ᠥᠪᠥᠷ ᠮᠣᠩᠭᠣᠯ 2026 ᠣᠨ᠎ᠤ 2 ᠰᠠᠷ᠎ᠠ᠎ᠶᠢᠨ
6᠎ᠤ ᠡᠳᠦᠷ ᠰᠦᠯᠵᠢᠶᠡᠨ ᠳᠡᠭᠡᠷᠡᠬᠢ ᠤᠯᠤᠰ᠎ᠤᠨ
ᠨᠦᠬᠦᠪᠦᠷ ᠵᠢ ᠵᠢᠩᠬᠢᠨᠢ᠎ᠪᠡᠷ ᠡᠬᠢᠯᠡᠭᠦᠯᠪᠡ᠃ GPS᠎ᠤᠨ ᠪᠠᠢᠷᠢ ᠲᠣᠭᠲᠠᠭᠠᠯᠲᠠ ᠨᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ
ᠣᠷᠣᠨ ᠳ᠋ᠤ ᠪᠠᠢᠭ᠎ᠠ ᠬᠡᠷᠡᠭᠯᠡᠭᠴᠢᠳ᠂ ᠶᠦᠨ ᠱᠠᠨ ᠹᠦ
APP ᠪᠤᠶᠤ ᠵᠢᠩ ᠳ᠋ᠦᠩ᠂ ᠴᠣᠣᠷᠢᠶ᠎ᠡ᠂ ᠫᠢᠨ ᠳ᠋ᠦᠸᠸ ᠳ᠋ᠦᠸᠸ᠂ ᠰᠢᠶᠣᠣ ᠮᠢ ᠬᠤᠳᠠᠯᠳᠤᠭᠠᠨ᠎ᠤ
ᠳᠡᠯᠭᠡᠭᠦᠷ᠂ vivo ᠬᠤᠳᠠᠯᠳᠤᠭᠠᠨ᠎ᠤ ᠳᠡᠯᠭᠡᠭᠦᠷ ᠵᠡᠷᠭᠡ 6 ᠰᠦᠯᠵᠢᠶᠡᠨ ᠳᠡᠭᠡᠷᠡᠬᠢ ᠲᠠᠪᠴᠠᠩ᠎ᠳᠤ
ᠭᠠᠷᠴᠤ ᠲᠡᠮᠳᠡᠭᠲᠦ᠎ᠪᠡᠨ ᠠᠪᠴᠤ ᠬᠢᠨᠠᠨ ᠬᠠᠷᠭᠤᠭᠤᠯᠵᠤ ᠪᠣᠯᠣᠨ᠎ᠠ᠃ ᠬᠥᠮᠥᠨ ᠪᠦᠷᠢ ᠦᠢᠯᠡᠳᠬᠦᠨ ᠪᠤᠯᠭᠠᠨ
ᠡᠴᠡ ᠨᠢᠭᠡ ᠵᠠᠬ᠎ᠠ᠂ ᠲᠠᠩ ᠲᠥᠷᠥᠯ᠎ᠦᠨ ᠠᠵᠢᠯᠯᠠᠭ᠎ᠠ᠎ᠶᠢᠨ ᠬᠤᠭᠤᠴᠠᠭᠠᠨ᠎ᠳᠤ ᠭᠠᠭᠴᠠ ᠬᠡᠷᠡᠭᠯᠡᠭᠴᠢ ᠨᠢᠭᠡ ᠯᠡ
ᠤᠳᠠᠭᠠᠨ᠎ᠤ ᠨᠥᠬᠥᠪᠦᠷᠢ ᠭᠥᠷᠳᠡᠵᠦ ᠪᠣᠯᠣᠨ᠎ᠠ᠂ ᠨᠥᠬᠥᠪᠦᠷᠢ ᠥᠭᠬᠦ ᠲᠥᠷᠥᠯ ᠵᠦᠢᠯ ᠬᠢᠭᠡᠳ ᠨᠥᠬᠥᠪᠦᠷᠢ ᠥᠭᠬᠦ
ᠪᠠᠷᠢᠮᠵᠢᠶ᠎ᠠ ᠨᠢ ᠪᠤᠲᠠᠲᠤ ᠴᠤᠬᠴᠠ ᠵᠢᠨ ᠳᠡᠯᠭᠡᠭᠦᠷ᠎ᠤᠨ ᠬᠢ ᠲᠠᠢ ᠠᠳᠠᠯᠢᠬᠠᠨ᠃ ᠰᠦᠯᠵᠢᠶᠡᠨ ᠳᠡᠭᠡᠷᠡᠬᠢ ᠤᠯᠤᠰ᠎ᠤᠨ
ᠨᠦᠬᠦᠪᠦᠷᠢ ᠵᠢᠨ ᠪᠡᠯᠡ ᠮᠥᠩᠭᠥ᠎ᠳᠦ ᠶᠡᠷᠦᠩᠬᠡᠢ ᠬᠡᠮᠵᠢᠶ᠎ᠡ᠎ᠶᠢ ᠬᠢᠵᠠᠭᠠᠷᠯᠠᠬᠤ᠂ ᠲᠣᠭ᠎ᠠ ᠬᠡᠮᠵᠢᠶ᠎ᠡ᠎ᠶᠢ ᠬᠢᠵᠠᠭᠠᠷᠯᠠᠬᠤ
ᠬᠠᠮᠢᠶᠠᠷᠤᠯᠲᠠ᠎ᠶᠢ ᠬᠡᠷᠡᠭᠵᠢᠭᠦᠯᠵᠦ᠂ ᠤᠷᠢᠳ ᠵᠢᠨᠷ ᠢᠷᠡᠪᠡᠯ ᠤᠷᠢᠳ ᠵᠢᠨᠷ ᠣᠯᠵᠤ᠂ ᠪᠥᠬᠥ ᠵᠢᠯ᠎ᠦᠨ ᠲᠣᠭᠲᠠᠭᠤᠨ
ᠪᠥᠭᠡᠳ ᠡᠮᠬᠢ ᠵᠢᠷᠤᠮ᠎ᠲᠠᠢ ᠶᠠᠪᠤᠭᠳᠠᠬᠤ᠎ᠶᠢ ᠪᠠᠲᠤᠯᠠᠨ᠎ᠠ᠃
01 ᠠᠪᠴᠤ ᠬᠡᠷᠡᠭᠯᠡᠬᠦ ᠴᠠᠭ
ᠰᠦᠯᠵᠢᠶᠡᠨ ᠳᠡᠭᠡᠷᠡᠬᠢ ᠨᠥᠬᠥᠪᠦᠷᠢ
ᠵᠢᠨ ᠲᠡᠮᠳᠡᠭᠲᠦ᠎ᠶᠢ ᠲᠣᠰ ᠡᠳᠦᠷ᠎ᠡᠴᠡ ᠡᠬᠢᠯᠡᠨ 2026 ᠣᠨ᠎ᠤ 12 ᠰᠠᠷ᠎ᠠ᠎ᠶᠢᠨ 31᠎ᠦ ᠡᠳᠦᠷ ᠪᠣᠯᠲᠠᠯ᠎ᠠ᠂ ᠡᠳᠦᠷ
ᠪᠦᠷᠢ᠎ᠶᠢᠨ 8᠄ 30 — 23᠄ 59 ᠵᠢᠨ ᠬᠤᠭᠤᠷᠤᠨᠳᠤ ᠠᠪᠴᠤ ᠪᠣᠯᠣᠨ᠎ᠠ᠃ ᠰᠦᠯᠵᠢᠶᠡᠨ ᠳᠡᠭᠡᠷᠡᠬᠢ ᠨᠥᠬᠥᠪᠦᠷᠢ ᠵᠢᠨ
ᠲᠡᠮᠳᠡᠭᠲᠦ᠎ᠶᠢ ᠬᠡᠷᠡᠭᠯᠡᠬᠦ ᠴᠠᠭ ᠨᠢ ᠨᠥᠬᠥᠪᠦᠷᠢ ᠵᠢᠨ ᠲᠡᠮᠳᠡᠭᠲᠦ᠎ᠶᠢ ᠠᠪᠤᠬᠰᠠᠨ ᠲᠤᠬᠠᠢ᠎ᠶᠢᠨ ᠡᠳᠦᠷ᠎ᠦᠨ
8᠄ 30 — 23᠄ 59 ᠪᠣᠯᠣᠨ᠎ᠠ᠂ ᠬᠤᠭᠤᠴᠠᠭ᠎ᠠ ᠬᠡᠲᠦᠷᠡᠪᠡᠯ ᠬᠦᠴᠦᠨ ᠦᠭᠡᠢ ᠪᠣᠯᠣᠨ᠎ᠠ᠂ ᠨᠥᠬᠥᠵᠦ ᠣᠯᠭᠣᠬᠤ ᠦᠭᠡᠢ᠃
