ᠬᠦᠳᠡᠭᠡ ᠲᠤᠰᠬᠤᠨ ᠳ᠋ᠤ ᠴᠢᠪᠬᠠᠳᠠᠭᠰᠠᠨ ᠬᠦᠭᠵᠢᠯ ᠤ᠋ᠨ ᠨᠤᠲ
2026-02-09 11:07:23
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

— ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠪᠦᠬᠦ ᠤᠯᠤᠰ ᠤ᠋ᠨ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ ᠰᠢᠶᠠᠨ ᠶ᠋ᠢᠡᠷ ᠰᠤᠩᠭᠤᠭᠳᠠᠭᠰᠠᠨ ᠲᠠᠰᠢᠷᠠᠮ ᠳ᠋ᠤ


ᠬᠢᠡᠭᠭᠠᠨ ᠠᠢᠮᠠᠭ ᠤ᠋ᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠤᠯ ᠦᠨᠢᠷ ᠪᠠᠶᠠᠯᠢᠭ ᠦᠪ ᠰᠤᠶᠤᠯ᠂ ᠦᠵᠡᠰᠭᠦᠯᠡᠩᠳᠦ ᠰᠠᠢᠬᠠᠨ ᠠᠭᠤᠯᠠ ᠤᠰᠤ᠂ ᠦᠭᠡᠳᠡᠯᠡᠨ ᠳᠠᠪᠰᠢᠬᠤ ᠬᠦᠮᠦᠨ ᠠᠷᠠᠳ ᠲᠠᠢ ᠰᠠᠢᠬᠠᠨ ᠭᠠᠵᠠᠷ ᠶᠤᠮᠰᠠᠨ᠃ ᠤᠢᠷ᠎ᠠ ᠳ᠋ᠤ ᠬᠦᠳᠡᠭᠡ ᠠᠵᠤ ᠠᠬᠤᠢ ᠬᠦᠳᠡᠭᠡ ᠲᠤᠰᠬᠤᠨ ᠤ᠋ ᠶᠠᠮᠤᠨ 2025 ᠤᠨ ᠤ᠋ ᠪᠦᠬᠦ ᠤᠯᠤᠰ ᠤ᠋ᠨ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠵᠢᠱ᠌ᠢᠶ᠎ᠡ ᠦᠵᠡᠭᠦᠯᠬᠦ ᠰᠢᠶᠠᠨ ᠤ᠋ ᠨᠡᠷᠡᠰ ᠢ᠋ ᠨᠡᠢᠲᠡᠯᠡᠭᠰᠡᠨ ᠳ᠋ᠤ ᠦᠪᠤᠷ ᠮᠤᠩᠭᠤᠯ ᠡᠴᠡ ᠬᠤᠶᠠᠷᠬᠠᠨ ᠭᠠᠵᠠᠷ ᠰᠤᠩᠭᠤᠭᠳᠠᠨ ᠤᠷᠤᠵᠤ᠂ ᠡᠬᠦᠨ ᠤ᠋ ᠨᠢᠭᠡ ᠨᠢ ᠪᠤᠯ ᠳᠠᠷᠤᠢ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠤᠯᠤᠨ᠎ᠠ᠃


QQ截图20260207120745.png


ᠠᠮᠤ ᠪᠤᠳᠠᠭᠠᠨ ᠤ᠋ ᠭᠠᠷᠤᠯᠳᠠ ᠶ᠋ᠢᠨ ᠲᠤᠮᠤ ᠬᠤᠰᠢᠭᠤ᠄ 16 ᠵᠢᠯ ᠳᠠᠷᠠᠭᠠᠯᠠᠨ ᠡᠯᠪᠡᠭ ᠬᠤᠷᠢᠶᠠᠯᠳᠠ ᠤᠯᠪᠠ

《ᠨᠢᠳᠤᠨᠤᠨ 50 ᠭᠠᠷᠤᠢ ᠮᠤ᠌ ᠲᠠᠷᠢᠶ᠎ᠡ ᠲᠠᠷᠢᠵᠤ᠂ ᠮᠦ᠍ ᠨᠢᠭᠡᠴᠢ ᠶ᠋ᠢᠨ ᠤᠨᠠᠯᠲᠠ 1400 ᠵᠢᠡᠭ ᠳ᠋ᠦ ᠬᠦᠷᠴᠦ᠂ ᠨᠡᠢᠲᠡ 8 ᠲᠦᠮᠡ ᠭᠠᠷᠤᠢ ᠵᠢᠡᠭ ᠡᠷᠳᠡᠨᠢ ᠰᠢᠰᠢ ᠬᠤᠷᠢᠶᠠᠵᠤ᠂ ᠪᠠᠰᠠ ᠨᠢᠭᠡᠨ ᠡᠯᠪᠡᠭ ᠬᠤᠷᠢᠶᠠᠯᠲᠠ ᠵᠢᠨ ᠵᠢᠯ ᠪᠤᠯᠤᠭᠰᠠᠨ ᠶᠤᠮ》 ᠭᠡᠵᠦ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ ᠤ᠋ ᠳᠠᠴᠠᠲᠠᠢ ᠪᠠᠯᠭᠠᠰᠤ ᠵᠢᠨ ᠳ᠋ᠦᠩ ᠹᠠᠩ ᠬᠣᠩ ᠲᠣᠰᠭᠣᠨ ᠤ᠋ ᠲᠠᠷᠢᠶᠠᠴᠢᠨ ᠵᠧᠦ ᠮᠠᠨᠳᠠ ᠪᠠᠶᠠᠷᠲᠠᠢᠬᠠᠨ ᠶᠠᠷᠢᠨ᠎ᠠ᠃

ᠬᠢᠩᠭᠠᠨ ᠠᠢᠮᠠᠭ ᠤ᠋ᠨ ᠳᠤᠮᠳᠠ ᠪᠠᠷᠠᠭᠤᠨ ᠪᠡᠶ᠎ᠠ᠂ ᠶᠡᠬᠡ ᠬᠢᠩᠭᠠᠨ ᠳᠠᠪᠠᠭᠠᠨ ᠤ᠋ ᠡᠩᠭᠡᠷ ᠲᠤ᠌ ᠪᠠᠢᠷᠢᠯᠠᠭ᠎ᠠ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠪᠤᠯ 416 ᠲᠦᠮᠡᠨ ᠮᠤ᠌ ᠲᠠᠷᠢᠶᠠᠨ ᠭᠠᠵᠠᠷ ᠲᠠᠢ  ᠪᠠᠢᠵᠤ᠂ ᠡᠷᠳᠡᠨᠢ ᠰᠢᠰᠢ᠂ ᠤᠰᠤᠨ ᠲᠤᠳᠤᠷᠭ᠎ᠠ᠂ ᠰᠢᠰᠢ᠂ ᠰᠢᠬᠢᠷ ᠯᠤᠤᠪᠠᠩ ᠤ᠋ᠨ ᠭᠠᠷᠤᠯᠳᠠ ᠪᠡᠷ ᠡᠯᠪᠡᠭ ᠳᠡᠯᠪᠡᠭ᠂ ᠵᠢᠯ ᠤ᠋ᠨ ᠠᠮᠤ ᠪᠤᠳᠠᠭᠠᠨ ᠤ᠋ ᠤᠨᠠᠯᠳᠠ 30 ᠳ᠋ᠦᠩᠰᠢᠭᠤᠷ ᠵᠢᠩ ᠤᠷᠴᠢᠮ ᠳ᠋ᠤ ᠳᠤᠭᠳᠠᠪᠤᠷᠢᠵᠢᠭᠰᠠᠨ ᠤᠯᠤᠰ ᠤ᠋ᠨ ᠠᠮᠤ ᠪᠤᠳᠠᠭᠠᠨ ᠤ᠋ ᠭᠠᠷᠤᠯᠳᠠ ᠶ᠋ᠢᠨ ᠲᠤᠮᠤ ᠬᠤᠰᠢᠭᠤ ᠪᠤᠯᠤᠨ᠎ᠠ᠃ 2025 ᠤᠨ ᠳ᠋ᠦ ᠲᠤᠰ ᠬᠤᠰᠢᠭᠤ ᠶ᠋ᠢᠨ ᠠᠮᠤ ᠪᠤᠳᠠᠭᠠᠨ ᠤ᠋ ᠤᠨᠠᠯᠲᠠ 32 ᠳ᠋ᠦᠩᠱᠢᠭᠤᠷ ᠵᠢᠩ ᠢ᠋ ᠳᠠᠪᠠᠵᠤ᠂ ᠠᠮᠤ ᠪᠤᠳᠠᠭᠠᠨ ᠤ᠋ ᠦᠶ᠋ᠯᠡᠳᠪᠦᠷᠢᠯᠡᠯ ᠦ᠋ᠨ ᠬᠠᠷᠢᠭᠤᠴᠠᠯᠭ᠎ᠠ ᠶ᠋ᠢᠨ ᠲᠦᠷᠢᠮ ᠦ᠋ᠨ 7 ᠵᠦᠶ᠋ᠯ ᠦ᠋ᠨ ᠬᠢᠨᠠᠨ ᠱᠢᠯᠭᠠᠬᠤ ᠭᠦᠢᠴᠡᠳᠭᠡᠯ ᠲᠤᠭ᠎ᠠ ᠶ᠋ᠢ ᠴᠦᠮ ᠳᠠᠪᠠᠭᠤᠯᠤᠨ ᠪᠡᠶᠡᠯᠡᠭᠦᠯᠵᠦ᠂ ᠠᠷᠪᠠᠨ ᠵᠢᠷᠭᠤᠭᠠᠨ ᠵᠢᠯ ᠳᠠᠷᠠᠭᠠᠯᠠᠨ ᠡᠯᠪᠡᠭ ᠬᠤᠷᠢᠶᠠᠯᠲᠠ ᠤᠯᠵᠠᠢ᠃

