ᠪᠦᠬᠦ᠌ ᠤᠯᠤᠰ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠬᠤᠷᠢᠶ᠎ᠠ᠎ᠵᠢᠨ ᠳᠥᠷᠪᠡᠳᠦᠭᠡᠷ ᠬᠤᠷᠠᠯ ᠲᠡᠭᠦᠰᠪᠡ
2026-03-12 09:23:25
ᠵᠣᠬᠢᠶᠠᠭ᠍ᠴᠢ᠄
ᠣᠩᠱᠢᠭ᠍ᠰᠠᠨ ᠣᠳᠠᠭ᠎ᠠ᠄
★★★☆☆

ᠰᠢ ᠵᠢᠨ ᠫᠢᠩ  ᠯᠢ ᠴᠢᠶᠠᠩ  ᠵᠣᠣ ᠯᠸ ᠵᠢᠶ   ᠼᠠᠢ ᠴᠢ   ᠳ᠋ᠢᠩ ᠱᠢᠤᠸᠠᠢ ᠱᠢᠶᠠᠩ  ᠯᠢ ᠰᠢ   ᠬᠠᠨ ᠵᠧᠩ  ᠣᠷᠣᠯᠴᠠᠪᠠ

ᠸᠠᠩ ᠬᠤ᠌ ᠨᠢᠩ ᠶᠠᠷᠢᠶ᠎ᠠ ᠲᠠᠯᠪᠢᠵᠠᠢ


ᠳᠤᠮᠳᠠᠳᠤ ᠤᠯᠤᠰ᠎ᠤᠨ ᠠᠷᠠᠳ᠎ᠤᠨ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ ᠡᠯ᠎ᠡ ᠵᠥᠪᠯᠡᠬᠦ᠌ ᠵᠦᠶ᠋ᠯᠡᠰ᠎ᠢᠶᠡᠨ ᠲᠡᠭᠦᠰ ᠠᠮᠵᠢᠯᠲᠠ᠎ᠲᠠᠶ ᠪᠡᠶᠡᠯᠡᠬᠦᠯᠦᠬᠡᠳ 11᠎ᠤ᠋ ᠦᠳᠡ᠎ᠶ᠋ᠢᠨ ᠡᠮᠦᠨ᠎ᠡ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠲᠡᠭᠦᠰᠪᠡ᠃ ᠬᠤᠷᠠᠯ ᠡᠴᠡ᠂ ᠠᠷᠠᠳ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠡᠯ᠎ᠡ ᠣᠷᠣᠯᠴᠠᠭ᠍ᠰᠠᠨ ᠨᠢᠭᠡᠴᠢ ᠪᠤᠯᠤᠨ ᠥᠷᠭᠡᠨ ᠤᠯᠠᠨ ᠤᠯᠤᠰ ᠲᠦᠷᠦ᠍᠎ᠶ᠋ᠢᠨ ᠵᠥᠪᠯᠡᠯᠭᠡᠨ᠎ᠦ ᠭᠡᠱᠢᠭᠦᠨ ᠰᠢ ᠵᠢᠨ ᠫᠢᠩ ᠨᠥᠬᠥᠷ᠎ᠢᠶᠡᠷ ᠭᠣᠣᠯ ᠪᠤᠯᠭᠠᠭᠰᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠲᠣᠭᠣᠷᠢᠨ᠎ᠳᠤ ᠨᠡᠩ ᠨᠢᠭ᠍ᠲᠠᠷᠠᠨ ᠪᠦᠯᠬᠦᠮᠳᠡᠵᠦ᠍᠂ ᠰᠡᠳᠭᠢᠯ ᠨᠢᠭᠡᠳᠦᠨ ᠬᠦᠴᠦ ᠪᠠᠨ ᠬᠠᠮᠳᠤᠳᠬᠠᠵᠤ᠂ ᠡᠷᠡᠯᠬᠡᠭ ᠪᠠᠭᠠᠲᠤᠷᠯᠢᠭ᠎ᠢᠶᠠᠷ ᠤᠷᠤᠭ᠍ᠰᠢᠯᠠᠵᠤ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠵᠠᠮ᠎ᠢᠶᠠᠷ ᠡᠷᠡᠰ ᠭᠤᠢᠪᠢᠰᠢ ᠦᠭᠡᠢ ᠵᠠᠮᠨᠠᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠪᠠᠷ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠠᠭᠤᠤ ᠦᠢᠯᠡᠰ᠎ᠢ ᠪᠦᠬᠦ᠌ ᠲᠠᠯ᠎ᠠ᠎ᠪᠠᠷ ᠠᠬᠢᠭᠤᠯᠬᠤ᠎ᠳᠤ ᠨᠡᠩ ᠶᠡᠬᠡ ᠱᠢᠨ᠎ᠡ ᠬᠤᠪᠢ ᠨᠡᠮᠡᠷᠢ ᠦᠵᠡᠭᠦᠯᠬᠦ᠌ ᠬᠡᠷᠡᠭ᠌ᠲᠡᠢ ᠭᠡᠵᠦ᠍ ᠤᠷᠢᠶᠠᠯᠠᠪᠠ᠃


QQ截图20260209113408.png


3 ᠰᠠᠷ᠎ᠠ᠎ᠶ᠋ᠢᠨ 11 ᠤ᠋ ᠦᠳᠡ ᠵᠢᠨ ᠡᠮᠦᠨ᠎ᠡ᠂ ᠳᠤᠮᠳᠠᠳᠤ ᠤᠯᠤᠰ᠎ᠤᠨ ᠠᠷᠠᠳ᠎ᠤᠨ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ ᠪᠡᠭᠡᠵᠢᠩ᠎ᠤᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠲᠡᠭᠦᠰᠪᠡ᠃ ᠵᠢᠷᠤᠭ ᠪᠤᠯ ᠰᠢ ᠵᠢᠨ ᠫᠢᠩ᠂ ᠯᠢ ᠴᠢᠶᠠᠩ᠂ ᠵᠤᠤ ᠯᠸ ᠵᠶ᠋ᠢ᠂ ᠼᠠᠢ ᠴᠢ᠂ ᠳ᠋ᠢᠩ ᠱᠢᠤᠸᠠᠢ ᠱᠢᠶᠠᠩ᠂ ᠯᠢ ᠰᠢ᠂ ᠬᠠᠨ ᠵᠧᠩ᠎ᠨᠡᠷ ᠲᠡᠷᠢᠭᠦᠯᠡᠭ᠌ᠴᠢᠳ᠎ᠤᠨ ᠲᠠᠢᠰᠠᠨ᠎ᠳᠤ ᠰᠠᠭᠠᠲᠠᠵᠦ ᠪᠠᠢᠭ᠎ᠠ ᠨᠢ ᠃

ᠰᠢᠨᠬᠤᠸᠠ ᠬᠤᠷᠢᠶ᠎ᠠ ᠵᠢᠨ ᠰᠤᠷᠪᠤᠯᠵᠢᠯᠠᠭᠴᠢ  ᠶᠠᠨ ᠶᠠᠨ ᠰᠡᠬᠦᠳᠡᠷᠯᠡᠪᠠ


QQ截图20260207120745.png


3 ᠰᠠᠷ᠎ᠠ᠎ᠶ᠋ᠢᠨ 11 ᠤ᠋ ᠦᠳᠡ ᠵᠢᠨ ᠡᠮᠦᠨ᠎ᠡ᠂ ᠳᠤᠮᠳᠠᠳᠤ ᠤᠯᠤᠰ᠎ᠤᠨ ᠠᠷᠠᠳ᠎ᠤᠨ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ ᠪᠡᠭᠡᠵᠢᠩ᠎ᠤᠨ ᠠᠷᠠᠳ᠎ᠤᠨ ᠶᠡᠬᠡ ᠬᠤᠷᠠᠯ᠎ᠤᠨ ᠲᠠᠩᠬᠢᠮ᠎ᠳᠤ ᠲᠡᠭᠦᠰᠪᠡ᠃ ᠪᠦᠬᠦ᠌ ᠤᠯᠤᠰ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠲᠡᠷᠢᠭᠦᠯᠡᠭ᠌ᠴᠢ ᠸᠠᠩ ᠬᠤ᠌ ᠨᠢᠩ ᠳᠡᠬᠦᠰᠬᠦ ᠬᠤᠷᠠᠯ᠎ᠢ ᠡᠷᠬᠢᠯᠡᠭᠰᠡᠨ ᠪᠦᠭᠡᠳ ᠶᠡᠷᠢᠶ᠎ᠡ ᠳᠠᠯᠪᠢᠵᠠᠢ᠃

ᠰᠢᠨᠬᠤᠸᠠ ᠬᠤᠷᠢᠶ᠎ᠠ ᠵᠢᠨ ᠰᠤᠷᠪᠤᠯᠵᠢᠯᠠᠭᠴᠢ  ᠬᠤᠸᠠᠩ ᠵᠢᠩ ᠸᠸᠨ  ᠰᠡᠬᠦᠳᠡᠷᠯᠡᠪᠠ


ᠬᠤᠷᠠᠯ᠎ᠢ ᠪᠦᠬᠦ᠌ ᠤᠯᠤᠰ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠲᠡᠷᠢᠭᠦᠯᠡᠭ᠌ᠴᠢ ᠸᠠᠩ ᠬᠤ᠌ ᠨᠢᠩ ᠡᠷᠬᠢᠯᠡᠪᠡ᠃ ᠪᠦᠬᠦ᠌ ᠤᠯᠤᠰ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠳᠡᠳ᠋ ᠲᠡᠷᠢᠭᠦᠯᠡᠭ᠌ᠴᠢ ᠱ᠌ᠢ ᠲᠡᠶ ᠹᠸᠩ᠂ ᠬ᠍ᠤ ᠴᠦᠨ ᠬᠤᠸᠠ᠂ ᠱᠸᠨ ᠶᠤᠸᠠᠢ ᠶᠤᠸᠠᠢ᠂ ᠸᠠᠩ ᠶᠦᠩ᠂ ᠵᠧᠦ ᠴᠢᠶᠠᠩ᠂ ᠫᠠᠪᠠᠯᠠ·ᠭᠸᠯᠸᠭᠨᠠᠮᠵᠢᠯ᠂ ᠾᠧ ᠾᠧᠦ ᠬᠤᠸᠠ᠂ ᠯᠢᠶᠠᠩ ᠵᠧᠨ ᠶᠢᠩ᠂ ᠪᠠᠭᠠᠲᠤᠷ᠂ ᠰᠤ᠌ ᠬᠤᠢ᠂ ᠱᠤᠤ ᠬᠣᠩ᠂ ᠭᠤᠤ ᠶᠦᠨ ᠯᠦᠩ᠂ ᠮᠦ᠍ ᠬᠣᠩ᠂ ᠱᠢᠶᠠᠨ ᠬᠤᠢ᠂ ᠸᠠᠩ ᠳ᠋ᠦᠩ ᠹᠸᠩ᠂ ᠵᠢᠶᠠᠩ ᠱᠢᠨ ᡁᠢ᠂ ᠵᠢᠶᠠᠩ ᠽᠦᠸᠧ ᠵᠢᠶᠦ᠋ᠨ᠂ ᠾᠧ ᠪᠦᠦ ᠱᠢᠶᠠᠩ᠂ ᠸᠠᠩ ᠭᠤᠸᠠᠩ ᠴᠢᠶᠠᠨ᠂ ᠴᠢᠨ ᠪᠥᠸᠧ ᠶᠦᠩ᠂ ᠵᠦ᠍ ᠶᠦᠩ ᠱᠢᠨ᠂ ᠶᠠᠩ ᠵᠧᠨ ᠲᠡᠷᠢᠭᠦᠯᠡᠭ᠌ᠴᠢᠳ᠎ᠤᠨ ᠲᠠᠢᠰᠠᠨ᠎ᠤ ᠡᠮᠦᠨ᠎ᠡ ᠮᠥᠷ᠎ᠲᠦ ᠰᠠᠭᠠᠲᠠᠪᠠ᠃

ᠰᠢ ᠵᠢᠨ ᠫᠢᠩ᠂ ᠯᠢ ᠴᠢᠶᠠᠩ᠂ ᠵᠤᠤ ᠯᠸ ᠵᠶ᠋ᠢ᠂ ᠼᠠᠢ ᠴᠢ᠂ ᠳ᠋ᠢᠩ ᠱᠢᠤᠸᠠᠢ ᠱᠢᠶᠠᠩ᠂ ᠯᠢ ᠰᠢ᠂ ᠬᠠᠨ ᠵᠧᠩ᠎ᠨᠡᠷ ᠲᠡᠷᠢᠭᠦᠯᠡᠭ᠌ᠴᠢᠳ᠎ᠤᠨ ᠲᠠᠢᠰᠠᠨ᠎ᠳᠤ ᠰᠠᠭᠠᠲᠠᠵᠠᠢ᠃

ᠦᠳᠡ᠎ᠶ᠋ᠢᠨ ᠡᠮᠦᠨᠡᠬᠢ 9 ᠴᠠᠭ᠎ᠲᠤ ᠲᠡᠭᠦᠰᠭᠦ ᠬᠤᠷᠠᠯ ᠡᠬᠢᠯᠡᠪᠡ᠃ ᠸᠠᠩ ᠬ᠍ᠤ᠌ ᠨᠢᠩ᠂ ᠳᠤᠮᠳᠠᠳᠤ ᠤᠯᠤᠰ᠎ᠤᠨ ᠠᠷᠠᠳ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠦᠬᠦ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ᠎ᠳᠤ ᠣᠷᠣᠯᠴᠠᠬᠤ ᠶᠣᠰᠣᠲᠠᠢ ᠭᠡᠱᠢᠭᠦᠨ 2125 ᠬᠥᠮᠦᠨ ᠪᠤᠢ᠂ ᠪᠣᠳᠠᠲᠠᠢ ᠣᠷᠣᠯᠴᠠᠭ᠍ᠰᠠᠨ ᠨᠢ 2059 ᠬᠥᠮᠦᠨ ᠪᠠᠢᠵᠤ᠂ ᠲᠣᠭ᠍ᠲᠠᠭ᠍ᠰᠠᠨ ᠬᠥᠮᠦᠨ᠎ᠦ ᠲᠣᠭ᠎ᠠ᠎ᠳᠤ ᠨᠡᠢᠴᠡᠨ᠎ᠡ ᠭᠡᠵᠦ᠍ ᠨᠡᠢᠲᠡᠯᠡᠪᠡ᠃

ᠬᠤᠷᠠᠯ᠎ᠡᠴᠡ ᠪᠠᠢᠩᠭᠤ᠎ᠶ᠋ᠢᠨ ᠬᠤᠷᠢᠶ᠎ᠠ᠎ᠵᠢᠨ ᠠᠵᠢᠯ᠎ᠤᠨ ᠮᠡᠳᠡᠭᠦᠯᠦᠯᠲᠡ᠎ᠶ᠋ᠢᠨ ᠲᠤᠬᠠᠶ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ᠎ᠤᠨ ᠱᠢᠶ᠋ᠳᠪᠦᠷᠢ᠂ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠬᠤᠷᠢᠶ᠎ᠠ᠎ᠵᠢᠨ ᠭᠤᠷᠪᠠᠳᠤᠭᠠᠷ ᠬᠤᠷᠠᠯ᠎ᠡᠴᠡ ᠨᠠᠭᠠᠱᠢᠬᠢ ᠰᠠᠨᠠᠯ ᠳᠤᠷᠠᠳᠤᠯᠭ᠎ᠠ᠎ᠶ᠋ᠢᠨ ᠠᠵᠢᠯ᠎ᠤᠨ ᠪᠠᠢᠳᠠᠯ᠎ᠤᠨ ᠮᠡᠳᠡᠭᠦᠯᠦᠯᠲᠡ᠎ᠶ᠋ᠢᠨ ᠲᠤᠬᠠᠶ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ᠎ᠤᠨ ᠱᠢᠶ᠋ᠳᠪᠦᠷᠢ᠂ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠬᠤᠷᠢᠶ᠎ᠠ᠎ᠵᠢᠨ ᠳᠥᠷᠪᠡᠳᠦᠭᠡᠷ ᠬᠤᠷᠠᠯ᠎ᠤᠨ ᠰᠠᠨᠠᠯ ᠳᠤᠷᠠᠳᠤᠯᠭ᠎ᠠ᠎ᠶ᠋ᠢ ᠬᠢᠨᠠᠨ ᠪᠠᠢᠴᠠᠭᠠᠭ᠍ᠰᠠᠨ ᠪᠠᠢᠳᠠᠯ᠎ᠤᠨ ᠲᠤᠬᠠᠶ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠰᠠᠨᠠᠯ ᠳᠤᠷᠠᠳᠤᠯᠭ᠎ᠠ᠎ᠶ᠋ᠢᠨ ᠵᠥᠪᠯᠡᠯ᠎ᠦᠨ ᠮᠡᠳᠡᠭᠦᠯᠦᠯᠲᠡ᠂ ᠤᠯᠤᠰ ᠲᠥᠷᠥ᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠬᠤᠷᠢᠶ᠎ᠠ᠎ᠵᠢᠨ ᠳᠥᠷᠪᠡᠳᠦᠭᠡᠷ ᠬᠤᠷᠠᠯ᠎ᠤᠨ ᠤᠯᠤᠰ ᠲᠥᠷᠥ᠎ᠶ᠋ᠢᠨ ᠱᠢᠶ᠋ᠳᠪᠦᠷᠢ᠎ᠶ᠋ᠢ ᠪᠠᠲᠤᠯᠠᠪᠠ᠃

