ᠪᠠᠶᠠᠨᠨᠠᠭᠤᠷ ᠪᠤᠯᠤᠨ ᠦᠬᠠᠢ ᠡᠴᠡ ᠪᠡᠭᠡᠵᠢᠩ ᠬᠦᠷᠬᠦ ᠬᠦᠳᠡᠯᠭᠡᠬᠦ ᠬᠦᠴᠦᠨᠳᠤ ᠭᠠᠯᠲᠤ ᠲᠡᠷᠭᠡ ᠵᠢ ᠠᠩᠬ᠎ᠠ ᠨᠡᠪᠲᠡᠷᠡᠭᠦᠯᠪᠠ
2026-02-09 16:12:24
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

ᠬᠥᠬᠡᠬᠣᠲᠠ ᠵᠢᠨ ᠲᠡᠮᠤᠷ ᠵᠠᠮ ᠤ᠋ᠨ ᠲᠤᠪᠴᠢᠶ᠎ᠠ ᠡᠴᠡ ᠣᠢᠯᠠᠭᠠᠭᠰᠠᠨ ᠵᠢᠡᠷ᠂ 1 ᠰᠠᠷ᠎ᠠ ᠢ᠋ᠢᠨ 26 ᠤ᠋ ᠡᠳᠦᠷ ᠡᠴᠡ ᠡᠬᠢᠯᠡᠨ ᠪᠥᠬᠥ᠌ ᠤᠯᠤᠰ ᠤ᠋ᠨ ᠲᠡᠮᠦᠷ ᠵᠠᠮ ᠭᠠᠯᠲᠤ ᠲᠡᠷᠭᠡᠨ ᠤ᠋ ᠱᠢᠨ᠎ᠡ ᠠᠶᠠᠯᠠᠯ ᠤ᠋ᠨ ᠵᠢᠷᠤᠭ ᠢ᠋ ᠬᠡᠷᠡᠭ᠌ᠵᠢᠭᠦᠯᠵᠤ᠂ ᠮᠠᠨ ᠤ᠋ ᠤᠷᠤᠨ ᠪᠠᠶᠠᠨᠨᠠᠭᠤᠷ ᠪᠤᠯᠤᠨ ᠦᠬᠠᠶ ᠡᠴᠡ ᠪᠡᠭᠡᠵᠢᠩ᠎ᠬᠦᠷᠬᠦ ᠬᠦᠳᠡᠯᠭᠡᠭᠦ ᠬᠦᠴᠦᠨᠲᠤ ᠭᠠᠯᠲᠤ ᠲᠡᠷᠭᠡ ᠢ᠋ᠢ ᠠᠡᠭᠬ᠎ᠠ ᠨᠡᠪᠲᠡᠷᠡᠭᠦᠯᠪᠡ᠃

ᠪᠠᠶᠠᠨᠨᠠᠭᠤᠷ ᠪᠤᠯᠤᠨ ᠦᠬᠠᠶ ᠡᠴᠡ ᠪᠡᠭᠡᠵᠢᠩ ᠬᠥᠷᠬᠥ᠌ ᠬᠦᠳᠡᠯᠭᠡᠬᠦ ᠬᠦᠴᠦᠨᠲᠤ ᠭᠠᠯᠲᠤ ᠲᠡᠷᠭᠡ ᠨᠡᠪᠲᠡᠷᠡᠭ᠌ᠰᠡᠨ ᠤ᠋ ᠳᠠᠷᠠᠭ᠎ᠠ᠂ ᠬᠣᠶᠠᠷ ᠭᠠᠵᠠᠷ ᠡᠴᠡ ᠪᠡᠭᠡᠵᠢᠩ ᠬᠥᠷᠬᠥ᠌ ᠴᠠᠭ ᠬᠠᠮᠤᠭ ᠤ᠋ᠨ ᠬᠤᠷᠳᠤᠨ ᠳ᠋ᠠᠭᠠᠨ ᠲᠤᠰ ᠲᠤᠰ 4 ᠴᠠᠭ 20 ᠮᠢᠨᠦ᠋ᠲ᠂ 5 ᠴᠠᠭ 07 ᠮᠢᠨᠦ᠋ᠲ ᠪᠤᠯᠵᠤ᠂ ᠦᠩᠬᠡᠷᠡᠭᠰᠡᠨ ᠤ᠋ ᠡᠩ ᠤ᠋ᠨ ᠬᠤᠷᠳᠤᠴᠠᠲᠤ ᠭᠠᠯᠲᠤ ᠲᠡᠷᠭᠡ ᠡᠴᠡ ᠲᠣᠰᠪᠤᠷᠢ 8 ᠴᠠᠭ 31 ᠮᠢᠨᠦ᠋ᠲ ᠪᠠ 10 ᠴᠠᠭ 35 ᠮᠢᠨᠦ᠋ᠲ ᠪᠤᠭᠤᠨᠢᠰᠴᠠᠢ᠃ ᠪᠠᠶᠠᠨᠨᠠᠭᠤᠷ ᠥᠷᠲᠡᠭᠡ ᠡᠳᠦᠷ ᠪᠦᠷᠢ ᠪᠡᠭᠡᠵᠢᠩ ᠳ᠋ᠤ ᠰᠢᠭᠤᠳ ᠬᠥᠷᠬᠥ᠌ ᠬᠦᠳᠡᠯᠭᠡᠬᠦ ᠬᠦᠴᠦᠨᠲᠤ ᠭᠠᠯᠲᠤ ᠲᠡᠷᠭᠡ ᠢ᠋ᠢ 2 ᠡᠭᠡᠯᠵᠢ ᠲᠤᠬᠢᠷᠠᠭᠤᠯᠤᠨ᠂ ᠪᠡᠭᠡᠵᠢᠩ ᠢ᠋ᠢᠡᠷ ᠳᠡᠮᠵᠢᠨ ᠦᠡᠭᠭᠡᠷᠡᠬᠦ ᠬᠦᠳᠡᠯᠭᠡᠭᠦ ᠬᠦᠴᠦᠨᠲᠤ ᠭᠠᠯᠲᠤ ᠲᠡᠷᠭᠡ ᠢ᠋ᠢ 8 ᠡᠭᠡᠯᠵᠢ ᠲᠤᠬᠢᠷᠠᠭᠤᠯᠵᠤ᠂ ᠦᠬᠠᠶ ᠥᠷᠲᠡᠭᠡ ᠡᠳᠦᠷ ᠪᠦᠷᠢ ᠪᠡᠭᠡᠵᠢᠩ ᠳ᠋ᠤ ᠰᠢᠭᠤᠳ ᠬᠦᠷᠬᠦ ᠬᠦᠳᠡᠯᠭᠡᠬᠦ ᠬᠦᠴᠦᠨᠲᠤ ᠭᠠᠯᠲᠤ ᠲᠡᠷᠭᠡ ᠢ᠋ᠢ 1 ᠡᠭᠡᠯᠵᠢ ᠲᠤᠬᠢᠷᠠᠭᠤᠯᠤᠨ᠂ ᠪᠡᠭᠡᠵᠢᠩ ᠢ᠋ᠢᠡᠷ ᠳᠡᠮᠵᠢᠨ ᠦᠡᠭᠭᠡᠷᠡᠬᠦ ᠬᠦᠳᠡᠯᠭᠡᠬᠦ ᠬᠦᠴᠦᠨᠲᠤ ᠭᠠᠯᠲᠤ ᠲᠡᠷᠭᠡ ᠢ᠋ᠢ 2 ᠡᠭᠡᠯᠵᠢ ᠲᠤᠬᠢᠷᠠᠭᠤᠯᠪᠠ᠃