《ᠤᠳᠤ ᠴᠢᠨᠢ ᠲᠩᠷᠢ ᠶ᠋ᠢᠨ ᠴᠢᠷᠠᠢ ᠶ᠋ᠢ ᠬᠠᠷᠠᠵᠤ ᠲᠠᠷᠢᠶ᠎ᠠ ᠲᠠᠷᠢᠬᠤ ᠴᠠᠭ ᠪᠢᠰᠢ ᠪᠤᠯᠵᠤ᠂ ᠬᠠᠷᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢ᠋ ᠲᠦᠰᠢᠭᠯᠡᠨ ᠲᠠᠷᠢᠶ᠎ᠠ ᠲᠠᠷᠢᠬᠤ ᠪᠤᠯᠵᠠᠢ》 ᠭᠡᠵᠦ ᠵᠧᠦ ᠮᠠᠨᠳᠠ ᠬᠡᠯᠡᠨ᠎ᠠ᠃

2025 ᠤᠨ ᠤ᠋ ᠰᠡᠭᠦᠯᠴᠢ ᠪᠤᠯᠳᠠᠯ᠎ᠠ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ 9 ᠳ᠋ᠦᠩᠰᠢᠭᠤᠷ ᠲᠦᠭᠦᠷᠢᠭ ᠰᠢᠬᠠᠮ  ᠪᠡᠯᠡ ᠤᠷᠤᠭᠤᠯᠵᠤ᠂ 8 ᠰᠤᠮᠤ ᠰᠢᠶᠠᠩ ᠪᠠᠯᠭᠠᠰᠤ ᠶ᠋ᠢᠨ 46 ᠭᠠᠴᠠᠭ᠎ᠠ ᠲᠤᠰᠬᠤᠨ ᠢ᠋ ᠬᠠᠮᠤᠷᠤᠭᠰᠠᠨ 30 ᠲᠦᠮᠡᠨ ᠮᠦ᠍ ᠶ᠋ᠢᠨ ᠦᠨᠳᠦᠷ ᠪᠠᠷᠢᠮᠵᠢᠶᠠᠳᠤ ᠲᠠᠷᠢᠶᠠᠨ ᠭᠠᠵᠠᠷ ᠢ᠋ ᠪᠦᠲᠦᠭᠡᠨ ᠪᠠᠢᠭᠤᠯᠤᠨ᠂ 80% ᠶ᠋ᠢᠨ ᠲᠠᠷᠢᠶᠠᠨ ᠭᠠᠵᠠᠷ ᠲᠦ᠍ ᠤᠶᠤᠨᠴᠢ ᠪᠡᠷ ᠪᠤᠷᠳᠤᠭᠤᠷ ᠤᠷᠤᠭᠤᠯᠬᠤ ᠦᠷᠲᠡᠭᠡ ᠭᠠᠷᠭᠠᠬᠤ᠂ ᠲᠠᠷᠢᠶᠠᠯᠠᠡᠭ ᠤ᠋ᠨ ᠮᠡᠷᠭᠡᠵᠢᠯ ᠢ᠋ ᠳᠡᠯᠭᠡᠷᠡᠭᠦᠯᠬᠦ ᠠᠡᠭᠬᠢ ᠬᠦᠳᠡᠭᠡ ᠲᠤᠰᠬᠤᠨ ᠳ᠋ᠦ ᠰᠠᠭᠤᠷᠢᠰᠢᠨ ᠮᠡᠷᠭᠡᠵᠢᠯ ᠤ᠋ᠨ ᠵᠢᠯᠤᠭᠤᠳᠤᠯᠭ᠎ᠠ ᠬᠢᠬᠦ ᠵᠡᠷᠭᠡ 《ᠬᠠᠮ ᠠᠷᠭ᠎ᠠ ᠬᠡᠮᠵᠢᠶ᠎ᠡ》 ᠵᠢ ᠭᠡᠷᠡᠭᠵᠢᠭᠦᠯᠵᠦ᠂ ᠲᠠᠷᠢᠶᠠᠯᠠᠩ ᠤ᠋ᠨ ᠰᠠᠭᠤᠷᠢ ᠲᠦᠬᠦᠭᠡᠷᠦᠮᠵᠢ ᠵᠢ ᠪᠦᠬᠦ ᠲᠠᠯ᠎ᠠ ᠪᠡᠷ ᠳᠡᠰ ᠳᠡᠪᠰᠢᠭᠦᠯᠬᠦ ᠶ᠋ᠢᠨ ᠵᠡᠷᠭᠡ ᠪᠡᠷ ᠤᠳᠤ ᠦᠶ᠎ᠠ ᠶ᠋ᠢᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠢ᠋ ᠭᠦᠢᠴᠡᠳ ᠠᠰᠢᠭᠯᠠᠨ ᠠᠮᠤ ᠪᠤᠳᠠᠭᠠᠨ ᠤ᠋ ᠡᠯᠪᠡᠭ ᠬᠤᠷᠢᠶᠠᠯᠲᠠ ᠶ᠋ᠢᠨ ᠰᠠᠭᠤᠷᠢ ᠵᠢ ᠪᠠᠳᠤᠳᠬᠠᠵᠠᠢ᠃ ᠤᠳᠤᠬᠠᠨ ᠳ᠋ᠦ ᠲᠤᠰ ᠬᠤᠰᠢᠭᠤᠨ ᠤ᠋ ᠶᠡᠬᠡᠩᠬᠢ ᠲᠠᠷᠢᠶᠠᠯᠠᠬᠤ ᠡᠷᠦᠬᠡ ᠨᠢ ᠲᠠᠷᠢᠶᠠᠯᠠᠡᠭ ᠤ᠋ᠨ ᠮᠠᠰᠢᠨ ᠳ᠋ᠠᠭᠠᠨ ᠴᠦᠮ 《ᠳᠤᠬᠢᠭᠤᠷ ᠳᠤᠯᠤᠭᠠᠨ ᠤᠳᠤ》 ᠵᠠᠮᠴᠢᠯᠠᠬᠤ ᠰᠢᠰᠲᠸᠮ ᠢ᠋ ᠤᠭᠰᠠᠷᠠᠵᠤ᠂ ᠨᠠᠷᠢᠯᠢᠭ ᠤᠨᠤᠴᠠᠲᠠᠢ ᠪᠦᠭᠡᠳ ᠤᠶᠤᠨᠴᠢ ᠬᠢᠨᠠᠯᠲᠠ ᠬᠠᠮᠢᠶᠠᠷᠤᠯᠲᠠ ᠨᠢ ᠨᠢᠭᠡᠨᠳᠡ ᠲᠤᠰ ᠬᠤᠰᠢᠭᠤᠨ ᠤ᠋ ᠲᠠᠷᠢᠶᠠᠯᠠᠡᠭ ᠦᠢᠯᠡᠳᠪᠦᠷᠢᠯᠡᠯ ᠤ᠋ᠨ ᠪᠠᠷᠢᠮᠵᠢᠶ᠎ᠡ ᠬᠡᠪ ᠵᠠᠭᠪᠤᠷ ᠪᠤᠯᠤᠭᠰᠠᠨ ᠪᠠᠢᠨ᠎ᠠ᠃

ᠮᠠᠯ ᠤ᠋ᠨ ᠠᠰᠢᠭ ᠰᠢᠮ᠎ᠠ ᠶ᠋ᠢᠨ ᠶᠠᠰᠤ ᠴᠢᠨᠠᠷ ᠤ᠋ᠨ ᠪᠠᠳᠤᠯᠠᠭᠠᠳᠤ ᠬᠤᠰᠢᠭᠤ᠄ ᠬᠤᠨᠢ ᠦᠭᠡᠷ ᠤ᠋ᠨ ᠮᠢᠬ᠎ᠠ ᠨᠢ 24 ᠴᠠᠭ ᠤ᠋ᠨ ᠲᠤᠳᠤᠷ᠎ᠠ ᠪᠡᠭᠡᠵᠢᠩ ᠳ᠋ᠤ ᠬᠦᠷᠳᠡᠭ

