《ᠬᠢᠩᠭᠠᠨ ᠠᠢᠮᠠᠭ᠎ᠤᠨ ᠲᠤᠲᠤᠷᠭ᠎ᠠ᠎ᠶ᠋ᠢᠨ ᠲᠠᠷᠢᠶᠠᠨ᠎ᠤ ᠶᠡᠷᠦᠩᠬᠡᠢ ᠲᠠᠯᠠᠪᠠᠢ 110 ᠲᠦᠮᠡᠨ ᠮᠦ᠍ ᠱᠢᠬᠠᠮ᠎ᠳᠤ ᠬᠦᠷᠴᠦ᠂ ᠡᠭᠦᠨ᠎ᠳᠦ ᠪᠣᠬᠢᠷᠲᠤᠯ ᠦᠭᠡᠢ ᠣᠷᠭᠠᠨᠢᠭ ᠭᠡᠷᠡᠴᠢᠯᠡᠯ᠎ᠪᠦᠭᠦᠢ ᠲᠠᠯᠠᠪᠠᠢ 80 ᠲᠦᠮᠡᠨ ᠮᠦ᠍ ᠱᠢᠬᠠᠮ᠎ᠳᠤ ᠬᠦᠷᠴᠦ᠍᠂ ᠥᠪᠥᠷ ᠮᠣᠩᠭᠣᠯ᠎ᠤᠨ ᠤᠰᠤᠨ ᠲᠤᠲᠤᠷᠭ᠎ᠠ᠎ᠶ᠋ᠢᠨ ᠭᠣᠣᠯ ᠭᠠᠷᠤᠯᠲᠠ᠎ᠶ᠋ᠢᠨ ᠣᠷᠣᠨ ᠪᠣᠯᠵᠠᠢ᠃ ᠨᠡᠩ ᠤᠯᠠᠨ ᠴᠢᠨᠠᠷ ᠰᠠᠢᠲᠠᠢ ᠤᠰᠤᠨ ᠲᠤᠲᠤᠷᠭ᠎ᠠ᠎ᠶ᠋ᠢᠨ ᠲᠦᠷᠦᠯ ᠵᠦᠢᠯ᠎ᠢ ᠪᠣᠢᠵᠢᠭᠤᠯᠵᠤ᠂ ᠪᠣᠬᠢᠷᠲᠤᠯ ᠦᠭᠡᠢ ᠣᠷᠭᠠᠨᠢᠭ ᠲᠤᠲᠤᠷᠭ᠎ᠠ᠎ᠶ᠋ᠢᠨ ᠲᠦᠷᠦᠯ ᠲᠡᠮᠳᠡᠭ᠎ᠢ ᠡᠭᠦᠳᠬᠦ᠌ ᠪᠣᠯ ᠪᠢᠳᠡᠨ᠎ᠦ ᠬᠠᠷᠢᠭᠤᠴᠠᠯᠭ᠎ᠠ ᠮᠥᠨ》 ᠭᠡᠵᠦ ᠢᠲᠡᠭᠡᠯ ᠲᠡᠭᠦᠯᠳᠡᠷ ᠬᠡᠯᠡᠪᠡ᠃


QQ20260206-110446.png


ᠫᠢᠶᠣᠣ ᠴᠧᠩ ᠺᠦᠶ᠎ᠶ᠋ᠢ ᠣᠮᠣᠭ᠍ᠰᠢᠭᠤᠯᠤᠭ᠍ᠰᠠᠨ ᠨᠢ᠂ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠬᠤᠭᠤᠴᠠᠭᠠᠨ᠎ᠳᠤ᠂ ᠥᠪᠥᠷ ᠮᠣᠩᠭᠣᠯ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ ᠨᠡᠢᠲᠡ 6281 ᠲᠦᠮᠡᠨ ᠮᠥ᠍ ᠪᠠᠢᠭᠤᠯᠵᠤ᠂ ᠠᠮᠤ ᠪᠤᠳᠠᠭᠠᠨ᠎ᠤ ᠵᠢᠯ᠎ᠤᠨ ᠤᠨᠠᠯᠲᠠ ᠬᠠᠮᠤᠭ᠎ᠤᠨ ᠥᠨᠳᠥᠷ ᠳᠡᠭᠡᠨ 840 ᠳ᠋ᠦᠩᠱᠢᠭᠤᠷ ᠵᠢᠩ᠎ᠳᠦ ᠬᠦᠷᠴᠦ᠍᠂ ᠪᠥᠬᠥ᠌ ᠤᠯᠤᠰ᠎ᠤᠨ ᠲᠠᠪᠤᠳᠤᠭᠠᠷ᠎ᠲᠤ ᠣᠷᠣᠭᠰᠠᠨ ᠶᠠᠪᠤᠳᠠᠯ ᠪᠤᠯᠤᠨ᠎ᠠ᠃ 《ᠪᠢᠳᠡ ᠬᠤᠪᠢ ᠨᠡᠮᠡᠷᠢ ᠦᠵᠡᠭᠦᠯᠦᠭ᠌ᠴᠢ ᠮᠥᠷᠲᠡᠭᠡᠨ ᠠᠱᠢᠭ ᠬᠦᠷᠲᠡᠭ᠌ᠴᠢ ᠮᠥᠨ᠂ ᠶ᠌ᠢᠨ ᠵᠦ᠍ ᠤᠰᠤᠨ ᠲᠤᠲᠤᠷᠭ᠎ᠠ᠎ᠶ᠋ᠢᠨ ᠲᠤᠰᠭᠠᠶ ᠬᠣᠷᠱᠢᠶ᠎ᠠ ᠵᠢᠨ ᠤᠰᠤᠨ ᠲᠤᠲᠤᠷᠭ᠎ᠠ ᠳᠠᠷᠢᠭ᠍ᠰᠠᠨ ᠲᠠᠯᠠᠪᠠᠶ 2 ᠲᠦᠮᠡᠨ ᠮᠥ᠍ ᠪᠠᠢᠵᠤ᠂ ᠵᠢᠯ ᠪᠦᠷᠢ 1 ᠲᠦᠮᠡᠨ ᠲᠣᠨ ᠱᠢᠬᠠᠮ ᠤᠨᠠᠯᠲᠠ᠎ᠲᠠᠶ᠂ ᠵᠢᠯ᠎ᠦᠨ ᠪᠣᠷᠣᠯᠠᠭᠤᠯᠭ᠎ᠠ᠎ᠶ᠋ᠢᠨ ᠭᠡᠮᠵᠢᠶ᠎ᠡ 5000 ᠲᠦᠮᠡᠨ ᠲᠥᠭᠥᠷᠢᠭ᠎ᠡᠴᠡ ᠳᠡᠭᠡᠭ᠌ᠰᠢ ᠪᠠᠢᠵᠤ᠂ 500 ᠭᠠᠷᠤᠶ ᠲᠠᠷᠢᠶᠠᠯᠠᠬᠤ ᠡᠷᠦᠬᠡ᠎ᠶ᠋ᠢ ᠳᠠᠢᠴᠢᠯᠠᠨ ᠣᠷᠣᠯᠭ᠎ᠠ᠎ᠶ᠋ᠢ᠎ᠨᠢ ᠨᠡᠮᠡᠭ᠌ᠳᠡᠭᠦᠯᠦᠨ ᠪᠠᠶᠠᠵᠢᠭᠤᠯᠵᠤ ᠪᠠᠢᠨ᠎ᠠ》 ᠭᠡᠵᠦ ᠲᠡᠷᠡ ᠬᠡᠯᠡᠪᠡ᠃