ᠣᠢᠯᠠᠭᠠᠭ᠍ᠰᠠᠨ ᠢ᠋ᠢᠡᠷ᠂ ᠣᠳᠣᠬᠠᠨ ᠪᠣᠯᠲᠠᠯ᠎ᠠ ᠥᠪᠥᠷ ᠮᠣᠩᠭᠣᠯ ᠤ᠋ᠨ 12 ᠠᠢᠮᠠᠭ ᠬᠣᠲᠠ ᠵᠢᠨ ᠲᠤᠳᠤᠷ᠎ᠠ ᠬᠥᠬᠡᠬᠣᠲᠠ᠂ ᠪᠤᠭᠤᠲᠤ᠂ ᠤᠯᠠᠭᠠᠨᠬᠠᠳᠠ᠂ ᠲᠦᠩᠯᠢᠶᠣᠤ᠂ ᠦᠬᠠᠶ᠂ ᠪᠠᠶᠠᠨᠨᠠᠭᠤᠷ᠂ ᠤᠯᠠᠭᠠᠨᠴᠠᠪ ᠵᠡᠷᠭᠡ 7 ᠠᠢᠮᠠᠭ ᠬᠣᠲᠠ ᠡᠴᠡ ᠪᠡᠭᠡᠵᠢᠩ ᠳ᠋ᠤ ᠰᠢᠭᠤᠳ ᠬᠥᠷᠬᠥ᠌ ᠲᠦᠷᠭᠡᠨ ᠤ᠋ ᠭᠠᠯᠳᠤ ᠲᠡᠷᠬᠡ ᠪᠠ ᠬᠦᠳᠡᠯᠭᠡᠬᠦ ᠬᠦᠴᠦᠨᠲᠤ ᠭᠠᠯᠲᠤ ᠲᠡᠷᠭᠡ ᠨᠡᠪᠲᠡᠷᠡᠵᠦ᠍᠂ ᠪᠥᠬᠥ᠌ ᠣᠷᠣᠨ ᠤ᠋ ᠨᠡᠢᠭᠡᠮ ᠤ᠋ᠨ ᠦᠶ᠋ᠯᠡᠳᠪᠦᠷᠢᠯᠡᠯ ᠤ᠋ᠨ ᠥᠷᠲᠡᠭ ᠤ᠋ᠨ 60% ᠡᠴᠡ ᠳᠡᠭᠡᠭ᠌ᠰᠢᠬᠢ ᠭᠠᠵᠠᠷ ᠣᠷᠣᠨ ᠪᠠ 70% ᠡᠴᠡ ᠳᠡᠭᠡᠭ᠌ᠰᠢᠬᠢ ᠬᠥᠮᠦᠨ ᠠᠮᠠ ᠢ᠋ᠢ ᠬᠠᠮᠤᠷᠤᠭ᠍ᠰᠠᠨ ᠪᠠᠢᠨ᠎ᠠ᠃ ᠴᠠᠭᠠᠨ ᠰᠠᠷ᠎ᠠ ᠢ᠋ᠢᠨ ᠵᠥᠭᠡᠭᠡᠪᠦᠷᠢ ᠢ᠋ᠢᠨ ᠣᠷᠭᠢᠯ ᠬᠤᠭᠤᠴᠠᠭᠠᠨ ᠳ᠋ᠤ ᠡᠳᠦᠷ ᠪᠦᠷᠢ 53 ᠡᠭᠡᠯᠵᠢ ᠢ᠋ᠢᠨ ᠬᠦᠳᠡᠯᠭᠡᠬᠦ ᠬᠦᠴᠦᠨᠲᠤ ᠭᠠᠯᠲᠤ ᠲᠡᠷᠭᠡ ᠥᠪᠥᠷ ᠮᠣᠩᠭᠣᠯ ᠤ᠋ᠨ ᠵᠡᠭᠦᠨ ᠪᠡᠶ᠎ᠠ ᠪᠤᠯᠤᠨ ᠪᠠᠷᠠᠭᠤᠨ ᠪᠡᠶ᠎ᠠ ᠢ᠋ᠢᠨ ᠬᠣᠲᠠ ᠡᠴᠡ ᠮᠣᠷᠳᠠᠨ ᠨᠡᠢᠰᠯᠡᠯ ᠪᠡᠬᠡᠵᠢᠩ ᠳ᠋ᠤ ᠬᠦᠷᠬᠦ ᠪᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号