ᠴᠠᠷᠠᠰᠤᠨ ᠪᠠᠯᠭᠠᠰᠤ ᠶ᠋ᠢᠨ ᠣᠲᠣ ᠦᠶ᠎ᠡ ᠶ᠋ᠢᠨ ᠰᠦ ᠰᠠᠭᠠᠯᠢ ᠶ᠋ᠢᠨ ᠠᠵᠤ ᠦᠶ᠋ᠯᠡᠰ ᠦ᠋ᠨ ᠬᠦᠷᠢᠶᠡᠯᠡᠩ ᠳ᠋ᠦ ᠪᠠᠷᠢᠮᠵᠢᠶᠠᠵᠢᠭᠰᠠᠨ ᠫᠸᠡᠭ ᠰᠠᠷᠠᠪᠴᠢ ᠳᠡᠷᠢ ᠲᠡᠭᠰᠢ ᠵᠢᠭᠰᠠᠵᠤ᠂ ᠠᠦ᠋ᠲ᠋ᠣᠴᠢᠯᠠᠭ᠍ᠰᠠᠨ ᠰᠦ ᠰᠠᠭᠠᠬᠤ ᠲᠥᠬᠥᠭᠡᠷᠦᠮᠵᠢ ᠥᠨᠳᠥᠷ ᠪᠦᠲᠦᠮᠵᠢᠲᠡᠶ ᠠᠵᠢᠯᠯᠠᠨ᠎ᠠ᠃

ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠣᠲᠣ ᠦᠶ᠎ᠡ ᠶ᠋ᠢᠨ ᠮᠠᠯ ᠠᠵᠤ ᠠᠬᠤᠢ ᠲᠠᠷᠢᠶᠠᠯᠠᠩ ᠤ᠋ᠨ ᠠᠵᠤ ᠦᠶ᠋ᠯᠡᠰ ᠦ᠋ᠨ ᠬᠦᠷᠢᠶᠡᠯᠡᠩ ᠪᠣᠯᠤᠭ᠍ᠰᠠᠨ ᠤ᠋ ᠬᠤᠪᠢ᠎ᠳᠤ᠂ ᠲᠤᠰ ᠬᠦᠷᠢᠶᠡᠯᠡᠩ ᠨᠢ ᠰᠦ ᠶ᠋ᠢᠨ ᠢᠷᠡᠯᠳᠡ ᠶ᠋ᠢᠨ ᠰᠠᠭᠤᠷᠢᠨ ᠢ᠋ ᠴᠤᠭᠴᠠᠯᠠᠬᠤ ᠪᠠ ᠴᠠᠭᠠᠨ ᠢᠳᠡᠭᠡᠨ ᠪᠤᠯᠪᠠᠰᠤᠷᠠᠭᠤᠯᠬᠤ ᠪᠡᠷ ᠭᠤᠤᠯ ᠬᠦᠭᠵᠢᠯᠳᠡ ᠶ᠋ᠢᠨ ᠴᠢᠭᠯᠡᠯ ᠪᠤᠯᠭᠠᠵᠤ᠂ ᠤᠳᠤᠬᠠᠨ ᠪᠤᠯᠳᠠᠯ᠎ᠠ ᠨᠢᠭᠡᠨᠳᠡ 34.14 ᠳ᠋ᠦᠩᠱᠢᠭᠤᠷ ᠲᠥᠭᠥᠷᠢᠭ ᠦ᠋ᠨ ᠪᠠᠯᠠ ᠣᠷᠣᠭᠤᠯᠤᠯᠲᠠ ᠶ᠋ᠢ ᠪᠡᠶᠡᠯᠡᠭᠦᠯᠵᠦ᠂ ᠪᠦᠬᠦ ᠬᠤᠰᠢᠭᠤᠨ ᠤ᠋ 460 ᠲᠦᠮᠡᠨ ᠮᠠᠯ ᠤᠨᠤᠭ᠎ᠠ ᠶ᠋ᠢᠨ ᠬᠡᠪᠴᠢᠶᠡᠵᠢᠭᠰᠡᠨ ᠲᠡᠵᠢᠭᠡᠨ ᠦᠷᠡᠵᠢᠭᠦᠯᠬᠦ ᠨᠤᠷᠮ᠎ᠠ ᠶ᠋ᠢ 65% ᠪᠤᠯᠳᠠᠯ᠎ᠠ ᠳᠡᠭᠡᠭᠰᠢᠯᠡᠭᠦᠯᠬᠦ ᠶ᠋ᠢᠨ ᠬᠠᠮᠳᠤ ᠤᠶᠤᠨᠴᠢᠯᠠᠭᠰᠠᠨ ᠲᠡᠵᠢᠭᠡᠨ ᠦᠷᠡᠵᠢᠭᠦᠯᠬᠦ ᠮᠡᠷᠭᠡᠵᠢᠯ ᠶ᠋ᠢᠡᠷ ᠪᠦᠬᠦ ᠬᠤᠰᠢᠭᠤᠨ ᠤ᠋ ᠤᠯᠠᠮᠵᠢᠯᠠᠯᠳᠤ ᠮᠠᠯ ᠠᠵᠤ ᠠᠬᠤᠶ ᠶ᠋ᠢᠨ ᠬᠡᠯᠪᠡᠷᠢ ᠶ᠋ᠢ ᠬᠤᠪᠢᠷᠠᠭᠤᠯᠤᠨ ᠲᠠᠰ ᠳᠡᠪᠱᠢᠬᠦ᠌᠎ᠶ᠋ᠢ ᠪᠦᠲᠦᠮᠵᠢᠳᠠᠢ ᠳᠠᠢᠴᠢᠯᠠᠵᠠᠢ᠃

ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤ ᠪᠤᠯ ᠤᠰᠤ ᠤᠰᠤᠨ ᠤ᠋ ᠨᠠᠭᠠᠨ᠎ᠠ ᠲᠠᠩᠰᠤᠭ ᠲᠠᠷᠢᠶ᠎ᠠ ᠲᠠᠢ᠂ ᠠᠭᠤᠯᠠ ᠠᠭᠤᠯᠠ ᠶ᠋ᠢᠨ ᠴᠠᠭᠠᠨ᠎ᠠ ᠴᠢᠨᠳᠠᠮᠤᠨᠢ ᠰᠦᠷᠦᠭ ᠲᠠᠢ᠂ ᠤᠯᠤᠰ ᠤ᠋ᠨ ᠮᠠᠯ ᠤ᠋ᠨ ᠠᠰᠢᠭ ᠰᠢᠮ᠎ᠠ ᠲᠠᠷᠢᠶᠠᠯᠠᠩ ᠤ᠋ᠨ ᠪᠦᠲᠦᠭᠡᠭᠳᠡᠭᠦᠨ ᠤ᠋ ᠶᠠᠰᠤ ᠴᠢᠨᠠᠷ ᠤ᠋ᠨ ᠪᠠᠳᠤᠯᠠᠭᠠᠳᠤ ᠬᠤᠰᠢᠭᠤ ᠪᠤᠯᠤᠨ᠎ᠠ᠃ ᠲᠤᠰ ᠬᠤᠰᠢᠭᠤ 1342 ᠲᠦᠮᠡᠨ ᠮᠤ᠌ ᠪᠠᠢᠭᠠᠯᠢ ᠵᠢᠨ ᠨᠤᠳᠤᠭ ᠪᠡᠯᠴᠢᠭᠡᠷ ᠲᠠᠢ ᠪᠦᠭᠡᠳ ᠦᠭᠡᠷ ᠬᠤᠨᠢ ᠲᠡᠵᠢᠭᠡᠬᠦ ᠳ᠋ᠤ ᠠᠰᠢᠭᠳᠠᠢ ᠰᠢᠵᠢᠷ ᠠᠯᠳᠠᠨ ᠪᠦᠰᠡ ᠳ᠋ᠤ ᠤᠷᠤᠰᠢᠨ᠎ᠠ᠃ ᠲᠤᠰ ᠬᠤᠰᠢᠭᠤ ᠶ᠋ᠢᠨ ᠤᠯᠠᠭᠠᠨᠮᠤᠳᠤ ᠶ᠋ᠢᠨ ᠲᠠᠯ᠎ᠠ ᠨᠤᠳᠤᠭ ᠪᠤᠯ ᠳᠡᠯᠡᠬᠡᠢ ᠳ᠋ᠤ ᠬᠤᠪᠤᠷᠬᠠᠨ ᠪᠤᠬᠢᠷᠳᠦᠯ ᠦᠭᠡᠢ ᠡᠯᠡᠰᠦᠷᠬᠡᠭᠵᠢᠭᠰᠡᠨ ᠦᠭᠡᠢ ᠲᠠᠯ᠎ᠠ ᠨᠤᠳᠤᠭ ᠪᠠᠢᠵᠤ᠂ ᠤᠯᠠᠭᠠᠨᠮᠤᠳᠤ ᠶ᠋ᠢᠨ 《ᠵᠠᠰᠠᠭᠳᠤ ᠬᠤᠨᠢ》 ᠨᠢ ᠤᠯᠤᠰ ᠤ᠋ᠨ ᠮᠠᠯ ᠲᠡᠵᠢᠭᠡᠪᠤᠷᠢ ᠶ᠋ᠢᠨ ᠤᠳᠤᠮᠯᠠᠯ ᠤ᠋ᠨ ᠡᠬᠢ ᠪᠠᠶᠠᠯᠢᠭ ᠤ᠋ᠨ ᠬᠦᠮᠦᠷᠭᠡ ᠳ᠋ᠤ ᠤᠷᠤᠭᠰᠠᠨ ᠰᠢᠯᠢᠳᠡᠭ ᠡᠭᠦᠯᠳᠡᠷ ᠤ᠋ᠨ ᠬᠤᠨᠢ  ᠪᠦᠭᠡᠳ ᠮᠢᠬ᠎ᠠ ᠨᠢ ᠦᠭᠡᠬᠦ ᠮᠢᠬ᠎ᠠ ᠲᠡᠩᠴᠡᠭᠦᠦ᠂ ᠠᠮᠳᠠ ᠰᠢᠮᠳᠠ ᠰᠠᠢᠳᠠᠢ ᠪᠡᠷ ᠬᠡᠷᠡᠭᠯᠡᠭᠴᠢᠳ ᠤ᠋ᠨ ᠳᠠᠭᠠᠰᠢᠶᠠᠯ ᠢ᠋ ᠶᠡᠬᠡᠳᠡ ᠤᠯᠵᠤ ᠪᠤᠢ᠃