ᠸᠠᠩ ᠬ᠍ᠤ᠌ ᠨᠢᠩ ᠶᠠᠷᠢᠶᠠᠨ᠎ᠳᠠᠭᠠᠨ᠂ ᠪᠦᠬᠦ᠌ ᠤᠯᠤᠰ᠎ᠤᠨ ᠤᠯᠤᠰ ᠲᠦᠷᠦ᠍᠎ᠶ᠋ᠢᠨ ᠵᠥᠪᠯᠡᠯᠭᠡᠨ᠎ᠦ ᠠᠷᠪᠠᠨ ᠳᠥᠷᠪᠡᠳᠦᠭᠡᠷ ᠬᠤᠭᠤᠴᠠᠭᠠᠨ᠎ᠤ ᠬᠤᠷᠢᠶ᠎ᠠ᠎ᠵᠢᠨ ᠳᠥᠷᠪᠡᠳᠦᠭᠡᠷ ᠬᠤᠷᠠᠯ ᠪᠣᠯ ᠨᠢᠭᠡ ᠤᠳᠠᠭ᠎ᠠ᠎ᠶ᠋ᠢᠨ ᠲᠤᠭ᠎ᠢ ᠥᠨᠳᠥᠷ ᠮᠠᠨᠳᠤᠭᠤᠯᠤᠭ᠍ᠰᠠᠨ᠂ ᠰᠡᠳᠭᠢᠯ᠎ᠨᠢᠭᠡᠳᠦᠨ ᠬᠦᠴᠦ᠍᠎ᠪᠡᠨ ᠬᠠᠮᠲᠤᠳᠭᠠᠭ᠍ᠰᠠᠨ᠂ ᠪᠣᠳᠠᠲᠠᠢ᠎ᠶ᠋ᠢ ᠡᠷᠬᠢᠮᠯᠡᠨ ᠡᠷᠡᠮᠡᠬᠡᠢᠯᠡᠨ ᠤᠷᠤᠭ᠍ᠰᠢᠯᠠᠭ᠍ᠰᠠᠨ᠂ ᠰᠤᠷᠲᠠᠯ ᠴᠢᠬᠡᠴᠢ ᠣᠪᠣᠷ ᠲᠥᠪ ᠶᠡᠬᠡ ᠬᠤᠷᠠᠯ ᠪᠣᠯᠤᠨ᠎ᠠ᠂ ᠥᠷᠭᠡᠨ ᠤᠯᠠᠨ ᠤᠯᠤᠰ ᠲᠦᠷᠦ᠍᠎ᠶ᠋ᠢᠨ ᠵᠥᠪᠯᠡᠯᠭᠡᠨ᠎ᠦ ᠭᠡᠱᠢᠭᠦᠨ᠎ᠦ ᠤᠯᠤᠰ᠎ᠤᠨ ᠲᠥᠯᠥᠭᠡ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ᠂ ᠠᠷᠠᠳ᠎ᠤᠨ ᠲᠥᠯᠥᠭᠡ ᠬᠠᠷᠢᠭᠤᠴᠠᠯᠭ᠎ᠠ᠎ᠪᠠᠨ ᠭᠦᠢᠴᠡᠳᠭᠡᠭ᠌ᠰᠡᠨ ᠬᠠᠷᠢᠭᠤᠴᠠᠯᠭ᠎ᠠ ᠡᠭᠦᠷᠭᠡᠯᠡᠯ᠎ᠢ ᠠᠮᠢᠳᠤᠯᠢᠭ᠎ᠢᠶᠠᠷ ᠢᠯᠡᠷᠡᠭᠦᠯᠵᠦ᠍᠂ ᠨᠡᠢᠭᠡᠮ ᠵᠢᠷᠤᠮ᠎ᠤᠨ ᠵᠥᠪᠯᠡᠬᠦ᠌ ᠠᠷᠠᠳᠴᠢᠯᠠᠯ᠎ᠤᠨ ᠥᠪᠡᠷᠮᠢᠴᠡ ᠳᠠᠪᠠᠭᠤᠯᠢᠭ ᠪᠠ ᠠᠮᠢᠵᠢᠷᠠᠯ᠎ᠤᠨ ᠬᠦᠴᠦᠨ᠎ᠢ ᠭᠦᠢᠴᠡᠳ ᠢᠯᠡᠷᠡᠭᠦᠯᠪᠡ᠃ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶ᠎ᠠ᠎ᠵᠢᠨ ᠶᠡᠷᠦᠩᠬᠡᠶ ᠱᠦᠵᠢ᠂ ᠡᠣᠯᠣᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠤᠷᠢᠶ᠎ᠠ᠎ᠵᠢᠨ ᠲᠡᠷᠢᠭᠦᠯᠡᠭ᠌ᠴᠢ ᠰᠢ ᠵᠢᠨ ᠫᠢᠩ ᠵᠡᠷᠭᠡ ᠨᠠᠮ ᠪᠠ ᠲᠥᠷᠥ᠎ᠶ᠋ᠢᠨ ᠤᠳᠤᠷᠢᠳᠭᠤ ᠨᠥᠬᠥᠳ ᠶᠡᠬᠡ ᠬᠤᠷᠠᠯ᠎ᠤᠨ ᠡᠬᠢᠯᠡᠯᠲᠡ᠎ᠵᠢᠨ ᠬᠤᠷᠠᠯ ᠪᠣᠯᠤᠨ ᠲᠡᠭᠦᠰᠭᠦ ᠬᠤᠷᠠᠯ᠎ᠳᠤ ᠣᠷᠣᠯᠴᠠᠵᠤ᠂ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠳ᠎ᠢ ᠡᠷᠭᠢᠨ ᠦᠵᠡᠭ᠌ᠰᠡᠨ ᠪᠥᠭᠡᠳ ᠳᠤᠭᠤᠢᠯᠠᠩ ᠬᠠᠮᠲᠤᠷᠠᠭ᠍ᠰᠠᠨ᠎ᠶᠠᠷᠢᠯᠴᠠᠭ᠎ᠠ᠎ᠳᠤ ᠣᠷᠣᠯᠴᠠᠵᠤ᠂ ᠤᠯᠤᠰ ᠲᠥᠷᠥ᠎ᠶ᠋ᠢᠨ ᠵᠥᠪᠯᠡᠯᠭᠡᠨ᠎ᠦ ᠭᠡᠱᠢᠭᠦᠳ᠎ᠲᠡᠶ ᠬᠠᠮᠲᠤ᠎ᠪᠠᠷ ᠤᠯᠤᠰ᠎ᠤᠨ ᠶᠡᠬᠡ ᠶᠠᠪᠤᠳᠠᠯ᠎ᠢ ᠵᠥᠪᠯᠡᠵᠡᠶ᠃ ᠤᠯᠤᠰ ᠲᠦᠷᠦ᠎ᠶᠢᠨ ᠵᠥᠪᠯᠡᠯᠭᠡᠨ᠎ᠦ ᠪᠦᠬᠦ ᠭᠡᠰᠢᠭᠦᠳ ᠵᠠᠰᠠᠭ᠎ᠤᠨ ᠣᠷᠳᠣᠨ᠎ᠤ ᠠᠵᠢᠯ᠎ᠤᠨ ᠢᠯᠡᠳᠬᠡᠯ᠂ 《ᠠᠷᠪᠠᠨ ᠲᠠᠪᠤᠳᠤᠭᠠᠷ ᠲᠠᠪᠤᠨ ᠵᠢᠯ》 ᠦ᠋ᠨ ᠲᠥᠯᠦᠪᠵᠢᠭᠦᠯᠭᠡ᠎ᠶᠢᠨ ᠬᠦᠲᠦᠯᠪᠦᠷᠢ᠎ᠶᠢᠨ ᠲᠥᠰᠥᠯ ᠪᠠ ᠪᠤᠰᠤᠳ ᠮᠡᠳᠡᠬᠦᠯᠦᠯᠳᠡ ᠵᠢ ᠨᠠᠷᠢᠨ ᠬᠢᠨᠠᠮᠠᠭᠠᠢ ᠶᠠᠷᠢᠯᠴᠠᠵᠤ᠂ ᠤᠯᠤᠰ ᠲᠦᠷᠦ᠎ᠶᠢᠨ ᠵᠥᠪᠯᠡᠯᠭᠡᠨ᠎ᠦ ᠪᠠᠢᠩᠭᠤ᠎ᠶᠢᠨ ᠬᠣᠷᠢᠶ᠎ᠡ ᠵᠢᠨ ᠠᠵᠢᠯ᠎ᠤᠨ ᠮᠡᠳᠡᠭᠦᠯᠦᠯᠲᠡ ᠪᠠ ᠰᠠᠨᠠᠯ ᠲᠤᠷᠠᠳᠤᠯᠭ᠎ᠠ᠎ᠶᠢᠨ ᠠᠵᠢᠯ᠎ᠤᠨ ᠪᠠᠢᠳᠠᠯ᠎ᠤᠨ ᠲᠤᠬᠠᠢ ᠮᠡᠳᠡᠭᠦᠯᠦᠯᠲᠡ ᠵᠡᠷᠭᠡ ᠪᠢᠴᠢᠭ ᠮᠠᠲᠧᠷᠢᠶᠠᠯ᠎ᠢ ᠨᠠᠷᠢᠨ ᠬᠢᠨᠠᠮᠠᠭᠠᠢ ᠬᠢᠨᠠᠨ ᠶᠠᠷᠢᠯᠴᠠᠵᠤ᠂ ᠦᠯᠡᠮᠵᠢ ᠦᠷ᠎ᠡ ᠪᠦᠲᠦᠭᠡᠯ ᠣᠯᠪᠠ᠃ ᠤᠯᠤᠰ ᠲᠥᠷᠥ᠎ᠶᠢᠨ ᠵᠥᠪᠯᠡᠯᠭᠡᠨ᠎ᠦ ᠪᠥᠬᠥ ᠭᠡᠰᠢᠭᠦᠳ ᠥᠩᠭᠡᠷᠡᠭᠰᠡᠨ ᠨᠢᠭᠡ ᠵᠢᠯ ᠪᠠ 《ᠠᠷᠪᠠᠨ ᠳᠥᠷᠪᠡᠳᠦᠭᠡᠷ ᠲᠠᠪᠤᠨ ᠵᠢᠯ》 ᠦ᠋ᠨ ᠬᠤᠭᠤᠴᠠᠭᠠᠨ᠎ᠳᠠᠬᠢ ᠲᠤᠢᠯ᠎ᠤᠨ ᠬᠡᠪ ᠎ᠤᠨ ᠪᠤᠰᠤ ᠵᠢᠨ᠂ ᠲᠤᠢᠯ᠎ᠤᠨ ᠵᠢᠷ᠎ᠤᠨ ᠪᠤᠰᠤ ᠬᠥᠭᠵᠢᠯᠲᠡ᠎ᠶᠢᠨ ᠥᠩᠭᠡᠷᠡᠯᠲᠡ ᠵᠢᠴᠢ ᠬᠢᠯᠪᠠᠷ ᠪᠤᠰᠤ᠎ᠪᠠᠷ ᠢᠷᠡᠭᠰᠡᠨ᠂ ᠲᠤᠢᠯ᠎ᠤᠨ ᠬᠣᠪᠣᠷ ᠨᠠᠨᠳᠢᠨ ᠬᠥᠭᠵᠢᠯᠲᠡ᠎ᠶᠢᠨ ᠠᠮᠵᠢᠯᠲᠠ ᠪᠦᠲᠦᠮᠵᠢ᠎ᠶᠢ ᠭᠦᠢᠴᠡᠳ ᠲᠠᠨᠢᠵᠤ᠂ ᠰᠢᠨ᠎ᠡ ᠴᠠᠭ ᠦᠶ᠎ᠡ ᠰᠢᠨ᠎ᠡ ᠠᠶᠠᠨ᠎ᠳᠤ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢ ᠠᠬᠢᠭᠤᠯᠬᠤ᠂ ᠠᠵᠤ ᠠᠬᠤᠢ᠎ᠶᠢᠨ ᠲᠦᠷᠭᠡᠨ ᠬᠥᠭᠵᠢᠯᠲᠡ ᠪᠠ ᠨᠡᠢᠭᠡᠮ᠎ᠦᠨ ᠣᠷᠳᠣ᠌ ᠬᠤᠭᠤᠴᠠᠭᠠᠨ᠎ᠤ ᠲᠣᠭᠲᠠᠭᠤᠨ ᠬᠣᠶᠠᠷ ᠶᠡᠬᠡ ᠭᠠᠢᠬᠠᠮᠰᠢᠭ᠎ᠤᠨ ᠰᠢᠨ᠎ᠡ ᠬᠠᠭᠤᠳᠠᠰᠤ᠎ᠶᠢ ᠲᠠᠰᠤᠷᠠᠯᠲᠠ ᠦᠭᠡᠢ ᠦᠷᠭᠦᠯᠵᠢᠯᠡᠨ ᠪᠢᠴᠢᠭᠯᠡᠬᠦ᠎ᠳᠦ ᠨᠠᠩ ᠶᠡᠬᠡ ᠬᠤᠪᠢ ᠨᠡᠮᠡᠷᠢ ᠦᠵᠡᠭᠦᠯᠬᠦ᠎ᠪᠡᠷ ᠵᠣᠷᠢᠭ᠋ ᠰᠢᠭᠤᠳᠪᠠ ᠭᠡᠵᠡᠢ᠃

ᠸᠠᠩ ᠬ᠍ᠤ ᠨᠢᠩ᠂ 2026 ᠣᠨ ᠪᠣᠯ 《ᠠᠷᠪᠠᠨ ᠲᠠᠪᠤᠳᠤᠭᠠᠷ ᠲᠠᠪᠤᠨ ᠵᠢᠯ》 ᠤ᠋ᠨ ᠡᠬᠢᠯᠡᠯᠲᠡ᠎ᠶᠢᠨ ᠵᠢᠯ ᠪᠣᠯᠣᠨ᠎ᠠ᠂ ᠳᠤᠮᠳᠠᠳᠤ ᠤᠯᠤᠰ᠎ᠤᠨ ᠡᠪ ᠬᠠᠮᠲᠤ ᠨᠠᠮ ᠲᠦᠭ ᠲᠦᠮᠡᠨ ᠠᠷᠠᠳ ᠲᠦᠮᠡᠨ᠎ᠢ ᠳᠠᠭᠠᠭᠤᠯᠤᠨ ᠢᠲᠡᠭᠡᠯ ᠲᠡᠭᠦᠯᠳᠡᠷ᠎ᠢᠶᠡᠷ ᠳᠤᠮᠳᠠᠳᠤ ᠤᠯᠤᠰ᠎ᠤᠨ ᠮᠠᠶᠢᠭ᠋᠎ᠤᠨ ᠣᠳᠣᠬᠢᠴᠢᠯᠠᠯᠲᠠ᠎ᠶᠢᠨ ᠰᠢᠨ᠎ᠡ ᠠᠶᠠᠨ᠎ᠳᠦ ᠤᠷᠤᠭᠰᠢᠯᠠᠵᠤ ᠪᠠᠢᠨ᠎ᠠ᠃ ᠠᠷᠠᠳ᠎ᠤᠨ ᠤᠯᠤᠰ ᠲᠥᠷᠥ᠎ᠶᠢᠨ ᠵᠥᠪᠯᠡᠯᠭᠡᠨ ᠲᠤᠰ ᠪᠡᠶ᠎ᠡ᠎ᠶᠢᠨ ᠰᠢᠨᠵᠢ ᠴᠢᠨᠠᠷ᠎ᠤᠨ ᠪᠠᠢᠷᠢ ᠲᠣᠭᠲᠠᠭᠠᠯᠲᠠ ᠪᠠ ᠡᠭᠦᠷᠭᠡ ᠬᠠᠷᠢᠭᠤᠴᠠᠯᠭ᠎ᠠ᠎ᠳᠠᠭᠠᠨ ᠰᠠᠭᠤᠷᠢᠯᠠᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠤᠳᠤᠷᠢᠳᠤᠯᠭ᠎ᠠ᠎ᠶᠢ ᠪᠠᠷᠢᠮᠲᠠᠯᠠᠵᠤ᠂ ᠤᠨᠤᠯ᠎ᠢᠶᠠᠷ ᠵᠡᠪᠰᠡᠭᠯᠡᠬᠦ᠎ᠶᠢ ᠴᠢᠩᠭᠠᠳᠬᠠᠵᠤ᠂ ᠠᠷᠠᠳ᠎ᠤᠨ ᠤᠯᠤᠰ ᠲᠦᠷᠦ᠎ᠶᠢᠨ ᠵᠥᠪᠯᠡᠯᠭᠡᠨ᠎ᠦ ᠤᠯᠤᠰ ᠲᠦᠷᠦ᠎ᠶᠢᠨ ᠵᠣᠬᠢᠶᠠᠨ ᠪᠠᠢᠭᠤᠯᠤᠯᠲᠠ᠎ᠶᠢᠨ ᠦᠢᠯᠡᠳᠦᠯ᠎ᠢ ᠨᠡᠩ ᠰᠠᠢᠲᠤᠷ ᠪᠠᠳᠠᠷᠠᠭᠤᠯᠵᠤ᠂ ᠠᠷᠠᠳ᠎ᠤᠨ ᠤᠯᠤᠰ ᠲᠦᠷᠦ᠎ᠶᠢᠨ ᠵᠥᠪᠯᠡᠯᠭᠡᠨ᠎ᠦ ᠰᠠᠨᠠᠯ ᠲᠤᠷᠠᠲᠤᠯᠭ᠎ᠠ ᠳᠤᠷᠠᠳᠤᠨ ᠵᠠᠰᠠᠭ᠎ᠲᠤ ᠲᠤᠰᠠᠯᠠᠬᠤ ᠦᠢᠯᠡᠳᠦᠯ᠎ᠢ ᠨᠡᠩ ᠰᠠᠢᠲᠤᠷ ᠪᠠᠳᠠᠷᠠᠭᠤᠯᠵᠤ᠂ ᠠᠷᠠᠳ᠎ᠤᠨ ᠤᠯᠤᠰ ᠲᠦᠷᠦ᠎ᠶᠢᠨ ᠵᠥᠪᠯᠡᠯᠭᠡᠨ᠎ᠦ  ᠰᠡᠳᠬᠢᠯ  ᠨᠢᠭᠡᠲᠤᠨ  ᠬᠦᠴᠦ ᠪᠡᠨ ᠬᠠᠮᠳᠤᠳᠬᠠᠬᠤ ᠦᠢᠯᠡᠳᠦᠯ᠎ᠢ ᠨᠡᠩ ᠰᠠᠢᠲᠤᠷ ᠪᠠᠳᠠᠷᠠᠭᠤᠯᠵᠤ᠂ 《ᠠᠷᠪᠠᠨ ᠲᠠᠪᠤᠳᠤᠭᠠᠷ ᠲᠠᠪᠤᠨ ᠵᠢᠯ》 ᠢ᠋ ᠰᠠᠢᠲᠤᠷ ᠡᠬᠢᠯᠡᠭᠦᠯᠤᠨ᠂ ᠬᠥᠮᠥᠰ᠎ᠦᠨ ᠰᠡᠳᠬᠢᠯ᠎ᠢ ᠥᠷᠭᠡᠨ᠎ᠢᠶᠡᠷ ᠨᠢᠭ᠍ᠲᠠᠷᠠᠭᠤᠯᠵᠤ᠂ ᠬᠠᠮᠲᠤ᠎ᠶᠢᠨ ᠲᠠᠨᠢᠯᠲᠠ᠎ᠶᠢ ᠨᠢᠭ᠍ᠲᠠᠷᠠᠭᠤᠯᠤᠨ᠂ ᠤᠶᠤᠨ ᠤᠬᠠᠭᠠᠨ᠎ᠢ ᠨᠢᠭ᠍ᠲᠠᠷᠠᠭᠤᠯᠵᠤ᠂ ᠬᠦᠴᠦᠨ ᠴᠢᠳᠠᠯ᠎ᠢ ᠨᠢᠭ᠍ᠲᠠᠷᠠᠭᠤᠯᠬᠤ ᠬᠡᠷᠡᠭᠳᠡᠢ᠃ 《ᠠᠷᠪᠠᠨ ᠲᠠᠪᠤᠳᠤᠭᠠᠷ ᠲᠠᠪᠤᠨ ᠵᠢᠯ》 ᠦ᠋ᠨ ᠲᠥᠯᠦᠪᠵᠢᠭᠦᠯᠭᠡ᠎ᠶᠢ ᠬᠡᠷᠡᠭᠵᠢᠭᠦᠯᠬᠦ᠎ᠳᠦ ᠦᠢᠯᠡᠴᠢᠯᠡᠬᠦ ᠪᠠ ᠬᠦᠴᠦᠨ ᠨᠡᠮᠡᠷᠢᠯᠡᠬᠦ᠎ᠪᠡᠷ ᠲᠤᠰᠢᠶᠠᠯ ᠬᠠᠷᠢᠭᠤᠴᠠᠯᠭ᠎ᠠ᠎ᠪᠠᠨ ᠭᠦᠢᠴᠡᠳᠬᠡᠬᠦ ᠭᠣᠣᠯ ᠰᠢᠵᠢᠮ ᠪᠣᠯᠭᠠᠵᠤ᠂ ᠤᠯᠤᠰ ᠲᠦᠷᠦ᠎ᠶᠢᠨ ᠵᠥᠪᠯᠡᠯᠭᠡ ᠬᠢᠬᠦ᠂ ᠠᠷᠠᠳᠴᠢᠯᠠᠯ᠎ᠢᠶᠠᠷ ᠬᠢᠨᠠᠯᠲᠠ ᠲᠠᠯᠪᠢᠬᠤ᠂ ᠲᠦᠷᠦ ᠵᠢᠨ ᠶᠠᠪᠤᠳᠠᠯ᠎ᠳᠤ ᠣᠷᠣᠯᠴᠠᠵᠤ ᠲᠦᠷᠦ᠎ᠶᠢᠨ ᠶᠠᠪᠤᠳᠠᠯ᠎ᠢ ᠵᠥᠪᠯᠡᠬᠦ ᠡᠯ᠎ᠡ ᠵᠦᠢᠯ᠎ᠦᠨ ᠠᠵᠢᠯ ᠳᠤᠮᠳᠠ ᠲᠤᠭᠤᠰᠢᠯᠠᠭᠤᠯᠵᠤ᠂ ᠠᠵᠤ ᠠᠬᠤᠢ ᠨᠡᠢᠭᠡᠮ᠎ᠦᠨ ᠬᠥᠭᠵᠢᠯᠲᠡ᠎ᠳᠤᠮᠳᠠᠬᠢ ᠴᠢᠬᠤᠯᠠ ᠶᠡᠬᠡ ᠠᠰᠠᠭᠤᠳᠠᠯ᠎ᠳᠤ ᠠᠩᠬᠠᠷᠤᠯ᠎ᠢᠶᠠᠨ ᠲᠥᠪᠯᠡᠷᠡᠭᠦᠯᠦᠨ ᠪᠠᠷᠠᠯᠠᠯᠳᠤ ᠴᠢᠨᠠᠷᠲᠠᠢ ᠰᠤᠳᠤᠯᠭᠠᠨ ᠪᠠ ᠪᠠᠢᠯᠳᠤᠬᠤ ᠪᠣᠳᠣᠯᠭ᠎ᠠ᠎ᠶᠢᠨ ᠴᠢᠨᠠᠷᠲᠠᠢ ᠪᠣᠳᠣᠯᠬᠢᠯᠠᠯ᠎ᠢ ᠭᠦᠨᠵᠡᠭᠡᠢᠷᠡᠭᠦᠯᠵᠦ᠂ ᠪᠠᠢᠳᠠᠯ᠎ᠤᠨ ᠬᠤᠪᠢᠷᠠᠯᠲᠠ᠎ᠶᠢ ᠪᠠᠢᠴᠠᠭᠠᠬᠤ᠂ ᠠᠰᠠᠭᠤᠳᠠᠯ᠎ᠤᠨ ᠭᠤᠤᠯ ᠠᠭᠤᠯᠭ᠎ᠠ ᠵᠢ ᠲᠠᠨᠢᠬᠤ᠂ ᠲᠤᠰᠠᠲᠠᠢ ᠠᠷᠭ᠎ᠠ ᠪᠣᠳᠣᠯᠭ᠎ᠠ᠎ᠶᠢ ᠰᠦᠪᠡᠭᠴᠢᠯᠡᠬᠦ᠎ᠶᠢ ᠴᠢᠷᠮᠠᠢᠨ ᠪᠡᠶᠡᠯᠡᠭᠦᠯᠬᠦ ᠬᠡᠷᠡᠭᠳᠡᠢ᠃ ᠠᠷᠠᠳ᠎ᠤᠨ ᠤᠯᠤᠰ ᠲᠦᠷᠦ᠎ᠶᠢᠨ ᠵᠥᠪᠯᠡᠯᠭᠡᠨ ᠠᠷᠠᠳ ᠲᠦᠮᠡᠨ᠎ᠳᠦ ᠦᠢᠯᠡᠴᠢᠯᠡᠬᠦ᠎ᠶᠢ ᠪᠠᠷᠢᠮᠲᠠᠯᠠᠵᠤ᠂ ᠠᠷᠠᠳ᠎ᠲᠤ ᠠᠰᠢᠭ᠍ᠲᠠᠢ ᠦᠭᠡ᠎ᠶᠢ ᠢᠯᠡᠭᠦᠬᠡᠨ ᠬᠡᠯᠡᠵᠤ᠂ ᠠᠷᠠᠳ᠎ᠲᠤ ᠠᠰᠢᠭ᠋ ᠬᠦᠷᠲᠡᠭᠡᠬᠦ ᠶᠠᠪᠤᠳᠠᠯ᠎ᠢ ᠢᠯᠡᠭᠦᠬᠡᠨ ᠬᠢᠵᠦ᠂ ᠣᠳᠣᠬᠢᠴᠢᠯᠠᠯᠲᠠ᠎ᠶᠢᠨ ᠪᠦᠲᠦᠭᠡᠨ ᠪᠠᠢᠭᠤᠯᠤᠯᠲᠠ᠎ᠶᠢᠨ ᠦᠷ᠎ᠡ ᠪᠦᠲᠦᠭᠡᠯ᠎ᠢᠶᠡᠷ ᠪᠦᠬᠦ ᠠᠷᠠᠳ ᠲᠦᠮᠡᠨ᠎ᠳᠦ ᠪᠤᠶᠠᠨ ᠦᠢᠯᠡᠳᠬᠦ᠎ᠶᠢ ᠠᠬᠢᠭᠤᠯᠵᠤ᠂ ᠤᠯᠤᠰ᠎ᠤᠨ ᠳᠣᠲᠣᠭᠠᠳᠤ ᠭᠠᠳᠠᠭᠠᠳᠤ᠎ᠶᠢᠨ ᠳᠤᠮᠳᠠᠳᠤ᠎ᠶᠢᠨ ᠬᠥᠪᠡᠭᠦᠳ ᠥᠬᠢᠳ᠎ᠦᠨ ᠰᠢᠨ᠎ᠡ ᠠᠶᠠᠨ᠎ᠳᠤ ᠡᠷᠡᠯᠬᠡᠭᠯᠡᠨ ᠤᠷᠤᠭᠰᠢᠯᠠᠬᠤ᠂ ᠰᠢᠨ᠎ᠡ ᠴᠠᠭ ᠦᠶ᠎ᠡ᠎ᠳᠦ ᠭᠠᠪᠢᠶ᠎ᠠ ᠪᠠᠶ᠋ᠢᠭᠤᠯᠬᠤ ᠬᠦᠴᠦᠷᠬᠡᠭ ᠶᠡᠬᠡ ᠢᠳᠡᠪᠬᠢ ᠬᠦᠴᠦᠨ᠎ᠢ ᠥᠷᠭᠡᠨ᠎ᠢᠶᠡᠷ ᠨᠢᠭ᠍ᠲᠠᠷᠠᠭᠤᠯᠬᠤ ᠬᠡᠷᠡᠭᠳᠡᠢ ᠭᠡᠵᠤ ᠢᠯᠡᠳᠬᠡᠪᠡ᠃