02 ᠨᠥᠬᠥᠪᠦᠷᠢ᠎ᠶᠢᠨ ᠪᠠᠷᠢᠮᠵᠢᠶ᠎ᠠ
( ᠨᠢᠭᠡ ) 6 ᠲᠥᠷᠥᠯ᠎ᠦᠨ ᠭᠡᠷ᠎ᠦᠨ ᠴᠠᠬᠢᠯᠭᠠᠨ
ᠬᠡᠷᠡᠭᠰᠡᠯ᠎ᠦᠨ ᠦᠢᠯᠡᠳᠬᠦᠨ
ᠬᠥᠷᠥᠭᠡᠭᠦᠷ (ᠬᠥᠯᠳᠡᠭᠡᠭᠦᠷ)᠂ ᠬᠤᠪᠴᠠᠰᠤ
ᠤᠬᠢᠶᠠᠬᠤ ᠮᠠᠰᠢᠨ (ᠬᠠᠳᠠᠭᠠᠬᠤ ᠮᠠᠰᠢᠨ)᠂ ᠲᠧᠯᠸᠢᠰ (ᠲᠤᠰᠬᠠᠭᠤᠷ)᠂ ᠠᠭᠠᠷ ᠲᠣᠬᠢᠷᠠᠭᠤᠯᠤᠭ᠍ᠴᠢ (ᠠᠭᠠᠷ
ᠡᠭᠦᠰᠬᠡᠭᠴᠢ᠎ᠶᠢᠨ ᠢᠯᠴᠢ᠎ᠶᠢᠨ ᠬᠥᠭᠡᠷᠭᠡ)᠂ ᠺᠣᠮᠫᠢᠦ᠋ᠲᠧᠷ᠂ ᠤᠰᠤ ᠬᠠᠯᠠᠭᠠᠭᠤᠷ (ᠬᠠᠨᠠᠨ ᠡᠯᠭᠦᠭᠦᠷ ᠵᠤᠤᠬ᠎ᠠ) ᠵᠡᠷᠭᠡ ᠵᠢᠷᠭᠤᠭᠠᠨ ᠲᠥᠷᠥᠯ᠎ᠦᠨ ᠭᠡᠷ᠎ᠦᠨ ᠴᠠᠬᠢᠯᠭᠠᠨ ᠬᠡᠷᠡᠭᠰᠡᠯ᠎ᠦᠨ ᠳᠣᠲᠣᠷᠠᠬᠢ 1 ᠳ᠋ᠤᠭᠡᠷ ᠳᠡᠰ᠎ᠤᠨ ᠡᠨᠧᠷᠭᠢ᠎ᠶᠢᠨ
ᠠᠰᠢᠭ᠍ᠯᠠᠮᠵᠢ ᠪᠤᠶᠤ ᠤᠰᠤᠨ᠎ᠤ ᠠᠰᠢᠭ᠍ᠯᠠᠮᠵᠢ᠎ᠶᠢᠨ ᠪᠠᠷᠢᠮᠵᠢᠶ᠎ᠠ ᠵᠢᠨᠦᠢᠯᠡᠳᠬᠦᠨᠦ ᠪᠣᠷᠣᠯᠠᠭᠤᠯᠬᠤ ᠦᠨ᠎ᠡ᠎ᠶᠢᠨ
15%᠎ᠶᠢ ᠨᠥᠬᠥᠪᠦᠷᠢᠯᠡᠵᠦ᠂ ᠬᠡᠷᠡᠭᠯᠡᠭᠴᠢ ᠨᠢᠭᠡᠪᠦᠷᠢ᠎ᠶᠢᠨ ᠲᠥᠷᠥᠯ ᠪᠦᠷᠢ᠎ᠶᠢᠨ ᠦᠢᠯᠡᠳᠬᠦᠨ᠎ᠤ ᠨᠢᠭᠡ ᠵᠠᠬ᠎ᠠ
ᠳ᠋ᠤ ᠨᠥᠬᠥᠪᠦᠷᠢ ᠥᠭᠴᠦ᠂ ᠨᠢᠭᠡ ᠤᠳᠠᠭ᠎ᠠ ᠵᠢᠨ ᠨᠥᠬᠥᠪᠦᠷᠢ ᠨᠢ 1500 ᠲᠥᠭᠥᠷᠢᠭ᠎ᠡᠴᠡ ᠬᠡᠲᠦᠷᠡᠵᠦ ᠪᠣᠯᠬᠤ ᠦᠭᠡᠢ᠃
(ᠬᠣᠶᠠᠷ) 4 ᠲᠥᠷᠥᠯ᠎ᠦᠨ ᠲᠣᠭᠠᠴᠢᠯᠠᠬᠰᠠᠨ
