ᠠᠯᠠᠱᠠ ᠶ᠋ᠢᠨ ᠲᠡᠮᠡᠭᠡᠨ ᠤ᠋ ᠬᠤᠯᠪᠤᠭᠠᠳᠤ ᠤᠷᠤᠯᠳᠤᠭᠠᠨ ᠠᠮᠵᠢᠯᠳᠠ ᠲᠠᠢ ᠦᠨᠳᠦᠷᠯᠡᠯ᠎ᠡ
2026-03-10 10:30:42
ᠵᠣᠬᠢᠶᠠᠭ᠍ᠴᠢ᠄
​ ᠰᠡᠴᠡᠨᠪᠠᠳᠤ ᠰᠡᠴᠡᠨ
ᠣᠩᠱᠢᠭ᠍ᠰᠠᠨ ᠣᠳᠠᠭ᠎ᠠ᠄
★★★☆☆

3 ᠰᠠᠷ᠎ᠠ ᠶ᠋ᠢᠨ 8 ᠤ᠋ ᠡᠳᠦᠷ᠂ ᠠᠯᠠᠱᠠ ᠶ᠋ᠢᠨ ᠲᠡᠮᠡᠭᠡᠨ ᠤ᠋ ᠬᠤᠯᠪᠤᠭᠠᠳᠤ ᠤᠷᠤᠯᠳᠤᠭᠠᠨ᠎ᠤ ᠰᠢᠢᠳᠪᠦᠷᠢᠳᠤ ᠤᠷᠤᠯᠳᠤᠭᠠᠨ ᠠᠯᠠᠱᠠ ᠵᠡᠭᠦᠨ ᠬᠤᠰᠢᠭᠤᠨ ᠤ᠋ ᠪᠠᠶᠠᠨᠬᠤᠳᠠ ᠶ᠋ᠢᠨ ᠦᠷᠡᠰ ᠨᠠᠭᠠᠳᠤᠮ ᠤ᠋ᠨ ᠲᠠᠯᠠᠪᠠᠢ ᠳ᠋ᠤ᠌ ᠠᠮᠵᠢᠯᠳᠠ ᠲᠠᠢ ᠦᠨᠳᠦᠷᠯᠡᠪᠡ᠃


IMG_2108.JPG


2025 ᠣᠨ᠎ᠤ 12 ᠰᠠᠷ᠎ᠠ ᠶ᠋ᠢᠨ 27 ᠤ᠋ ᠡᠳᠦᠷ᠂ ᠠᠯᠠᠱᠠ ᠶ᠋ᠢᠨ ᠲᠡᠮᠡᠭᠡᠨ ᠤ᠋ ᠬᠤᠯᠪᠤᠭᠠᠳᠤ ᠤᠷᠤᠯᠳᠤᠭᠠᠨ ᠤ᠋ ᠨᠢᠭᠡᠳᠦᠭᠡᠷ ᠲᠠᠯᠠᠪᠠᠢ ᠤᠷᠤᠯᠳᠤᠭᠠᠨ ᠠᠯᠠᠱᠠ ᠵᠡᠭᠦᠨ ᠬᠤᠰᠢᠭᠤᠨ ᠤ᠋ ᠪᠠᠶᠠᠨᠬᠤᠳᠠ ᠪᠠᠯᠭᠠᠰᠤᠨ ᠳ᠋ᠤ᠌ ᠡᠬᠢᠯᠡᠵᠤ᠂ ᠵᠠᠯᠭᠠᠭᠠᠳ ᠠᠯᠠᠱᠠ ᠪᠠᠷᠠᠭᠤᠨ ᠬᠤᠰᠢᠭᠤᠨ ᠤ᠋ ᠪᠠᠳᠠᠢ ᠶ᠋ᠢᠨ ᠵᠢᠷᠠᠨ ᠪᠠᠯᠭᠠᠰᠤ᠂ ᠡᠵᠡᠨ᠎ᠡ ᠬᠤᠰᠢᠭᠤᠨ ᠤ᠋ ᠲᠠᠯᠠᠢᠭᠦᠢ᠍ᠪ ᠪᠠᠯᠭᠠᠰᠤᠨ ᠳ᠋ᠤ᠌ ᠲᠤᠰᠪᠤᠷᠢ ᠲᠦᠷᠪᠡᠨ ᠲᠠᠯᠠᠪᠠᠢ ᠬᠤᠪᠢᠶᠠᠷᠢ ᠤᠷᠤᠯᠳᠤᠭᠠᠨ ᠢ᠋ ᠡᠷᠬᠢᠯᠡᠵᠤ᠂ 3000 ᠮᠧᠲᠷ᠎ᠦᠨ  ᠲᠤᠷᠤᠮ᠎ᠤᠨ ᠤᠷᠤᠯᠳᠤᠭᠠᠨ ᠂ 5000 ᠮᠧᠲᠷ᠂ 6000 ᠮᠧᠲᠷ᠂ 8000 ᠮᠧᠲᠷ ᠤ᠋ᠨ ᠬᠤᠷᠳᠤᠨ ᠲᠡᠮᠡᠭᠡᠨ ᠤ᠋ ᠲᠤᠭᠤᠷᠢᠭ᠋ ᠤ᠋ᠨ ᠤᠷᠤᠯᠳᠤᠭᠠᠨ᠂ 15000 ᠮᠧᠲᠷ ᠤ᠋ᠨ ᠬᠤᠷᠳᠤᠨ ᠲᠡᠮᠡᠭᠡᠨ᠎ᠦ ᠬᠡᠬᠡᠷᠡᠯᠡᠨ ᠬᠦᠶᠦᠬᠦ ᠤᠷᠤᠯᠳᠤᠭᠠᠨ᠂ 4×2000 ᠮᠸᠲᠷ ᠤ᠋ᠨ ᠲᠡᠮᠡᠭᠡᠨ ᠤ᠋ ᠬᠦᠴᠦ ᠵᠠᠯᠭᠠᠬᠤ ᠤᠷᠤᠯᠳᠤᠭᠠᠨ ᠠ᠋ᠴᠠ ᠭᠠᠳᠠᠨ᠎ᠠ ᠲᠡᠮᠡᠭᠡᠨ ᠪᠦᠮᠪᠦᠭᠡ᠂  ᠲᠡᠮᠡᠭᠡᠨ ᠨᠠᠮᠨᠠᠭ᠎ᠠ ᠂ ᠢᠩᠭᠡ ᠰᠠᠭᠠᠬᠤ᠂ ᠪᠤᠢᠯᠠ ᠵᠤᠷᠭᠤᠬᠤ᠂ ᠪᠤᠷᠠᠨᠲᠠᠭ ᠲᠡᠮᠤᠬᠤ᠂ ᠪᠤᠤᠷ᠎ᠠ ᠶ᠋ᠢᠨ ᠠᠳᠠᠯᠢᠳᠬᠠᠯ᠂ ᠢᠩᠭᠡᠨ ᠤ᠋ ᠠᠳᠠᠯᠢᠳᠬᠠᠯ᠂ ᠠᠳᠠᠨ ᠲᠡᠮᠡᠭᠡᠨ ᠤ᠋ ᠠᠳᠠᠯᠢᠳᠬᠠᠯ᠂ ᠪᠤᠳᠤᠭᠤ ᠶ᠋ᠢᠨ ᠠᠳᠠᠯᠢᠳᠬᠠᠯ ᠵᠢᠴᠢ ᠠᠯᠠᠱᠠ ᠨᠤᠳᠤᠭ ᠤ᠋ᠨ ᠲᠡᠮᠡᠭᠡᠨ ᠤ᠋ ᠠᠵᠤ ᠦᠢᠯᠡᠰ ᠤ᠋ᠨ ᠪᠦᠳᠦᠭᠡᠭᠳᠡᠭᠦᠨ᠂ ᠠᠯᠠᠱᠠ ᠶ᠋ᠢᠨ ᠰᠤᠶᠤᠯ ᠵᠢᠭᠤᠯᠴᠢᠯᠠᠯ ᠤ᠋ᠨ ᠪᠦᠳᠦᠭᠡᠭᠳᠡᠭᠦᠨ᠂ ᠠᠯᠠᠱᠠ ᠶ᠋ᠢᠨ ᠠᠮᠳᠠᠳᠤ ᠢᠳᠡᠭᠡᠨ ᠤ᠋ ᠲᠡᠯᠭᠡᠨ ᠪᠤᠷᠤᠯᠠᠭᠤᠯᠭ᠎ᠠ ᠵᠡᠷᠭᠡ ᠡᠯᠪᠡᠭ ᠪᠠᠶᠠᠯᠢᠭ᠋ ᠠᠭᠤᠯᠭ᠎ᠠ ᠪᠡᠷ ᠶᠠᠪᠤᠬ᠍ᠳᠠᠬ᠍ᠰᠠᠨ ᠪᠠᠢᠨ᠎ᠠ᠃