ᠰᠦ ᠰᠠᠭᠠᠯᠢ ᠶ᠋ᠢᠨ ᠦᠶ᠋ᠯᠡᠰ ᠡᠴᠡ ᠮᠢᠬᠠᠨ ᠤ᠋ ᠬᠣᠨᠢ᠂ ᠮᠢᠬᠠᠨ ᠤ᠋ ᠦᠭᠡᠷ ᠤ᠋ᠨ ᠠᠵᠤ ᠦᠢᠯᠡᠰ ᠵᠢᠴᠢ ᠠᠳᠤᠭᠤᠨ ᠤ᠋ ᠠᠵᠤ ᠦᠶ᠋ᠯᠡᠰ ᠬᠦᠷᠲᠡᠯ᠎ᠡ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠤᠢᠷ᠎ᠠ ᠶ᠋ᠢᠨ ᠵᠢᠯ ᠳ᠋ᠤ ᠮᠠᠯ ᠠᠵᠤ ᠠᠬᠤᠢ ᠶ᠋ᠢᠨ ᠠᠵᠤ ᠦᠢᠯᠡᠰ ᠤ᠋ᠨ ᠬᠡᠯᠬᠢᠶ᠎ᠡ ᠶ᠋ᠢ ᠤᠷᠳᠤᠳᠬᠠᠨ ᠠᠵᠤ ᠦᠢᠯᠡᠰ ᠤ᠋ᠨ ᠬᠡᠯᠬᠢᠶ᠎ᠡ ᠶ᠋ᠢ ᠨᠦᠬᠦᠪᠤᠷᠢᠯᠡᠬᠦ ᠠᠵᠢᠯ ᠢ᠋ ᠡᠷᠴᠢᠮᠳᠠᠢ ᠠᠳᠬᠤᠵᠤ᠂ ᠬᠦᠶ᠋ᠲᠡᠨ ᠬᠡᠯᠬᠢᠶᠡᠲᠦ ᠡᠳ᠋ ᠪᠠᠷᠠᠭᠠᠨ ᠤ᠋ ᠭᠦᠢᠯᠭᠡᠭᠡ ᠶ᠋ᠢᠨ ᠱᠢᠰᠲ᠋ᠧᠮ ᠢ᠋ ᠲᠡᠭᠦᠯᠳᠡᠷᠵᠢᠭᠦᠯᠦᠭᠰᠡᠨ ᠶ᠋ᠢᠡᠷ ᠤᠳᠤ ᠱᠢᠨ᠎ᠡ ᠰᠣᠷᠭᠣᠭ ᠦᠬᠡᠷ ᠬᠣᠨᠢᠨ ᠮᠢᠬ᠎ᠠ᠂ ᠰᠠᠭᠠᠯᠢ ᠶ᠋ᠢᠨ ᠠᠷᠢᠬᠢ ᠵᠡᠷᠭᠡ ᠤᠷᠤᠨ ᠨᠤᠳᠤᠭ ᠤ᠋ᠨ ᠤᠨᠴᠠᠯᠢᠭᠳᠤ ᠪᠦᠲᠦᠭᠡᠭ᠌ᠳᠡᠬᠦᠨ ᠶ᠋ᠢᠡᠨ 24 ᠴᠠᠭ ᠤ᠋ᠨ ᠲᠤᠳᠤᠷ᠎ᠠ ᠪᠡᠭᠡᠵᠢᠩ ᠳ᠋ᠤ ᠬᠦᠷᠭᠡᠬᠦ ᠶ᠋ᠢ ᠪᠡᠶᠡᠯᠡᠭᠦᠯᠦᠭᠰᠡᠨ ᠪᠠᠢᠨ᠎ᠠ᠃

ᠴᠢᠩ ᠰᠡᠳᠬᠢᠯ ᠤ᠋ᠨ ᠲᠤᠰᠠᠯᠠᠮᠵᠢ ᠬᠦᠷᠳᠡᠭᠰᠡᠨ ᠬᠤᠰᠢᠭᠤ᠄ ᠪᠡᠭᠡᠵᠢᠡᠭ ᠦᠪᠦᠷ ᠮᠤᠡᠭᠭᠤᠯ ᠤ᠋ᠨ ᠬᠠᠮᠵᠢᠯᠴᠠᠭ᠎ᠠ 《ᠬᠠᠮᠳᠤ ᠪᠡᠷ ᠪᠠᠶᠠᠵᠢᠬᠤ ᠵᠠᠮ》 ᠤ᠋ᠨ ᠪᠠᠳᠤ ᠲᠦᠰᠢᠭ

《ᠪᠡᠭᠡᠵᠢᠡᠭ ᠦᠪᠦᠷ ᠮᠤᠡᠭᠭᠤᠯ ᠤ᠋ᠨ ᠬᠠᠮᠵᠢᠯᠴᠠᠭᠠᠨ ᠤ᠋ ᠭᠠᠷᠠᠭ》 ᠤ᠋ᠨ ᠠᠵᠢᠯᠯᠠᠭ᠎ᠠ᠂ ᠤᠨᠴᠠᠯᠢᠭᠲᠦ ᠪᠦᠲᠦᠭᠡᠭᠳᠡᠭᠦᠨ ᠤ᠋ ᠳᠡᠯᠭᠡᠨ ᠪᠤᠷᠤᠯᠠᠭᠤᠯᠬᠤ ᠴᠤᠭᠯᠠᠭᠠᠨ᠂ ᠤᠷᠤᠨ ᠪᠦᠰᠡ ᠠᠯᠤᠰᠯᠠᠭᠰᠠᠨ ᠲᠠᠨᠢᠯᠴᠠᠭᠤᠯᠭ᠎ᠠ ᠶ᠋ᠢᠨ ᠬᠤᠷᠠᠯ ᠁ 2025 ᠤᠨ ᠳ᠋ᠤ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠪᠡᠭᠡᠵᠢᠩ ᠳ᠋ᠡᠬᠢ ᠬᠠᠮᠵᠢᠯᠴᠠᠭᠠᠨ ᠤ᠋ ᠨᠢᠭᠡᠴᠢ ᠲᠠᠢ ᠬᠠᠷᠢᠯᠴᠠᠨ ᠬᠠᠮᠵᠢᠯᠴᠠᠬᠤ ᠪᠡᠨ ᠲᠠᠰᠤᠷᠠᠯᠳᠠ ᠦᠭᠡᠢ ᠭᠦᠨᠵᠡᠭᠡᠢᠷᠡᠭᠦᠯᠵᠦ᠂ 6 ᠳ᠋ᠦᠩᠱᠢᠭᠤᠷ ᠲᠥᠭᠥᠷᠢᠭ ᠦ᠋ᠨ ᠮᠠᠯ ᠤ᠋ᠨ ᠠᠰᠢᠭ ᠰᠢᠮ᠎ᠠ ᠲᠠᠷᠢᠶᠠᠯᠠᠡᠭ ᠤ᠋ᠨ ᠪᠦᠲᠦᠭᠡᠭᠳᠡᠭᠦᠨ ᠶ᠋ᠢᠡᠨ ᠣᠷᠣᠨ ᠤ᠋ ᠭᠠᠳᠠᠨ᠎ᠠ ᠪᠤᠷᠤᠯᠠᠭᠤᠯᠵᠠᠢ᠃