ᠪᠠ ᠣᠶᠤᠨᠲᠤ ᠦᠢᠯᠡᠳᠬᠦᠨ
ᠭᠠᠷ ᠤᠲᠠᠰᠤ᠂ ᠬᠠᠪᠲᠠᠭᠠᠢ ᠺᠣᠮᠫᠢᠦ᠋ᠲᠧᠷ᠂
ᠣᠶᠤᠨᠲᠤ ᠭᠠᠷ ᠴᠠᠭ (ᠣᠶᠤᠨᠲᠤ ᠪᠠᠭᠤᠤ) ᠂ ᠣᠶᠤᠨᠲᠤ ᠨᠢᠳᠦᠨ ᠰᠢᠯ ᠵᠡᠷᠭᠡ ᠳᠥᠷᠪᠡᠨ ᠲᠥᠷᠥᠯ᠎ᠦᠨ ᠦᠢᠯᠡᠳᠬᠦᠨ (ᠲᠠᠩ ᠲᠦᠷᠦᠯ᠎ᠦᠨ ᠦᠢᠯᠡᠳᠬᠦᠨ᠎ᠤ ᠪᠣᠷᠣᠯᠠᠭᠤᠯᠬᠤ ᠦᠨ᠎ᠡ ᠨᠢ 6000 ᠲᠥᠭᠥᠷᠢᠭ᠎ᠡᠴᠡ ᠬᠡᠲᠦᠷᠡᠬᠦ ᠦᠭᠡᠢ)᠎ᠳᠤ᠂
ᠦᠢᠯᠡᠳᠬᠦᠨ᠎ᠦ ᠪᠣᠷᠣᠯᠠᠭᠤᠯᠬᠤ ᠦᠨ᠎ᠡ᠎ᠶᠢᠨ 15%᠎ᠶᠢ ᠨᠥᠬᠥᠪᠦᠷᠢᠯᠡᠵᠦ᠂ ᠬᠡᠷᠡᠭᠯᠡᠭᠴᠢ ᠨᠢᠭᠡᠪᠦᠷᠢ᠎ᠶᠢᠨ ᠲᠥᠷᠥᠯ
ᠪᠦᠷᠢ᠎ᠶᠢᠨ ᠦᠢᠯᠡᠳᠬᠦᠨ᠎ᠤ ᠨᠢᠭᠡ ᠵᠠᠬ᠎ᠠ ᠳ᠋ᠤ ᠨᠥᠬᠥᠪᠦᠷᠢ ᠥᠭᠴᠦ᠂ ᠨᠢᠭᠡ ᠤᠳᠠᠭ᠎ᠠ ᠵᠢᠨ ᠨᠥᠬᠥᠪᠦᠷᠢ ᠨᠢ
500 ᠲᠥᠭᠥᠷᠢᠭ᠎ᠡᠴᠡ ᠬᠡᠲᠦᠷᠡᠵᠦ ᠪᠣᠯᠬᠤ ᠦᠭᠡᠢ᠃
03 ᠠᠵᠢᠯᠯᠠᠭ᠎ᠠ ᠦᠷᠨᠢᠭᠦᠯᠬᠦ ᠲᠠᠪᠴᠠᠩ
ᠲᠦᠷᠦᠭᠦᠦ ᠪᠦᠯᠦᠭ ᠲᠤ᠌ ᠵᠢᠩ ᠳ᠋ᠦᠩ᠂
ᠴᠣᠣᠷᠢᠶ᠎ᠡ᠂ ᠫᠢᠨ ᠳ᠋ᠦᠸᠸ ᠳ᠋ᠦᠸᠸ᠂ ᠰᠢᠶᠣᠣ ᠮᠢ ᠬᠤᠳᠠᠯᠳᠤᠭᠠᠨ᠎ᠤ ᠳᠡᠯᠭᠡᠭᠦᠷ᠂ vivo ᠬᠤᠳᠠᠯᠳᠤᠭᠠᠨ᠎ᠤ ᠳᠡᠯᠭᠡᠭᠦᠷ ᠲᠤ᠌
ᠶᠠᠪᠤᠬᠳᠠᠭᠤᠯᠤᠨ᠎ᠠ᠃
ᠢᠷᠡᠯᠲᠡ᠄ ᠬᠥᠬᠡᠬᠣᠲᠠ᠎ᠶᠢᠨ
ᠬᠤᠳᠠᠯᠳᠤᠭᠠᠨ᠎ᠤ ᠶᠠᠪᠤᠳᠠᠯ ᠵᠢᠷᠬᠢᠶ᠎ᠡ ᠵᠢᠨ ᠲᠠᠪᠴᠠᠩ