IMG_2109.JPG


ᠠᠯᠠᠱᠠ ᠶ᠋ᠢᠨ ᠲᠡᠮᠡᠭᠡᠨ ᠤ᠋ ᠬᠣᠯᠪᠤᠭᠠᠲᠤ ᠣᠷᠣᠯᠳᠤᠭᠠᠨ ᠤ᠋ ᠰᠢᠢᠳᠪᠤᠷᠢᠲᠤ ᠣᠷᠣᠯᠳᠣᠭᠠᠨ᠎ᠳᠦ ᠲᠦᠷᠪᠡᠨ ᠬᠤᠪᠢᠶᠠᠷᠢ ᠲᠠᠯᠠᠪᠠᠢ ᠶ᠋ᠢᠨ ᠣᠷᠣᠯᠳᠤᠭᠠᠨ ᠢ᠋ᠶ᠋ᠠᠷ ᠰᠢᠯᠭᠠᠷᠠᠬ᠍ᠰᠠᠨ ᠲᠡᠮᠡᠭᠡ᠂ ᠤᠶᠠᠭᠠᠴᠢᠳ ᠪᠠ ᠬᠠᠷᠪᠤᠭᠠᠴᠢᠳ ᠣᠷᠣᠯᠴᠠᠵᠦ ᠠᠳᠠᠨ ᠲᠡᠮᠡᠭᠡ ᠶ᠋ᠢᠨ ᠬᠦᠴᠦ ᠰᠢᠨᠳᠡᠰᠣ᠌ ᠶ᠋ᠢ ᠰᠣᠷᠢᠵᠦ᠂ ᠤᠶᠠᠭᠠᠴᠢᠳ ᠤ᠋ᠨ ᠤᠬᠠᠭᠠᠨ ᠪᠢᠯᠢᠭ ᠢ᠋ ᠰᠢᠯᠭᠠᠵᠦ᠂ ᠬᠠᠷᠪᠤᠭᠠᠴᠢᠳ ᠤ᠋ᠨ ᠡᠷᠡᠬᠡᠢ ᠮᠡᠷᠬᠡᠨ ᠢ᠋ ᠦᠵᠡᠯᠴᠡᠵᠦ᠂ ᠦᠵᠡᠭᠴᠢᠳ ᠣᠯᠠᠨ ᠢ᠋ ᠪᠠᠶᠠᠰᠬᠠᠵᠦ ᠪᠠᠢᠯ᠎ᠠ᠃ ᠪᠦᠬᠦᠯᠢ ᠨᠢᠭᠡ ᠡᠳᠦᠷ ᠶᠠᠪᠤᠬ᠍ᠳᠠᠬ᠍ᠰᠠᠨ  ᠤᠷᠤᠯᠳᠤᠭᠠᠨ ᠤ᠋ ᠡᠴᠦᠰ ᠲᠤ᠌ 15 ᠺᠢᠯᠣᠮᠧᠲᠷ ᠤ᠋ᠨ ᠬᠤᠯᠠ ᠶ᠋ᠢᠨ ᠲᠡᠮᠡᠭᠡᠨ ᠤ᠋ ᠤᠷᠤᠯᠳᠣᠭᠠᠨ ᠳ᠋ᠤ᠌ ᠪᠠᠶᠠᠨᠨᠠᠭᠤᠷ ᠬᠤᠳᠡ ᠶ᠋ᠢᠨ ᠤᠷᠠᠳ ᠤ᠋ᠨ ᠬᠤᠢᠲᠤ ᠬᠣᠰᠢᠭᠤᠨ ᠤ᠋ ᠰᠠᠷᠠᠨ᠎ᠠ ᠶ᠋ᠢᠨ ᠲᠡᠮᠡᠭᠡ᠂ 3000 ᠮᠸᠲᠷ ᠤ᠋ᠨ ᠲᠤᠷᠤᠮ ᠤ᠋ᠨ ᠣᠷᠣᠯᠳᠤᠭᠠᠨ ᠳ᠋ᠤ᠌ ᠠᠯᠠᠱᠠ ᠠᠢᠮᠠᠭ ᠤ᠋ᠨ ᠡᠵᠡᠨ᠎ᠡ ᠬᠣᠰᠢᠭᠤᠨ ᠤ᠋ ᠨᠠᠷᠠᠨᠳᠣᠶᠠᠭ᠎ᠠ ᠶ᠋ᠢᠨ ᠲᠤᠷᠤᠮ᠂ 5000 ᠮᠸᠲᠷ ᠤ᠋ᠨ ᠬᠤᠷᠳᠤᠨ ᠲᠡᠮᠡᠭᠡᠨ ᠤ᠋ ᠣᠷᠣᠯᠳᠤᠭᠠᠨ ᠳ᠋ᠤ᠌ ᠪᠠᠶᠠᠨᠨᠠᠭᠤᠷ ᠬᠤᠳᠡ ᠶ᠋ᠢᠨ ᠣᠷᠠᠳ ᠤ᠋ᠨ ᠬᠤᠢᠲᠤ ᠬᠣᠰᠢᠭᠤᠨ ᠤ᠋ ᠰᠣᠶᠤᠯᠲᠤ ᠶ᠋ᠢᠨ ᠲᠡᠮᠡᠭᠡ᠂ 6000 ᠮᠸᠲᠷ ᠤ᠋ᠨ ᠬᠤᠷᠳᠤᠨ ᠲᠡᠮᠡᠭᠡᠨ ᠤ᠋ ᠣᠷᠣᠯᠳᠤᠭᠠᠨ ᠳ᠋ᠤ᠌ ᠠᠯᠠᠱᠠ ᠠᠢᠮᠠᠭ ᠤ᠋ᠨ ᠡᠵᠡᠨ᠎ᠡ ᠬᠣᠰᠢᠭᠤᠨ ᠤ᠋ ᠭᠠᠯᠪᠠᠭᠠᠳᠤᠷ ᠤ᠋ᠨ ᠲᠡᠮᠡᠭᠡ᠂ 8000 ᠮᠸᠲᠷ ᠤ᠋ᠨ ᠬᠤᠷᠳᠤᠨ ᠲᠡᠮᠡᠭᠡᠨ ᠤ᠋ ᠣᠷᠣᠯᠳᠣᠭᠠᠨ ᠳ᠋ᠤ᠌ ᠠᠯᠠᠱᠠ ᠠᠢᠮᠠᠭ ᠤ᠋ᠨ ᠠᠯᠠᠱᠠ ᠪᠠᠷᠠᠭᠤᠨ ᠬᠣᠰᠢᠭᠤᠨ ᠤ᠋ ᠢᠯᠠᠯᠳᠠ ᠶ᠋ᠢᠨ ᠲᠡᠮᠡᠭᠡ᠂ 4×2000 ᠮᠸᠲᠷ ᠤ᠋ᠨ ᠲᠡᠮᠡᠭᠡᠨ ᠤ᠋ ᠬᠦᠴᠦ ᠵᠠᠯᠭᠠᠬᠤ ᠣᠷᠣᠯᠳᠤᠭᠠᠨ ᠳ᠋ᠤ᠌ ᠠᠯᠠᠱᠠ ᠠᠢᠮᠠᠭ ᠤ᠋ᠨ ᠠᠯᠠᠱᠠ ᠪᠠᠷᠠᠭᠤᠨ ᠬᠣᠰᠢᠭᠤᠨ ᠤ᠋ ᠲᠦᠯᠦᠭᠡᠯᠡᠭᠴᠢ ᠶ᠋ᠢᠨ ᠠᠩᠬᠢ ᠲᠤᠰᠪᠤᠷᠢ ᠲᠡᠷᠢᠭᠦᠨ ᠱᠠᠩᠨᠠᠯ ᠬᠦᠷᠳᠡᠭᠰᠡᠨ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号