《ᠬᠦᠮᠦᠨ ᠨᠢ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠳ᠋ᠤ ᠴᠠᠭ ᠵᠠᠭᠤᠷ᠎ᠠ ᠰᠠᠭᠠᠳᠠᠬᠤ ᠳ᠋ᠤ ᠵᠢᠷᠦᠭᠡ ᠰᠡᠳᠬᠢᠯ ᠨᠢ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠶ᠋ᠢ ᠡᠭᠦᠷᠢᠳᠡ ᠰᠠᠨᠠᠭᠠᠯᠵᠠᠨ᠎ᠠ》᠃ ᠡᠨᠡ ᠪᠤᠯ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠶ᠋ᠢ ᠬᠠᠪᠰᠤᠷᠤᠨ ᠳᠡᠳᠭᠦᠭᠰᠡᠨ ᠪᠡᠭᠡᠵᠢᠩ ᠤ᠋ᠨ ᠡᠯ᠎ᠠ ᠪᠠᠢᠭᠤᠯᠭ᠎ᠠ ᠨᠢᠭᠡᠴᠢ ᠶ᠋ᠢᠨ ᠺᠠᠳ᠋ᠷ ᠠᠵᠢᠯᠳᠠᠨ ᠤ᠋ ᠴᠢᠩ ᠰᠡᠳᠬᠢᠯ ᠤ᠋ᠨ ᠦᠭᠡ ᠪᠢᠯᠡ᠃

ᠤᠢᠷ᠎ᠠ ᠶ᠋ᠢᠨ ᠵᠢᠯ ᠳ᠋ᠤ ᠪᠡᠭᠡᠵᠢᠡᠭ ᠦᠪᠦᠷ ᠮᠤᠡᠭᠭᠤᠯ ᠤ᠋ᠨ ᠬᠠᠮᠵᠢᠯᠴᠠᠭ᠎ᠠ ᠨᠢ ᠨᠢᠭᠡᠨᠳᠡ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠶ᠋ᠢᠨ 《ᠬᠠᠮᠳᠤ ᠪᠡᠷ ᠪᠠᠶᠠᠵᠢᠬᠤ ᠵᠠᠮ》 ᠤ᠋ᠨ ᠪᠠᠳᠤ ᠲᠦᠰᠢᠭ ᠪᠤᠯᠪᠡ᠃ ᠪᠡᠯᠡ ᠮᠦᠩᠬᠦᠨ ᠤ᠋ ᠲᠠᠯ᠎ᠠ ᠪᠡᠷ᠂ 2025 ᠤᠨ ᠳ᠋ᠤ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤ ᠪᠡᠭᠡᠵᠢᠩ ᠥᠪᠥᠷ ᠮᠣᠩᠭᠣᠯ ᠤ᠋ᠨ ᠬᠠᠮᠵᠢᠯᠴᠠᠭᠠᠨ ᠤ᠋ 9822 ᠲᠦᠮᠡᠨ ᠲᠥᠭᠥᠷᠢᠭ ᠤ᠋ᠨ ᠪᠠᠯᠠ ᠮᠥᠩᠭᠥ ᠪᠡᠷ ᠤᠨᠴᠠᠯᠢᠬ᠍ᠳᠤ ᠲᠠᠷᠢᠮᠠᠯ᠂ ᠲᠡᠵᠢᠭᠡᠨ ᠦᠷᠡᠵᠢᠭᠦᠯᠬᠦ᠌᠂ ᠡᠳ᠋ᠱᠢᠭᠦᠯᠦᠨ ᠪᠤᠯᠪᠠᠰᠤᠷᠠᠭᠤᠯᠬᠤ ᠵᠢᠴᠢ ᠰᠤᠶᠤᠯ ᠵᠢᠭᠤᠯᠴᠢᠯᠠᠯ ᠶ᠋ᠢᠡᠷ ᠭᠤᠤᠯᠯᠠᠭᠰᠠᠨ 29 ᠲᠥᠷᠥᠯ ᠵᠦᠶ᠋ᠯ ᠢ᠋ ᠳᠡᠮᠵᠢᠵᠦ᠂ ᠠᠵᠤ ᠦᠶ᠋ᠯᠡᠰ ᠦ᠋ᠨ ᠬᠡᠯᠬᠢᠶ᠎ᠡ ᠶ᠋ᠢ ᠴᠢᠩᠭᠠᠳᠬᠠᠬᠤ ᠶ᠋ᠢᠨ ᠬᠠᠮᠳᠤ ᠶᠠᠳᠠᠭᠤ ᠡᠴᠡ ᠠᠩᠭᠢᠵᠢᠷᠠᠭᠤᠯᠬᠤ ᠪᠤᠭᠤᠮᠳᠠ ᠱᠢᠪᠲᠤᠯᠤᠭᠰᠠᠨ ᠦᠷ᠎ᠡ ᠪᠦᠲᠦᠭᠡᠯ ᠢ᠋ ᠴᠢᠨᠠᠭᠰᠢᠳᠠ ᠪᠠᠳᠤᠳᠬᠠᠪᠠ; ᠨᠡᠢᠭᠡᠮ ᠠᠮᠢᠳᠤᠷᠠᠯ ᠤ᠋ᠨ ᠬᠦᠷᠢᠶᠡᠨ ᠳ᠋ᠤ᠂ ᠬᠠᠪᠰᠤᠷᠤᠯᠴᠠᠭ᠎ᠠ ᠪᠠᠢᠭᠤᠯᠬᠤ ᠬᠡᠪᠴᠢᠶ᠎ᠠ ᠶ᠋ᠢ ᠴᠢᠨᠠᠭᠰᠢᠳᠠ ᠦᠷᠭᠡᠳᠭᠡᠵᠦ᠂ ᠨᠡᠢᠭᠡᠮ ᠲᠤᠭᠤᠷᠢᠭ ᠤ᠋ᠨ ᠴᠢᠨᠠᠷ ᠰᠠᠢᠲᠠᠢ ᠬᠦᠭᠵᠢᠯᠲᠡ ᠶ᠋ᠢᠨ ᠬᠤᠯᠪᠤᠭ᠎ᠠ ᠶ᠋ᠢ ᠪᠠᠢᠭᠤᠯᠤᠨ ᠵᠠᠰᠠᠯᠲᠠ ᠶ᠋ᠢᠨ ᠰᠢᠨ᠎ᠡ ᠡᠭᠦᠳᠬᠦ ᠵᠢ ᠠᠬᠢᠭᠤᠯᠪᠠ; ᠡᠮᠴᠢᠯᠡᠭᠡᠨ ᠤ᠋ ᠲᠠᠯ᠎ᠠ ᠪᠡᠷ᠂ ᠨᠡᠷᠡᠳᠦ ᠡᠮᠴᠢ ᠶ᠋ᠢᠨ ᠠᠵᠢᠯᠯᠠᠬᠤ ᠦᠷᠦᠭᠡ ᠪᠠᠢᠭᠤᠯᠵᠤ᠂ ᠪᠡᠭᠡᠵᠢᠡᠭ ᠤ᠋ᠨ 21 ᠡᠮᠨᠡᠯᠭᠡ ᠶ᠋ᠢᠨ ᠬᠤᠷᠢᠶ᠎ᠠ ᠲᠠᠢ ᠬᠠᠪᠰᠤᠷᠤᠯᠴᠠᠬᠤ ᠬᠠᠷᠢᠴᠠᠭ᠎ᠠ ᠪᠠᠢᠭᠤᠯᠤᠨ᠂ 26 ᠡᠮᠴᠢᠯᠡᠭᠡᠨ ᠤ᠋ ᠴᠢᠳᠠᠪᠤᠷᠢᠲᠠᠨ ᠢ᠋ ᠲᠤᠮᠢᠯᠠᠨ ᠰᠠᠭᠤᠯᠭᠠᠵᠤ᠂ ᠠᠷᠠᠳ ᠤᠯᠠᠨ ᠤ᠋ ᠭᠡᠷ ᠤ᠋ᠨ ᠡᠭᠦᠳᠡᠨ ᠳ᠋ᠡᠭᠡᠨ ᠰᠢᠯᠢᠳᠡᠭ ᠡᠮᠴᠢᠯᠡᠭᠡ ᠬᠦᠷᠲᠡᠬᠦ ᠵᠢ ᠠᠬᠢᠭᠤᠯᠪᠠ; ᠰᠤᠷᠭᠠᠨ ᠬᠦᠮᠦᠵᠢᠯ ᠤ᠋ᠨ ᠲᠠᠯ᠎ᠠ ᠪᠡᠷ᠂ 55 ᠬᠠᠮᠵᠢᠯᠴᠠᠭᠠᠨ ᠤ᠋ ᠰᠤᠷᠭᠠᠭᠤᠯᠢ ᠵᠢ ᠰᠢᠨ᠎ᠡ ᠪᠡᠷ ᠪᠠᠢᠭᠤᠯᠵᠤ᠂ ᠪᠠᠭᠠᠴᠤᠳ ᠬᠡᠤᠬᠡᠳ ᠲᠦ᠍ ᠰᠢᠯᠢᠳᠡᠭ ᠰᠤᠷᠭᠠᠨ ᠬᠦᠮᠦᠵᠢᠯ ᠤ᠋ᠨ ᠡᠬᠢ ᠪᠠᠶᠠᠯᠢᠭ ᠬᠦᠷᠳᠡᠭᠡᠪᠡ; ᠬᠦᠳᠡᠯᠮᠦᠷᠢ ᠬᠦᠴᠦᠨ ᠤ᠋ ᠲᠠᠯ᠎ᠠ ᠪᠡᠷ᠂ ᠤᠯᠠᠨ ᠤᠳᠠᠭ᠎ᠠ ᠶ᠋ᠢᠨ ᠠᠵᠢᠯᠴᠢᠨ ᠡᠯᠰᠡᠬᠦ ᠠᠵᠢᠯᠯᠠᠭ᠎ᠠ ᠶ᠋ᠢ ᠬᠠᠮᠳᠤᠷᠠᠨ ᠡᠷᠬᠢᠯᠡᠬᠦ ᠪᠡᠷ ᠳᠠᠮᠵᠢᠨ ᠬᠦᠳᠡᠭᠡ ᠲᠤᠰᠬᠤᠨ ᠤ᠋ 1900 ᠰᠢᠬᠠᠮ ᠬᠦᠳᠡᠯᠮᠦᠷᠢ ᠬᠦᠴᠦᠨ ᠳ᠋ᠦ ᠲᠤᠭᠲᠠᠪᠤᠷᠢᠲᠠᠢ ᠠᠵᠢᠯ ᠤᠯᠭᠤᠪᠠ᠃