ᠸᠠᠩ ᠬ᠍ᠤ ᠨᠢᠩ᠂ ᠪᠢᠳᠠ ᠰᠢ᠎ᠶᠢᠨ ᠫᠢᠩ ᠨᠥᠬᠥᠷ᠎ᠢᠶᠡᠷ ᠭᠣᠣᠯ ᠪᠣᠯᠭᠠᠭᠰᠠᠨ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶ᠎ᠡ ᠵᠢᠨ ᠲᠣᠭᠣᠷᠢᠨ᠎ᠳᠤ ᠨᠡᠩ ᠨᠢᠭ᠍ᠲᠠᠷᠠᠨ ᠪᠦᠯᠬᠦᠮᠳᠡᠵᠦ᠂ ᠬᠦᠴᠦ ᠪᠡᠨ ᠬᠠᠮᠳᠤᠳᠬᠠᠵᠤ ᠰᠡᠳᠬᠢᠯ ᠨᠢᠭᠡᠳᠦᠨ᠂ ᠡᠷᠡᠯᠬᠡᠭᠯᠡᠨ ᠤᠷᠤᠭᠰᠢᠯᠠᠵᠤ᠂ ᠨᠡᠢᠭᠡᠮ ᠵᠢᠷᠤᠮ᠎ᠤᠨ ᠣᠳᠣᠬᠢᠴᠢᠯᠠᠯᠲᠠ ᠵᠢᠨ ᠬᠦᠴᠦᠷᠬᠡᠭ ᠤᠯᠤᠰ᠎ᠤᠨ ᠪᠦᠲᠦᠭᠡᠨ ᠪᠠᠢᠭᠤᠯᠤᠯᠲᠠ᠎ᠶᠢ ᠪᠦᠬᠦ ᠲᠠᠯ᠎ᠠ᠎ᠪᠠᠷ ᠠᠬᠢᠭᠤᠯᠬᠤ᠎ᠶᠢᠨ ᠲᠥᠯᠥᠭᠡ ᠴᠥᠬᠥᠷᠡᠰᠢ ᠦᠭᠡᠢ ᠲᠡᠮᠡᠴᠡᠵᠡᠭᠡᠶ᠎ᠡ ᠭᠡᠵᠤ ᠢᠯᠡᠳᠬᠡᠪᠡ᠃

