《ᠠᠷᠪᠠᠨ ᠳᠥᠷᠪᠡᠳᠦᠭᠡᠷ ᠲᠠᠪᠤᠨ ᠵᠢᠯ》 ᠎ᠤ᠋ᠨ ᠬᠤᠭᠤᠴᠠᠭᠠᠨ ᠳ᠋ᠸ᠋ ᠥᠪᠥᠷ ᠮᠣᠩᠭᠣᠯ᠎ᠤᠨ ᠵᠠᠮ ᠬᠠᠷᠢᠯᠴᠠᠭᠠᠨ᠎ᠤ ᠬᠠᠮᠢᠶᠠᠷᠤᠯᠲᠠ᠎ᠶ᠋ᠢᠨ ᠠᠵᠢᠯ ᠡᠯᠪᠡᠭ ᠠᠮᠵᠢᠯᠳᠠ ᠪᠦᠳᠦᠮᠵᠢ ᠤᠯᠪᠠ
2026-02-09 10:40:07
ᠵᠣᠬᠢᠶᠠᠭ᠍ᠴᠢ᠄
ᠰᠢᠨᠡᠪᠢᠯᠢᠭ
ᠣᠩᠱᠢᠭ᠍ᠰᠠᠨ ᠣᠳᠠᠭ᠎ᠠ᠄
★★★☆☆

ᠲᠦᠷᠦᠬᠦᠬᠡᠨ᠂ ᠥᠪᠡᠷᠲᠡᠭᠡᠨ ᠵᠠᠰᠠᠬᠤ ᠣᠷᠣᠨ᠎ᠤ ᠳᠣᠲᠣᠭᠠᠳᠤ᠎ᠶ᠋ᠢ ᠬᠠᠮᠠᠭᠠᠯᠠᠬᠤ ᠲᠢᠩᠬᠢᠮ ᠰᠣᠨᠢᠨ ᠮᠡᠳᠡᠭᠡ ᠨᠡᠢᠲᠡᠯᠡᠬᠦ᠌ ᠬᠤᠷᠠᠯ ᠬᠢᠵᠦ᠂ ᠦᠪᠦᠷ ᠮᠤᠩᠭᠤᠯ ᠤ᠋ᠨ  ᠳᠣᠲᠣᠭᠠᠳᠤ᠎ᠶ᠋ᠢ ᠬᠠᠮᠠᠭᠠᠯᠠᠬᠤ ᠵᠠᠮ ᠬᠠᠷᠢᠯᠴᠠᠭᠠᠨ᠎ᠤ ᠬᠠᠮᠢᠶᠠᠷᠤᠯᠲᠠ᠎ᠶ᠋ᠢᠨ ᠰᠠᠯᠠᠭ᠎ᠠ ᠮᠥᠴᠢᠷ᠎ᠦᠨ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠲᠦᠯᠦᠪᠵᠢᠬᠦᠯᠬᠡ ᠵᠢᠨ ᠬᠤᠭᠤᠴᠠᠭᠠᠨ ᠡᠴᠨ ᠨᠠᠭᠠᠱᠢᠬᠢ ᠠᠮᠤᠷ ᠲᠦᠪᠱᠢᠨ᠎ᠦ ᠰᠡᠷᠭᠡᠢᠯᠡᠯᠲᠡ᠎ᠶ᠋ᠢᠨ ᠱᠤᠭᠤᠮ᠎ᠢ ᠪᠠᠲᠤ ᠴᠣᠭ᠍ᠴᠠᠯᠠᠵᠤ᠂ ᠠᠵᠤ ᠠᠬᠤᠶ᠎ᠶ᠋ᠢᠨ ᠬᠥᠭ᠌ᠵᠢᠯᠲᠡ ᠵᠢ ᠬᠠᠮᠠᠭᠠᠯᠠᠬᠰᠠᠨ ᠪᠠᠢᠳᠠᠯ᠎ᠢ ᠲᠠᠨᠢᠯᠴᠠᠭᠤᠯᠪᠠ᠃