ᠬᠤᠷᠢᠭ᠎ᠠ ᠱᠤᠭᠤᠮ ᠢ᠋ ᠪᠠᠳᠤ ᠰᠠᠬᠢᠭᠰᠠᠨ ᠬᠤᠰᠢᠭᠤ᠄ ᠬᠡᠪᠴᠢᠶᠡᠵᠢᠯ ᠤ᠋ᠨ ᠴᠢᠨᠠᠷᠲᠠᠢ ᠳᠠᠬᠢᠨ ᠶᠠᠳᠠᠭᠤᠷᠠᠬᠤ ᠵᠢ ᠴᠢᠡᠭᠭ᠎ᠠ ᠰᠡᠷᠭᠡᠢᠯᠡᠪᠡ

《ᠪᠢᠳᠡᠨ ᠢ᠋ ᠬᠠᠮᠤᠭ ᠤ᠋ᠨ ᠬᠦᠴᠢᠷᠲᠠᠢ ᠦᠶ᠎ᠡ ᠳ᠋ᠦ ᠯᠢ ᠱᠦᠵᠢ ᠴᠤᠬᠤᠮ ᠶᠡᠬᠡ ᠲᠤᠰᠠᠯᠠᠮᠵᠢ ᠦᠵᠡᠭᠦᠯᠤᠯ᠎ᠠ》 ᠭᠡᠵᠦ ᠬᠤᠷᠴᠢᠨ ᠪᠠᠷᠠᠭᠤᠨ ᠭᠠᠷᠤᠨ ᠡᠮᠦᠨᠡᠳᠦ ᠬᠤᠰᠢᠭᠤᠨ ᠤ᠋ ᠭᠦᠢᠯᠡᠷ ᠪᠠᠯᠭᠠᠰᠤ ᠶ᠋ᠢᠨ ᠪᠠᠬᠠᠨ ᠬᠤᠲᠠ ᠭᠠᠴᠠᠭᠠᠨ ᠤ᠋ ᠠᠷᠠᠳ ᠪᠠᠢ ᠳ᠋ᠸ ᠵᠦᠩ ᠪᠠᠶᠠᠷᠯᠠᠨ ᠲᠠᠯᠠᠷᠬᠠᠵᠤ ᠪᠠᠢᠭ᠎ᠠ ᠰᠡᠳᠬᠢᠯ ᠶ᠋ᠢᠡᠨ ᠢᠯᠡᠷᠬᠡᠢᠯᠡᠨ᠎ᠠ᠃

2025 ᠣᠨ ᠳ᠋ᠤ᠂ ᠪᠠᠢ ᠳ᠋ᠸ ᠵᠦᠩ ᠦ᠋ᠨ ᠡᠬᠡᠨᠡᠷ ᠨᠢ ᠭᠡᠨᠡᠳᠲᠡ ᠪᠡᠷ ᠬᠦᠨᠳᠦ ᠡᠪᠡᠳᠴᠢᠨ ᠳ᠋ᠤ ᠨᠡᠷᠪᠡᠭ᠌ᠳᠡᠵᠦ᠍᠂ ᠬᠡᠳᠦ ᠦᠨᠳᠦᠷ ᠡᠮᠴᠢᠯᠡᠭᠡᠨ ᠤ᠋ ᠵᠠᠷᠤᠳᠠᠯ ᠨᠢ ᠳᠡᠲᠡᠨ ᠤ᠋ ᠭᠡᠷ ᠪᠦᠯᠢ ᠶ᠋ᠢ ᠨᠤᠭᠤ ᠳᠠᠷᠤᠬᠤ ᠰᠢᠬᠠᠵᠠᠢ᠃ ᠲᠡᠭᠡᠬᠦ ᠳ᠋ᠤ ᠲᠤᠬᠠᠢ ᠶ᠋ᠢᠨ ᠦᠶᠡᠰ ᠪᠠᠬᠠᠨ ᠬᠤᠲᠠ ᠭᠠᠴᠠᠭᠠᠨ ᠤ᠋ ᠲᠤᠰᠬᠤᠨ ᠳ᠋ᠦ ᠰᠠᠭᠤᠭ᠎ᠠ ᠨᠢᠭᠡᠳᠦᠭᠡᠷ ᠱᠦᠵᠢ ᠪᠡᠷ ᠠᠵᠢᠯᠯᠠᠵᠤ ᠪᠠᠢᠭᠰᠠᠨ ᠯᠢ ᠵᠢᠶᠠᠨ ᠹᠸᠩ ᠲᠡᠳᠡᠨ ᠤ᠋ ᠪᠠᠢᠳᠠᠯ ᠢ᠋ ᠤᠢᠯᠠᠭᠠᠭᠰᠠᠨ ᠤ᠋ ᠳᠠᠷᠠᠭ᠎ᠠ ᠲᠡᠷᠡ ᠳᠠᠷᠤᠢ ᠳ᠋ᠤᠨᠢ ᠨᠠᠭᠠᠳᠤ ᠵᠠᠬ᠎ᠠ ᠶ᠋ᠢᠨ ᠠᠮᠢᠳᠤᠷᠠᠯ ᠤ᠋ᠨ ᠪᠠᠳᠤᠯᠠᠭ᠎ᠠ ᠶ᠋ᠢᠨ ᠮᠦᠡᠭᠬᠦ᠂ ᠰᠤᠷᠤᠭᠴᠢ ᠶ᠋ᠢᠨ ᠨᠦᠬᠦᠪᠦᠷᠢ ᠮᠦᠡᠭᠬᠦ ᠬᠢᠭᠡᠳ ᠪᠠᠩᠬᠢ ᠶ᠋ᠢᠨ ᠵᠢᠭᠡᠯᠡᠯᠭᠡ ᠭᠤᠶᠤᠴᠢᠯᠠᠨ ᠦᠭᠭᠦᠭᠰᠡᠨ ᠶ᠋ᠢᠡᠷ ᠳᠡᠳᠡ ᠰᠠᠶᠢ ᠬᠦᠨᠳᠤ ᠳᠠᠪᠠᠭ᠎ᠠ ᠶ᠋ᠢ ᠳᠠᠪᠠᠵᠤ ᠭᠠᠷᠴᠠᠢ᠃