ᠲᠡᠭᠦᠰᠬᠦ ᠬᠤᠷᠠᠯ᠎ᠳᠤ ᠣᠷᠣᠯᠴᠠᠭᠰᠠᠨ ᠤᠳᠤᠷᠢᠳᠬᠤ ᠨᠥᠬᠥᠳ᠎ᠲᠦ ᠪᠠᠰᠠ᠄ ᠸᠠᠩ ᠢ᠂ ᠶᠢᠨ ᠯᠢ᠂ ᠯᠢᠦ ᠭᠦᠸᠧ ᠵᠥᠩ᠂ ᠯᠢ ᠭᠠᠨ ᠵᠢᠶᠧ᠂ ᠯᠢ ᠱᠦ᠍ ᠯᠧᠢ᠂ ᠯᠢ ᠬᠣᠩ ᠵᠥᠩ᠂ ᠾᠧ ᠯᠢ ᠹᠧᠩ᠂ ᠴᠧᠨ ᠸᠸᠨ ᠴᠢᠩ᠂ ᠴᠧᠨ ᠵᠢᠢ ᠨᠢᠩ᠂ ᠴᠧᠨ ᠮᠢᠨ ᠡᠯ᠂ ᠶᠤᠸᠠᠨ ᠵᠢᠶᠠ ᠵᠢᠶᠦ᠋ᠨ᠂ ᠬᠤᠸᠠᠩ ᠺᠦᠨ ᠮᠢᠩ᠂ ᠯᠢᠦ᠎ᠶᠢᠨ ᠭᠦᠸᠧ᠂ ᠸᠠᠩ ᠰᠢᠶᠣᠣ ᠬᠣᠩ᠂ ᠵᠠᠩ ᠱᠧᠩ ᠮᠢᠨ᠂ ᠸᠠᠩ ᠳ᠋ᠦᠩ ᠮᠢᠩ᠂ ᠰᠢᠶᠣᠣ ᠵᠢᠶᠧ᠂ ᠵᠧᠩ ᠵᠢᠶᠠᠨ ᠪᠠᠩ᠂ ᠳ᠋ᠢᠩ ᠵᠥᠩ ᠯᠢ᠂ ᠼᠠᠢ ᠳᠠ ᠹᠧᠩ᠂ ᠾᠧ ᠸᠧᠢ᠂ ᠦ᠋ ᠸᠧᠢ ᠬᠤᠸᠠ᠂ ᠲᠢᠶᠸ ᠨᠢᠩ᠂ ᠫᠧᠩ ᠴᠢᠩ ᠬᠤᠸᠠ᠂ ᠵᠠᠩ ᠴᠢᠩ ᠸᠧᠢ᠂ ᠯᠣᠪᠰᠠᠩᠵᠠᠯᠰᠠᠨ᠂ ᠰᠢᠦᠸᠠᠶ᠋ᠢᠺᠸᠯᠠᠶ᠋ᠢᠲ·ᠵᠠᠺᠸᠯ᠂ ᠦ᠋ ᠵᠧᠩ ᠯᠦᠩ᠂ ᠱᠸᠨ ᠢ ᠴᠢᠨ᠂ ᠵᠠᠩ ᠵᠢᠶᠦ᠋ᠨ᠂ ᠶᠢᠩ ᠶᠦᠩ ᠨᠠᠷ ᠪᠤᠢ᠃

ᠳᠣᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠂ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠦᠨ ᠶᠡᠬᠡ ᠬᠤᠷᠠᠯ᠎ᠤᠨ ᠪᠠᠢᠨᠭᠭᠤ ᠵᠢᠨ ᠬᠤᠷᠢᠶ᠎ᠠ᠂ ᠲᠦᠷᠦ ᠵᠢᠨ ᠶᠠᠪᠤᠳᠠᠯ᠎ᠤᠨ ᠬᠤᠷᠢᠶ᠎ᠠ ᠵᠢᠨ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠨ ᠬᠠᠷᠢᠭᠤᠴᠠᠯᠭᠠᠲᠠᠨ ᠨᠦᠬᠦᠳ ᠲᠡᠭᠦᠰᠬᠦ ᠬᠤᠷᠠᠯ᠎ᠳᠦ ᠰᠤᠯᠠ ᠤᠷᠤᠯᠴᠠᠪᠠ᠃ ᠳᠤᠮᠳᠠᠳᠤ ᠤᠯᠤᠰ᠎ᠲᠤ ᠰᠠᠭᠤᠭ᠎ᠠ ᠭᠠᠳᠠᠭᠠᠳᠤ᠎ᠶᠢᠨ ᠡᠯᠴᠢᠨ ᠰᠠᠢᠳ᠂ ᠭᠠᠳᠠᠭᠠᠳᠤ᠎ᠳᠤ ᠰᠠᠭᠤᠭ᠎ᠠ ᠳᠤᠮᠳᠠᠳᠤ᠎ᠶᠢᠨ ᠬᠠᠷᠢᠶᠠᠲᠤ ᠨᠠᠷ ᠤᠷᠢᠯᠭ᠎ᠠ᠎ᠪᠠᠷ ᠲᠡᠭᠦᠰᠬᠦ ᠬᠤᠷᠠᠯ᠎ᠳᠤ ᠣᠷᠣᠯᠴᠠᠪᠠ᠃

ᠶᠡᠬᠡ ᠬᠤᠷᠠᠯ ᠰᠦᠷ ᠵᠢᠪᠬᠤᠯᠠᠩᠲᠤ ᠤᠯᠤᠰ᠎ᠤᠨ ᠰᠦᠯᠳᠡ ᠳᠠᠭᠤᠤ᠎ᠶᠢᠨ ᠳᠤᠮᠳᠠ ᠲᠡᠭᠦᠰᠴᠠᠢ᠃

(ᠱᠢᠨᠬᠤᠸᠠ ᠬᠤᠷᠢᠶ᠎ᠠ᠎ᠵᠢᠨ ᠪᠡᠭᠡᠵᠢᠩ᠎ᠦᠨ 3 ᠰᠠᠷ᠎ᠠ᠎ᠶ᠋ᠢᠨ 11 ᠤ᠋ ᠴᠠᠬᠢᠯᠭᠠᠨ ᠮᠡᠳᠡᠭᠡ) 

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号