ᠲᠠᠨᠢᠯᠴᠠᠭᠤᠯᠭ᠎ᠠ ᠵᠢ ᠦᠨᠳᠦᠰᠦᠯᠡᠪᠡᠯ᠂ ᠥᠪᠥᠷ ᠮᠣᠩᠭᠣᠯ᠎ᠤᠨ ᠳᠣᠲᠣᠭᠠᠳᠤ᠎ᠶ᠋ᠢ ᠬᠠᠮᠠᠭᠠᠯᠠᠬᠤ ᠵᠠᠮ ᠬᠠᠷᠢᠯᠴᠠᠭᠠᠨ᠎ᠤ ᠬᠠᠮᠢᠶᠠᠷᠤᠯᠲᠠ᠎ᠶ᠋ᠢᠨ ᠰᠠᠯᠠᠭ᠎ᠠ ᠮᠥᠴᠢᠷ ᠣᠯᠠᠨ ᠲᠦᠮᠡᠨ᠎ᠦ ᠲᠤᠰᠭᠠᠯ ᠴᠢᠩᠭ᠎ᠠ ᠪᠠᠢᠭ᠎ᠠ ᠵᠠᠮ ᠬᠠᠷᠢᠯᠴᠠᠭᠠᠨ᠎ᠤ ᠬᠠᠤᠯᠢ ᠡᠴᠨ ᠵᠥᠷᠢᠴᠡᠭ᠌ᠰᠡᠨ ᠠᠵᠢᠯᠯᠠᠭ᠎ᠠ᠎ᠳᠤ ᠠᠩᠬᠠᠷᠤᠯ᠎ᠢᠶᠠᠨ ᠲᠥᠪᠯᠡᠷᠡᠭᠦᠯᠵᠦ᠍᠂ ᠱᠠᠲᠤᠴᠢ ᠴᠢᠨᠠᠷᠲᠠᠶ᠂ ᠤᠯᠠᠷᠢᠯ᠎ᠤᠨ ᠴᠢᠨᠠᠷᠲᠠᠶ᠂ ᠦᠶᠡᠯᠡᠯ᠎ᠦᠨ ᠴᠢᠨᠠᠷᠲᠠᠶ ᠵᠠᠮ ᠬᠠᠷᠢᠯᠴᠠᠭᠠᠨ᠎ᠤ ᠠᠮᠤᠷ ᠲᠦᠪᠱᠢᠨ᠎ᠦ ᠵᠢᠮ᠎ᠡ ᠶᠣᠰᠣᠨ᠎ᠤ ᠣᠨᠴᠠᠯᠢᠭ᠎ᠲᠠᠶ ᠤᠶᠠᠯᠳᠤᠭᠤᠯᠤᠨ᠂ ᠲᠣᠮᠣ ᠳ᠋ᠠᠢᠲ᠋ᠠ᠎ᠵᠢᠨ ᠵᠠᠳᠠᠯᠤᠯᠳᠠ ᠳ᠋ᠤ ᠲᠦᠰᠢᠭᠯᠡᠨ ᠨᠠᠷᠢᠯᠢᠭ ᠣᠨᠣᠴᠠᠲᠠᠶ᠎ᠪᠠᠷ ᠪᠠᠢᠷᠢᠯᠠᠭᠤᠯᠤᠯᠳᠠ ᠬᠢᠵᠦ᠂ ᠰᠣᠭ᠍ᠲᠣᠭᠤ᠎ᠪᠠᠷ ᠮᠠᠰᠢᠨ ᠲᠡᠷᠭᠡ ᠵᠢᠯᠣᠭᠣᠳᠭᠤ᠂ ᠶᠠᠳᠠᠷᠠᠯ ᠲᠠᠢ ᠪᠡᠷ ᠮᠠᠰᠢᠨ ᠲᠡᠷᠭᠡ ᠵᠢᠯᠣᠭᠣᠳᠭᠤ ᠵᠡᠷᠭᠡ ᠵᠠᠮ ᠬᠠᠷᠢᠯᠴᠠᠭᠠᠨ᠎ᠤ ᠬᠠᠤᠯᠢ᠎ᠡᠴᠨ ᠵᠥᠷᠢᠴᠡᠭ᠌ᠰᠡᠨ ᠭᠤᠤᠯᠳᠠᠯᠭ᠎ᠠ᠎ᠲᠠᠶ ᠠᠵᠢᠯᠯᠠᠭ᠎ᠠ᠎ᠳᠤ ᠴᠢᠭᠯᠡᠬᠦᠯᠦᠯᠳᠦ ᠴᠢᠨᠠᠷᠳᠠᠢ ᠴᠣᠬᠢᠯᠲᠠ ᠥᠭ᠌ᠪᠡ᠃ 《ᠠᠷᠪᠠᠨ ᠳᠥᠷᠪᠡᠳᠦᠭᠡᠷ ᠲᠠᠪᠤᠨ ᠵᠢᠯ》 ᠤ᠋ᠨ ᠲᠦᠯᠦᠪᠵᠢᠬᠦᠯᠬᠡ ᠵᠢᠨ ᠬᠤᠭᠤᠴᠠᠭᠠᠨ᠎ᠳᠤ ᠲᠤᠪᠤᠢᠮ᠎ᠠ ᠬᠠᠤᠯᠢ᠎ᠡᠴᠨ  ᠵᠥᠷᠢᠴᠡᠭ᠌ᠰᠡᠨ ᠠᠵᠢᠯᠯᠠᠭ᠎ᠠ᠎ᠶ᠋ᠢ ᠵᠢᠯ ᠳᠤᠮᠳᠠᠴᠢ᠎ᠪᠠᠷ 200 ᠭᠠᠷᠤᠶ ᠲᠦᠮᠡᠡ ᠤᠳᠠᠭ᠎ᠠ ᠪᠠᠢᠴᠠᠭᠠᠨ ᠱᠢᠶ᠋ᠳᠪᠦᠷᠢᠯᠡᠵᠦ᠍᠂ ᠬᠦᠨᠳᠦ ᠶᠡᠬᠡ ᠵᠠᠮ ᠬᠠᠷᠢᠯᠴᠠᠭᠠᠨ᠎ᠤ ᠡᠨᠳᠡᠯ ᠭᠠᠷᠤᠭ᠍ᠰᠠᠨ ᠥᠬᠡᠶ; ᠰᠦᠯᠵᠢᠶᠡᠨ ᠳᠡᠭᠡᠷᠡᠬᠢ ᠬᠡᠮ ᠰᠣᠭᠣᠭ᠎ᠤᠨ ᠬᠠᠮᠢᠶᠠᠷᠤᠯᠲᠠ᠎ᠶ᠋ᠢᠨ ᠵᠠᠭ᠍ᠪᠤᠷ᠎ᠢ ᠰᠤᠳᠤᠯᠤᠨ ᠨᠡᠭᠡᠭᠡᠵᠦ᠍᠂ ᠡᠯ᠎ᠡ ᠭᠠᠵᠠᠷ ᠲᠸ᠋ ᠳᠡᠯᠭᠡᠷᠡᠭᠦᠯᠦᠨ ᠬᠡᠷᠡᠭᠵᠢᠬᠦᠯᠵᠦ᠂ ᠨᠡᠢᠳᠡ 14.1 ᠲᠦᠮᠡᠨ ᠬᠤᠪᠢ ᠭᠡᠮ ᠰᠤᠭᠤᠭ᠎ᠢ ᠴᠡᠭ᠌ᠴᠡᠯᠡᠨ ᠰᠠᠢᠵᠢᠷᠠᠭᠤᠯᠵᠤ᠂ ᠬᠡᠮ ᠰᠣᠭᠣᠭ᠎ᠢ ᠵᠢᠭ᠍ᠰᠠᠭᠠᠨ ᠪᠠᠢᠴᠠᠭᠠᠬᠤ ᠠᠵᠢᠯ᠎ᠤᠨ ᠪᠦᠬᠦᠯᠢ ᠴᠣᠭ᠍ᠴᠠ᠎ᠶ᠋ᠢᠨ ᠶᠠᠰᠤ ᠴᠢᠨᠠᠷ ᠦᠷ᠎ᠡ ᠪᠦᠲᠦᠮᠵᠢ᠎ᠶ᠋ᠢ ᠳᠡᠭᠡᠭ᠌ᠰᠢᠯᠡᠭᠦᠯᠪᠡ; ᠪᠥᠬᠥ᠌ ᠡᠳᠦᠷ ᠤ᠋ᠨ ᠮᠠᠰᠢᠨ ᠲᠡᠷᠬᠡ ᠨᠡᠪᠲᠡᠷᠡᠬᠦ᠌ ᠪᠠᠲᠤᠯᠠᠭ᠎ᠠ᠎ᠶ᠋ᠢᠨ ᠬᠠᠮᠳᠤᠷᠠᠬᠰᠠᠨ ᠱᠢᠨ᠎ᠡ᠎ᠶ᠋ᠢ ᠡᠭᠦᠳᠬᠦ᠌ ᠲᠤᠷᠱᠢᠯᠲᠠ᠎ᠶ᠋ᠢᠨ ᠲᠠᠰᠤᠭ᠎ᠤᠨ ᠥᠪᠥᠷ ᠮᠣᠩᠭᠣᠯ᠎ᠤᠨ ᠬᠤᠪᠢᠶᠠᠷᠢ ᠲᠥᠪ ᠪᠠ ᠪᠣᠳᠠᠲᠤ ᠪᠣᠯᠪᠠᠰᠤᠷᠠᠯ ᠦᠷ᠎ᠡ ᠪᠦᠲᠦᠭᠡᠯ᠎ᠦᠨ ᠦᠵᠡᠭᠦᠯᠭᠡ᠎ᠶ᠋ᠢᠨ ᠲᠠᠪᠴᠠᠩ ᠎ᠢ ᠪᠠᠢᠭᠤᠯᠵᠤ᠂ 《ᠪᠥᠬᠥ᠌ ᠤᠯᠤᠰ᠎ᠤᠨ ᠠᠩᠬᠠᠳᠠᠭ᠍ᠴᠢ ᠬᠤᠪᠢᠶᠠᠷᠢ ᠲᠥᠪ》᠂ 《ᠲᠦᠷᠦᠭᠦᠤ ᠪᠦᠯᠦᠭ᠎ᠤᠨ ᠮᠤᠵᠢ᠎ᠶ᠋ᠢᠨ ᠲᠠᠰ᠎ᠤᠨ ᠲᠠᠪᠴᠠᠩ》 ᠵᠡᠷᠭᠡ ᠵᠢᠱ᠌ᠢᠶ᠎ᠡ ᠦᠵᠡᠭᠦᠯᠬᠦ᠌ ᠲᠥᠷᠥᠯ ᠵᠦᠶ᠋ᠯ᠎ᠢ ᠴᠤᠬᠴᠠᠯᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号