《ᠳᠠᠬᠢᠨ ᠶᠠᠳᠠᠭᠤᠷᠠᠬᠤ ᠵᠢ ᠰᠡᠷᠭᠡᠢᠯᠡᠬᠦ ᠬᠦᠳᠡᠯᠦᠡᠭᠭᠦᠢ ᠬᠢᠨᠠᠨ ᠰᠢᠯᠭᠠᠯᠳᠠ ᠨᠢ ᠬᠦᠰᠦᠨᠦᠭᠲᠦ ᠲᠠᠭᠯᠠᠵᠤ᠂ ᠡᠬᠡ ᠳᠠᠡᠭᠰᠠ ᠪᠠᠢᠭᠤᠯᠬᠤ ᠶᠠᠪᠤᠳᠠᠯ ᠲᠡᠳᠦᠢ ᠪᠢᠰᠢ᠂ ᠬᠠᠷᠢᠨ ᠨᠤᠲᠤᠭ ᠤ᠋ᠨ ᠠᠷᠠᠳ ᠤ᠋ᠨ ᠪᠤᠳᠠᠲᠠᠢ ᠬᠦᠴᠢᠷᠳᠡᠯ ᠢ᠋ ᠦᠨᠡᠨ ᠰᠠᠨᠠᠭᠠᠨ ᠳ᠋ᠠᠭᠠᠨ ᠠᠪᠬᠤ ᠳ᠋ᠤ ᠪᠤᠢ》 ᠭᠡᠵᠦ ᠯᠢ ᠵᠢᠶᠠᠨ ᠹᠸᠩ ᠬᠡᠯᠡᠨ᠎ᠠ᠃

ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠳᠠᠬᠢᠨ ᠶᠠᠳᠠᠭᠤᠷᠠᠬᠤ ᠶ᠋ᠢ ᠰᠡᠷᠭᠡᠢᠯᠡᠬᠦ᠌ ᠶ᠋ᠢ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠬᠣᠷᠢᠭ᠎ᠠ ᠱᠤᠭᠤᠮ ᠤ᠋ᠨ ᠡᠭᠦᠷᠭᠡ ᠪᠣᠯᠭᠠᠨ ᠠᠳᠬᠤᠵᠤ᠂ 2025 ᠣᠨ ᠳ᠋ᠤ 4.7 ᠳ᠋ᠦᠩᠱᠢᠭᠤᠷ ᠲᠥᠭᠥᠷᠢᠭ ᠤ᠋ᠨ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠤᠭᠰᠠᠨ ᠦᠷ᠎ᠠ ᠪᠦᠲᠦᠭᠡᠯ ᠢ᠋ ᠪᠡᠬᠢᠵᠢᠭᠦᠯᠦᠨ ᠦᠷᠭᠡᠳᠭᠡᠬᠦ ᠶ᠋ᠢ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠲᠠᠢ ᠵᠤᠯᠭᠠᠯᠴᠠᠭᠤᠯᠬᠤ ᠪᠠᠯᠠ ᠮᠥᠩᠭᠥ᠌ ᠪᠣᠯᠤᠨ ᠪᠡᠭᠡᠵᠢᠩ ᠥᠪᠥᠷ ᠮᠣᠩᠭᠣᠯ ᠤ᠋ᠨ ᠬᠠᠮᠵᠢᠯᠴᠠᠭᠠᠨ ᠤ᠋ ᠪᠠᠯᠠ ᠮᠥᠩᠭᠥ ᠶ᠋ᠢ ᠨᠢᠭᠡᠳᠦᠯᠲᠡᠶ ᠲᠥᠯᠥᠪᠵᠢᠭᠦᠯᠤᠨ ᠳᠤᠬᠢᠷᠠᠭᠤᠯᠵᠤ᠂ ᠠᠷᠠᠳ ᠤ᠋ᠨ ᠠᠮᠢᠳᠤᠷᠠᠯ ᠤ᠋ᠨ ᠪᠠᠲᠤᠯᠠᠭ᠎ᠠ ᠶ᠋ᠢᠨ 218 ᠲᠥᠷᠥᠯ ᠵᠦᠶ᠋ᠯ ᠢ᠋ ᠬᠡᠷᠡᠭ᠌ᠵᠢᠭᠦᠯᠤᠨ᠂ ᠬᠡᠪᠴᠢᠶᠡᠵᠢᠯ ᠤ᠋ᠨ ᠴᠢᠨᠠᠷᠲᠠᠢ ᠳᠠᠬᠢᠨ ᠶᠠᠳᠠᠭᠤᠷᠠᠬᠤ ᠵᠢ ᠰᠡᠷᠭᠡᠢᠯᠡᠬᠦ ᠬᠤᠷᠢᠭ᠎ᠠ ᠱᠤᠭᠤᠮ ᠢ᠋ ᠪᠠᠲᠤ ᠰᠠᠬᠢᠭᠰᠠᠨ ᠪᠠᠢᠨ᠎ᠠ᠃

ᠵᠠᠰᠠᠯᠳᠠ ᠪᠡᠨ ᠰᠢᠯᠢᠳᠡᠭᠵᠢᠭᠦᠯᠦᠭᠰᠡᠨ ᠬᠤᠰᠢᠭᠤ᠄ 《ᠨᠢᠭᠡ ᠦᠷᠳᠡᠭᠡᠴᠢᠯᠡᠭᠰᠡᠨ》 ᠦᠨᠳᠦᠷ ᠪᠦᠲᠦᠮᠵᠢᠳᠠᠢ ᠦᠢᠯᠡᠴᠢᠯᠡᠭᠡ ᠶ᠋ᠢ ᠳᠡᠯᠭᠡᠷᠡᠭᠦᠯᠪᠡ

《ᠦᠡᠭᠭᠡᠷᠡᠭᠰᠡᠨ ᠳ᠋ᠦ ᠡᠯ᠎ᠠ ᠵᠦᠢᠯ ᠤ᠋ᠨ ᠵᠦᠪᠰᠢᠶᠡᠷᠡᠯ ᠤ᠋ᠨ ᠦᠨᠡᠮᠯᠡᠯ ᠤᠯᠬᠤ ᠭᠡᠳ ᠬᠡᠳᠦᠨ ᠰᠠᠯᠠᠭ᠎ᠠ ᠮᠦᠴᠢᠷ ᠳᠠᠮᠵᠢᠵᠤ ᠤᠯᠠᠨ ᠤᠳᠠᠭ᠎ᠠ ᠭᠦᠶᠦᠬᠦ ᠴᠢᠬᠤᠯᠠ ᠲᠠᠢ ᠪᠠᠢᠵᠠᠢ᠃ ᠤᠳᠤ ᠬᠠᠷᠢᠨ ᠨᠢᠭᠡᠯᠬᠡᠨ ᠤᠳᠠᠭ᠎ᠠ ᠳ᠋ᠦ ᠪᠦᠬᠦ ᠶᠠᠪᠤᠳᠠᠯ ᠶ᠋ᠢᠡᠨ ᠭᠦᠢᠴᠡᠳᠭᠡᠵᠦ ᠳᠡᠢᠯᠬᠦ ᠪᠤᠯᠵᠠᠢ》 ᠭᠡᠵᠦ 《 ᠨᠢᠭᠡ ᠦᠷᠲᠡᠭᠡᠴᠢᠯᠡᠭᠰᠡᠨ》 ᠬᠡᠯᠪᠡᠷᠢ ᠶ᠋ᠢᠨ ᠦᠢᠯᠡᠴᠢᠯᠡᠭᠡᠨ ᠤ᠋ ᠲᠢᠩᠬᠢᠮ ᠳ᠋ᠤ ᠴᠠᠭᠠᠨ ᠢᠳᠡᠭᠡᠨ ᠤ᠋ ᠳᠡᠯᠭᠡᠭᠦᠷ ᠨᠡᠬᠡᠭᠡᠬᠦ ᠬᠠᠮᠢᠶ᠎ᠠ ᠪᠦᠬᠦᠢ ᠭᠠᠷᠳᠠᠮ ᠶ᠋ᠢᠡᠨ ᠤᠷᠤᠭᠰᠢᠳᠠᠢ ᠭᠦᠢᠴᠡᠳᠭᠡᠭᠰᠡᠨ ᠬᠤᠷᠴᠢᠨ ᠪᠠᠷᠠᠭᠤᠨ ᠭᠠᠷᠤᠨ ᠡᠮᠦᠨᠡᠲᠦ ᠬᠤᠰᠢᠭᠤᠨ ᠤ᠋ ᠲᠤᠬᠤᠮ ᠰᠤᠮᠤ ᠶ᠋ᠢᠨ ᠮᠠᠯᠴᠢᠨ ᠴᠤᠯᠮᠤᠨ ᠶᠡᠬᠡᠯ᠎ᠠ ᠪᠠᠶᠠᠷᠳᠠᠢ ᠶᠠᠷᠢᠨ᠎ᠠ᠃