《ᠪᠢᠳᠡ ᠠᠮᠤ ᠪᠤᠳᠠᠭᠠᠨ᠎ᠤ ᠲᠠᠷᠢᠮᠠᠯ ᠲᠠᠷᠢᠬᠤ᠎ᠳᠠᠭᠠᠨ ᠴᠤ᠌ ᠮᠡᠷᠭᠡᠵᠢᠯ᠎ᠦᠨ ᠱᠢᠨ᠎ᠡ᠎ᠶ᠋ᠢ ᠡᠭᠦᠳᠬᠦ᠌᠎ᠡᠴᠡ ᠦᠷ᠎ᠡ ᠠᠱᠢᠭ ᠤᠯᠬᠤ ᠬᠡᠷᠡᠭ᠌ᠲᠡᠢ》᠃ ᠤᠰᠤᠨ ᠲᠤᠲᠤᠷᠭ᠎ᠠ᠎ᠶ᠋ᠢᠨ ᠲᠠᠷᠢᠶᠠᠨ᠎ᠳᠤ ᠬᠠᠭᠠᠰ ᠨᠠᠰᠤ᠎ᠪᠠᠷ᠎ᠢᠶᠠᠨ ᠱᠢᠷᠭᠠᠭᠤ ᠬᠠᠲᠠᠭᠤᠵᠢᠯᠲᠠᠶ ᠠᠵᠢᠯᠯᠠᠭ᠍ᠰᠠᠨ 《ᠱᠢᠨ᠎ᠡ ᠲᠠᠷᠢᠶᠠᠴᠢᠨ》  ᠪᠣᠯᠤᠭ᠍ᠰᠠᠨ᠎ᠤ ᠬᠤᠪᠢ᠎ᠳᠤ᠂ ᠡᠨᠡ ᠵᠢᠯ᠎ᠦᠨ ᠲᠠᠷᠢᠮᠠᠯ᠎ᠤᠨ ᠲᠥᠯᠥᠪᠯᠡᠭᠡ᠎ᠪᠡᠨ ᠶᠠᠷᠢᠬᠤ᠎ᠳᠠᠭᠠᠨ ᠫᠢᠶᠣᠣ ᠴᠧᠩ ᠺᠦᠶ ᠢᠳᠡᠭᠡᠯ ᠲᠡᠭᠦᠯᠳᠡᠷ ᠪᠠᠢᠯ᠎ᠠ᠃  ᠲᠡᠷᠡ᠄ 《ᠪᠢᠳᠡ ᠤᠰᠤᠨ ᠲᠤᠲᠤᠷᠭ᠎ᠠ᠎ᠶ᠋ᠢᠨ ᠤᠰᠤ ᠠᠷᠪᠢᠯᠠᠬᠤ ᠥᠨᠳᠥᠷ ᠪᠦᠲᠦᠮᠵᠢᠲᠡᠶ ᠤᠰᠤᠯᠠᠯᠲᠠ᠎ᠶ᠋ᠢᠨ ᠵᠠᠭ᠍ᠪᠤᠷ᠎ᠢ ᠬᠡᠷᠡᠭ᠌ᠵᠢᠭᠦᠯᠬᠦ᠌᠎ᠶ᠋ᠢᠨ ᠬᠠᠮᠲᠤ ᠬᠠᠭᠤᠷᠠᠶ ᠪᠡᠷ ᠲᠠᠷᠢᠵᠤ ᠤᠰᠤᠯᠠᠵᠤ ᠪᠤᠢᠵᠢᠭᠤᠯᠬᠤ ᠱᠢᠨ᠎ᠡ ᠮᠡᠷᠭᠡᠵᠢᠯ᠎ᠦᠨ ᠲᠤᠬᠠᠶ ᠲᠤᠷᠱᠢᠯᠲᠠ ᠬᠢᠵᠦ᠍ ᠵᠢᠱ᠌ᠢᠶ᠎ᠡ ᠦᠵᠡᠭᠦᠯᠬᠦ᠌ ᠬᠡᠷᠡᠭ᠌ᠲᠡᠶ᠂ 3 ᠵᠢᠯ᠎ᠦᠨ ᠳᠣᠲᠣᠷ᠎ᠠ 30 % ᠭᠠᠷᠤᠶ ᠪᠡᠷ ᠤᠰᠤ ᠠᠷᠪᠢᠯᠠᠵᠤ᠂ ᠬᠣᠷᠣᠬᠠᠶ ᠠᠯᠠᠬᠤ ᠡᠮ᠎ᠢ 90 % ᠭᠠᠷᠤᠶ ᠲᠤᠳᠠᠭᠤ ᠬᠡᠷᠡᠭ᠌ᠯᠡᠵᠦ᠂ ᠮᠥ᠍ ᠲᠤᠮᠳᠠᠴᠢ ᠶ᠋ᠢᠨ ᠥᠪᠡᠷ᠎ᠦᠨ ᠥᠷᠲᠡᠭ᠎ᠢ 300 ᠭᠠᠷᠤᠶ ᠲᠥᠭᠥᠷᠢᠭ ᠪᠠᠭᠤᠷᠠᠭᠤᠯᠵᠤ᠂ ᠮᠥ᠍ ᠳᠤᠮᠳᠠᠴᠢ ᠵᠢᠨ ᠤᠨᠠᠯᠲᠠ᠎ᠶ᠋ᠢ 550 ᠺᠢᠯᠣᠭ᠌ᠷᠠᠮ᠎ᠢ ᠳᠠᠪᠠᠭᠤᠯᠬᠤ᠎ᠪᠠᠷ ᠴᠢᠷᠮᠠᠢᠵᠤ᠂ ᠲᠤᠲᠤᠷᠭ᠎ᠠ᠎ᠶ᠋ᠢᠨ ᠶᠠᠰᠤ ᠴᠢᠨᠠᠷ ᠱᠢᠯᠢᠳᠡᠭ ᠰᠠᠢᠨ ᠪᠠᠢᠬᠤ᠎ᠶ᠋ᠢ ᠪᠠᠲᠤᠯᠠᠭ᠍ᠰᠠᠨ ᠰᠠᠭᠤᠷᠢᠨ ᠳᠡᠭᠡᠷ᠎ᠡ᠂ ᠲᠤᠷᠱᠢᠯᠲᠠ ᠬᠢᠵᠦ᠍ ᠵᠢᠱ᠌ᠢᠶ᠎ᠡ ᠦᠵᠡᠭᠦᠯᠬᠦ᠌ ᠰᠠᠢᠨ ᠦᠷ᠎ᠡ ᠪᠦᠲᠦᠮᠵᠢ ᠣᠯᠵᠤ᠂ ᠤᠰᠤᠨ ᠲᠤᠲᠤᠷᠭ᠎ᠠ᠎ᠶ᠋ᠢᠨ ᠠᠵᠤ ᠦᠶ᠋ᠯᠡᠰ᠎ᠢ ᠪᠤᠵᠠᠭᠠᠢᠷᠠᠭᠤᠯᠤᠨ ᠬᠦᠴᠦᠷᠬᠡᠭ᠌ᠵᠢᠭᠦᠯᠵᠦ᠍᠂ ᠬᠥᠳᠡᠭᠡ ᠲᠣᠰᠭᠣᠨ᠎ᠤ ᠠᠵᠤ ᠦᠶ᠋ᠯᠡᠰ᠎ᠦᠨ ᠬᠥᠭ᠌ᠵᠢᠯᠲᠡ᠎ᠶ᠋ᠢ ᠠᠬᠢᠭᠤᠯᠬᠤ᠎ᠳᠤ ᠨᠠᠩ ᠶᠡᠬᠡ ᠬᠤᠪᠢ ᠨᠡᠮᠡᠷᠢ ᠦᠵᠡᠭᠦᠯᠦᠨ᠎ᠡ》 ᠭᠡᠵᠦ ᠬᠡᠯᠡᠪᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号