ᠤᠢᠷ᠎ᠠ ᠶ᠋ᠢᠨ ᠵᠢᠯ ᠳ᠋ᠤ᠂ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠠᠵᠤ ᠠᠬᠤᠢᠯᠠᠯ ᠪᠠ ᠤᠯᠠᠨ ᠲᠦᠮᠡᠨ ᠤ᠋ 《ᠬᠠᠮᠤᠭ ᠤ᠋ᠨ ᠪᠤᠬᠢᠨᠢᠳᠤᠳᠠᠭ》 ᠠᠰᠠᠭᠤᠳᠠᠯ ᠢ᠋ ᠰᠢᠢᠳᠪᠤᠷᠢᠯᠡᠬᠦ ᠡᠴᠡ ᠭᠠᠷᠳᠠᠵᠤ᠂ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡ ᠪᠡᠨ ᠰᠢᠯᠢᠳᠡᠭᠵᠢᠭᠦᠯᠦᠨ᠂ 《ᠦᠨᠳᠦᠷ ᠪᠦᠲᠦᠮᠵᠢᠳᠠᠢ ᠪᠡᠷ ᠨᠢᠭᠡ ᠶᠠᠪᠤᠳᠠᠯ ᠢ᠋ ᠭᠦᠢᠴᠡᠳᠭᠡᠬᠦ》 ᠰᠢᠰᠲ᠋ᠧᠮ ᠢ᠋ ᠰᠢᠨ᠎ᠠ ᠶ᠋ᠢ ᠡᠭᠦᠳᠬᠦ ᠴᠢᠨᠠᠷᠳᠠᠢ ᠪᠡᠷ ᠪᠠᠢᠭᠤᠯᠤᠨ ᠬᠡᠷᠡᠭᠵᠢᠭᠦᠯᠵᠦ᠂ ᠠᠵᠤ ᠠᠬᠤᠢᠯᠠᠯ ᠤ᠋ᠨ ᠮᠡᠳᠡᠭᠡ ᠵᠠᠩᠬᠢ ᠪᠡᠨ ᠬᠤᠪᠢᠷᠠᠭᠤᠯᠬᠤ ᠪᠠ ᠳᠠᠩᠰᠠ ᠪᠡᠨ ᠤᠰᠠᠳᠬᠠᠬᠤ ᠵᠡᠷᠭᠡ ᠠᠵᠢᠯ ᠢ᠋ 《ᠨᠢᠭᠡ ᠯᠡ ᠤᠳᠠᠭ᠎ᠠ ᠳ᠋ᠤ ᠭᠦᠢᠴᠡᠳᠭᠡᠬᠦ》 ᠶ᠋ᠢ ᠪᠡᠶᠡᠯᠡᠭᠦᠯᠪᠡ᠃ ᠣᠳᠣᠬᠠᠨ ᠪᠣᠯᠲᠠᠯ᠎ᠠ᠂ ᠲᠣᠰ ᠱᠢᠰᠲ᠋ᠧᠮ ᠵᠢᠡᠷ ᠲᠠᠮᠵᠢᠨ ᠨᠡᠢᠳᠡ 15454 ᠬᠤᠪᠢ ᠭᠤᠶᠤᠴᠢᠯᠠᠯ ᠤ᠋ᠨ ᠪᠢᠴᠢᠭ ᠮᠠᠲ᠋ᠧᠷᠢᠶᠠᠯ᠎ᠢ ᠭᠥᠯᠢᠶᠡᠨ ᠠᠪᠴᠤ᠌ ᠱᠢᠶ᠋ᠳᠪᠦᠷᠢᠯᠡᠨ᠂ ᠥᠭᠡᠷᠡᠴᠢᠯᠡᠯᠲᠡ ᠬᠢᠬᠦ ᠡᠴᠡ ᠡᠮᠦᠨᠡᠬᠢ ᠲᠡᠶ ᠬᠠᠷᠢᠴᠠᠭᠤᠯᠪᠠᠯ ᠱᠠᠭᠠᠷᠳᠠᠬᠤ ᠮᠠᠲ᠋ᠧᠷᠢᠶᠠᠯ ᠢ᠋ 41% ᠪᠡᠷ ᠪᠠᠭᠠᠰᠬᠠᠵᠤ᠂ ᠬᠢᠨᠠᠨ ᠵᠥᠪᠱᠢᠶᠡᠷᠡᠬᠦ᠌ ᠶᠠᠪᠤᠴᠠ ᠵᠢ 61% ᠪᠡᠷ ᠴᠤᠮᠬᠠᠳᠬᠠᠨ᠂ ᠭᠦᠢᠴᠡᠳᠭᠡᠬᠦ ᠳ᠋ᠤ ᠬᠡᠷᠡᠭᠰᠡᠬᠦ ᠴᠠᠭ ᠢ᠋ 71% ᠪᠡᠷ ᠪᠤᠭᠤᠨᠢᠰᠬᠠᠵᠠᠢ᠃ ᠡᠨᠡ ᠨᠢ ᠵᠠᠰᠠᠭ ᠤ᠋ᠨ ᠶᠠᠪᠤᠳᠠᠯ ᠤ᠋ᠨ ᠦᠢᠯᠡᠴᠢᠯᠡᠭᠡᠨ ᠤ᠋ ᠦᠷ᠎ᠡ ᠪᠦᠲᠦᠮᠵᠢ ᠵᠢ ᠳᠡᠭᠡᠭᠰᠢᠯᠡᠭᠦᠯᠦᠭᠰᠡᠨ ᠶ᠋ᠢᠡᠷ ᠪᠠᠷᠠᠬᠤ ᠦᠭᠡᠢ᠂ ᠬᠤᠳᠠᠯᠳᠤᠭ᠎ᠠ ᠡᠷᠬᠢᠯᠡᠬᠦ ᠤᠷᠴᠢᠨ ᠨᠦᠬᠦᠴᠡᠯ ᠢ᠋ ᠴᠤ᠌ ᠰᠢᠯᠢᠳᠡᠭᠵᠢᠭᠦᠯᠵᠦ᠂ ᠬᠦᠳᠡᠭᠡ ᠲᠤᠰᠬᠤᠨ ᠢ᠋ ᠬᠦᠭᠵᠢᠭᠦᠯᠦᠨ ᠮᠠᠨᠳᠤᠭᠤᠯᠬᠤ ᠳ᠋ᠦ ᠯᠤᠳᠤ ᠶᠡᠬᠡ ᠳᠦᠷᠢᠮ ᠤ᠋ᠨ ᠬᠦᠴᠦᠨ ᠨᠡᠮᠡᠷᠢᠯᠡᠪᠡ᠃

《ᠪᠦᠬᠦ ᠤᠯᠤᠰ ᠤ᠋ᠨ ᠬᠥᠳᠡᠭᠡ ᠲᠣᠰᠭᠣᠨ ᠢ᠋ ᠬᠥᠭ᠌ᠵᠢᠭᠦᠯᠦᠨ ᠮᠠᠨᠳᠤᠭᠤᠯᠬᠤ ᠵᠢᠱ᠌ᠢᠶ᠎ᠠ ᠦᠵᠡᠭᠦᠯᠬᠦ ᠱᠢᠶᠠᠨ ᠪᠤᠯᠤᠭᠰᠠᠨ ᠨᠢ ᠪᠢᠳᠡᠨ ᠤ᠋ ᠡᠴᠤᠰ ᠤ᠋ᠨ ᠬᠠᠷᠠᠯᠳᠠ ᠪᠢᠰᠢ᠂ ᠬᠠᠷᠢᠨ ᠰᠢᠨ᠎ᠠ ᠭᠠᠷᠤᠭ᠎ᠠ ᠶᠤᠮ᠃ ᠪᠢᠳᠡ ᠦᠷᠭᠦᠯᠵᠢᠯᠡᠨ ᠬᠦᠴᠦᠯᠡᠨ ᠴᠢᠷᠮᠠᠢᠵᠤ᠂ ᠪᠦᠬᠦ ᠤᠯᠤᠰ ᠵᠢᠴᠢ ᠪᠦᠬᠦ ᠤᠷᠤᠨ ᠤ᠋ ᠡᠯ᠎ᠠ ᠭᠠᠵᠠᠷ ᠤ᠋ᠨ ᠬᠢᠨ ᠳ᠋ᠤ ᠬᠠᠭᠤᠯᠪᠤᠷᠢᠯᠠᠨ ᠳᠡᠯᠭᠡᠷᠡᠭᠦᠯᠵᠦ ᠪᠤᠯᠬᠤ ᠲᠤᠷᠰᠢᠯᠭ᠎ᠠ ᠬᠠᠩᠭᠠᠨ᠎ᠠ》 ᠭᠡᠵᠦ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠨᠠᠮ ᠤ᠋ᠨ ᠬᠤᠷᠢᠶ᠎ᠠ ᠶ᠋ᠢᠨ ᠱᠦᠵᠢ ᠯᠢᠦ ᠬᠠᠢ ᠲᠤᠤ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号