2026 ᠣᠨ ᠎ᠤ ᠴᠠᠭᠠᠨ ᠰᠠᠷ᠎ᠠ ᠎ᠶᠢᠨ ᠬᠠᠮᠲᠤ᠎ᠶᠢᠨ ᠵᠣᠯᠭᠠᠯᠲᠠ ᠳᠡᠭᠡᠷᠡᠬᠢ ᠶᠠᠷᠢᠶ᠎ᠠ ᠡᠴᠡ ᠠᠵᠢᠯ ᠲᠥᠷᠥᠯ ᠤ᠋ᠨ ᠬᠦᠴᠢᠷᠳᠡᠯ ᠢ᠋ ᠱᠢᠶ᠋ᠳᠪᠦᠷᠢᠯᠡᠨ ᠠᠴᠢᠶ᠎ᠠ ᠲᠣᠬᠢᠷᠠᠭᠤᠯᠬᠤ ᠦᠷ᠎ᠡ ᠪᠦᠲᠦᠮᠵᠢ ᠢ᠋ᠢ ᠳᠡᠭᠡᠭ᠌ᠰᠢᠯᠡᠭᠦᠯᠪᠠ — 《AI ᠬᠠᠪᠰᠤᠷᠤᠬᠴᠢ 》 ᠥᠪᠥᠷ ᠮᠣᠩᠭᠣᠯ ᠡᠴᠡ ᠡᠭᠡᠯᠵᠢ ᠢ᠋ᠢᠨ ᠨᠢᠰᠭᠡᠯ ᠳ᠋ᠤ ᠭᠠᠷᠴᠠᠢ
2026-03-15 11:55:02
ᠵᠣᠬᠢᠶᠠᠭ᠍ᠴᠢ᠄
ᠦᠨᠢᠷ
ᠣᠩᠱᠢᠭ᠍ᠰᠠᠨ ᠣᠳᠠᠭ᠎ᠠ᠄
★★★☆☆

《ᠡᠨᠡ ᠪᠣᠯ ᠪᠢᠳᠡᠨ ᠤ᠋ ᠡᠭᠡᠯᠵᠢ ᠢ᠋ᠢᠨ ᠨᠢᠰᠭᠡᠯ ᠤ᠋ᠨ ᠠᠦ᠋ᠲ᠋ᠣᠴᠢᠯᠠᠭ᠍ᠰᠠᠨ ᠠᠴᠢᠶ᠎ᠠ ᠲᠣᠬᠢᠷᠠᠭᠤᠯᠬᠤ AI ᠬᠠᠪᠰᠤᠷᠤᠬᠴᠢ ᠵᠢᠨ ᠱᠢᠰᠲ᠋ᠧᠮ ᠪᠤᠯᠤᠨ᠎ᠠ᠃ ᠲᠤᠰ ᠱᠢᠰᠲ᠋ᠧᠮ ᠢ᠋ ᠠᠰᠢᠭᠯᠠᠯᠳᠠ ᠳ᠋ᠤ ᠤᠷᠤᠭᠤᠯᠤᠭᠰᠠᠨ ᠡᠴᠡ ᠠᠵᠢᠯ ᠲᠦᠷᠤᠯ ᠤ᠋ᠨ ᠬᠦᠴᠢᠷᠳᠡᠯ ᠢ᠋ ᠰᠢᠢᠳᠪᠤᠷᠢᠯᠡᠨ ᠠᠴᠢᠶ᠎ᠠ ᠲᠤᠬᠢᠷᠠᠭᠤᠯᠬᠤ ᠠᠵᠢᠯ ᠢ᠋ ᠪᠦᠷᠢᠮᠦᠰᠤᠨ ᠤᠶᠤᠨᠴᠢᠯᠠᠵᠤ᠂ ᠬᠥᠮᠦᠨ ᠤ᠋ ᠬᠦᠴᠦ ᠪᠡᠷ ᠠᠴᠢᠶ᠎ᠠ ᠲᠤᠬᠢᠷᠠᠭᠤᠯᠵᠤ ᠪᠠᠢᠭᠰᠠᠨ ᠲᠠᠶ ᠬᠠᠷᠢᠴᠠᠭᠤᠯᠪᠠᠯ ᠦᠷ᠎ᠡ ᠪᠦᠲᠦᠮᠵᠢ ᠨᠢ ᠮᠡᠳᠡᠭᠳᠡᠮ᠎ᠠ ᠳᠡᠭᠡᠭᠰᠢᠯᠡᠪᠡ》ᠬᠡᠵᠤ ᠥᠪᠥᠷ ᠮᠣᠩᠭᠣᠯ ᠤ᠋ᠨ ᠨᠢᠰᠭᠡᠯ ᠤ᠋ᠨ ᠪᠠᠭᠤᠳᠠᠯ ᠤ᠋ᠨ ᠪᠦᠯᠦᠭ᠌ᠯᠡᠯ ᠤ᠋ᠨ ᠲᠦᠷᠦᠬᠦᠤ ᠠᠴᠢᠶ᠎ᠠ ᠲᠣᠬᠢᠷᠠᠭᠤᠯᠤᠬᠴᠢ ᠼᠦᠢ ᠵᠢᠶᠠᠨ AI ᠬᠠᠪᠰᠤᠷᠤᠬᠴᠢ ᠵᠢᠨ ᠱᠢᠰᠲ᠋ᠧᠮ ᠢ᠋ ᠠᠵᠢᠯᠯᠠᠭᠤᠯᠬᠤ ᠢ᠋ᠢᠨ ᠳᠠᠭᠠᠤ ᠬᠥᠬᠡᠬᠣᠲᠠ ᠢ᠋ᠢᠨ ᠴᠠᠭᠠᠨ ᠰᠤᠪᠤᠷᠭ᠎ᠠ ᠣᠯᠠᠨ ᠤᠯᠤᠰ ᠤ᠋ᠨ ᠨᠢᠰᠭᠡᠯ ᠤ᠋ᠨ ᠪᠠᠭᠤᠳᠠᠯ ᠤ᠋ᠨ ᠡᠭᠡᠯᠵᠢ ᠢ᠋ᠢᠨ ᠨᠢᠰᠭᠡᠯ ᠤ᠋ᠨ ᠠᠴᠢᠶ᠎ᠠ ᠲᠣᠬᠢᠷᠠᠭᠤᠯᠬᠤ ᠠᠵᠢᠯ ᠵᠢᠡᠨ ᠲᠠᠨᠢᠯᠴᠠᠭᠤᠯᠤᠨ᠎ᠠ᠃

ᠼᠦᠢ ᠵᠢᠶᠠᠨ ᠤ᠋ ᠬᠡᠯᠡᠵᠤ ᠪᠠᠢᠭ᠎ᠠ ᠡᠭᠡᠯᠵᠢ ᠢ᠋ᠢᠨ ᠨᠢᠰᠭᠡᠯ ᠤ᠋ᠨ ᠠᠦ᠋ᠲ᠋ᠣᠴᠢᠯᠠᠭ᠍ᠰᠠᠨ ᠠᠴᠢᠶ᠎ᠠ ᠲᠣᠬᠢᠷᠠᠭᠤᠯᠬᠤ AI ᠬᠠᠪᠰᠤᠷᠤᠬᠴᠢ ᠵᠢᠨ ᠰᠢᠰᠲᠸᠮ ᠪᠤᠯ ᠥᠪᠥᠷ ᠮᠣᠩᠭᠣᠯ ᠤ᠋ᠨ ᠨᠢᠰᠭᠡᠯ ᠤ᠋ᠨ ᠪᠠᠭᠤᠳᠠᠯ ᠤ᠋ᠨ ᠪᠦᠯᠦᠭ᠌ᠯᠡᠯ ᠤ᠋ᠨ ᠪᠡᠶ᠎ᠡ ᠪᠡᠨ ᠳᠠᠭᠠᠭᠠᠵᠤ ᠰᠤᠳᠤᠯᠤᠨ ᠦᠶ᠋ᠯᠡᠳᠦᠭ᠌ᠰᠡᠨ ᠣᠶᠤᠨᠴᠢ ᠠᠴᠢᠶ᠎ᠠ ᠲᠣᠬᠢᠷᠠᠭᠤᠯᠬᠤ ᠱᠢᠰᠲ᠋ᠧᠮ ᠪᠠᠢᠵᠤ᠂ ᠨᠢᠳᠤᠨᠤᠨ ᠤ᠋ 12 ᠰᠠᠷ᠎ᠠ ᠳ᠋ᠤ ᠬᠥᠬᠡᠬᠣᠲᠠ ᠢ᠋ᠢᠨ ᠴᠠᠭᠠᠨ ᠰᠤᠪᠤᠷᠭ᠎ᠠ ᠣᠯᠠᠨ ᠤᠯᠤᠰ ᠤ᠋ᠨ ᠨᠢᠰᠭᠡᠯ ᠤ᠋ᠨ ᠪᠠᠭᠤᠳᠠᠯ ᠳ᠋ᠤ ᠲᠤᠷᠱᠢᠨ ᠠᠵᠢᠯᠯᠠᠭᠤᠯᠵᠡᠢ᠃

ᠡᠭᠡᠯᠵᠢ ᠢ᠋ᠢᠨ ᠨᠢᠰᠭᠡᠯ ᠤ᠋ᠨ ᠠᠴᠢᠶ᠎ᠠ ᠲᠤᠬᠢᠷᠠᠭᠤᠯᠤᠯᠳᠠ ᠪᠤᠯ ᠡᠭᠡᠯᠵᠢ ᠢ᠋ᠢᠨ ᠨᠢᠰᠭᠡᠯ ᠤ᠋ᠨ ᠠᠮᠤᠷ ᠲᠦᠪᠰᠢᠨ ᠠᠶᠠᠯᠠᠯ  ᠢ᠋ ᠪᠠᠳᠤᠯᠠᠬᠤ ᠭᠤᠤᠯ ᠭᠣᠭ᠍ᠴᠣᠭ᠎ᠠ ᠪᠤᠯᠤᠨ᠎ᠠ᠂ ᠨᠢᠰᠭᠡᠯ ᠤ᠋ᠨ ᠪᠠᠭᠤᠳᠠᠯ ᠡᠴᠡ ᠡᠭᠡᠯᠵᠢ ᠢ᠋ᠢᠨ ᠨᠢᠰᠭᠡᠯ ᠤ᠋ᠨ ᠠᠶᠠᠨᠴᠢᠳ ᠤ᠋ᠨ ᠲᠣᠭ᠎ᠠ ᠪᠤᠯᠤᠨ ᠠᠴᠢᠶ᠎ᠠ ᠢ᠋ᠢᠨ ᠬᠦᠨᠳᠦᠴᠡ ᠵᠡᠷᠭᠡ ᠲᠣᠭ᠎ᠠ ᠪᠠᠷᠢᠮᠲᠠ ᠢ᠋ᠢ ᠦᠨᠳᠦᠰᠦᠯᠡᠨ ᠨᠢᠰᠭᠡᠯ ᠳᠡᠭᠡᠷᠡᠬᠢ ᠠᠶᠠᠨᠴᠢᠨ ᠪᠠ ᠠᠴᠢᠶ᠎ᠠ ᠵᠡᠷᠭᠡ ᠢ᠋ᠢᠨ ᠲᠠᠷᠬᠠᠯᠲᠠ ᠢ᠋ᠢ ᠵᠦᠶ ᠵᠣᠬᠢᠰᠲᠠᠶ ᠲᠣᠬᠢᠷᠠᠭᠤᠯᠵᠤ᠂ ᠨᠢᠰᠭᠡᠯ ᠤ᠋ᠨ ᠨᠢᠰᠦᠯᠲᠡ ᠢ᠋ᠢᠨ ᠶᠠᠪᠤᠴᠠ ᠳ᠋ᠡᠬᠢ ᠲᠡᠩᠴᠡᠭᠦᠷᠢᠲᠤ ᠪᠠᠢᠳᠠᠯ ᠬᠢᠬᠡᠳ ᠠᠮᠤᠷ ᠲᠦᠪᠱᠢᠨ ᠢ᠋ ᠪᠠᠲᠤᠯᠠᠳᠠᠭ᠃ ᠣᠷᠳᠣ ᠬᠤᠭᠤᠴᠠᠭᠠᠨ ᠤ᠋ ᠲᠤᠷᠰᠢ᠂ ᠤᠯᠠᠮᠵᠢᠯᠠᠯᠲᠤ ᠠᠴᠢᠶ᠎ᠠ ᠲᠣᠬᠢᠷᠠᠭᠤᠯᠬᠤ ᠵᠠᠭ᠍ᠪᠤᠷ ᠨᠢ ᠵᠦᠪᠬᠡᠨ ᠬᠥᠮᠦᠨ ᠤ᠋ ᠬᠦᠴᠦᠨ ᠤ᠋ ᠲᠤᠷᠱᠢᠯᠭ᠎ᠠ ᠳ᠋ᠤ ᠲᠦᠱᠢᠭ᠌ᠯᠡᠳᠡᠭ ᠪᠦᠭᠡᠳ ᠶᠠᠪᠤᠴᠠ ᠨᠢ ᠪᠤᠳᠤᠯᠢᠶᠠᠨᠲᠠᠢ ᠪᠠᠢᠵᠤ᠂ ᠠᠴᠢᠶ᠎ᠠ ᠲᠣᠬᠢᠷᠠᠭᠤᠯᠤᠭ᠍ᠴᠢ ᠡᠴᠡ ᠶᠡᠬᠡ ᠬᠡᠮᠵᠢᠶᠡᠨ ᠤ᠋ ᠲᠣᠭ᠎ᠠ ᠪᠠᠷᠢᠮᠲᠠ ᠢ᠋ᠢ ᠪᠣᠯᠪᠠᠰᠤᠷᠠᠩᠭᠤᠶ ᠪᠡᠷ ᠴᠡᠭᠡᠵᠢᠯᠡᠬᠦ ᠴᠢᠬᠤᠯᠠ ᠳᠠᠢ ᠮᠦᠷᠳᠡᠬᠡᠨ ᠣᠷᠭᠢᠯ ᠤ᠋ᠨ ᠬᠤᠭᠤᠴᠠᠭᠠᠨ ᠳ᠋ᠤ ᠠᠵᠢᠯ ᠤ᠋ᠨ ᠡᠷᠴᠢᠮ ᠨᠢ ᠲᠤᠢᠯ ᠤ᠋ᠨ ᠴᠢᠩᠭ᠎ᠠ᠂ ᠲᠠᠬᠢᠨ ᠳᠠᠪᠲᠠᠨ ᠠᠵᠢᠯᠯᠠᠬᠤ ᠪᠠᠢᠳᠠᠯ ᠣᠯᠠᠨ ᠭᠠᠷᠴᠤ᠂ 《ᠪᠤᠷᠤᠭᠤᠳᠠᠬᠤ᠂ ᠮᠠᠷᠲᠠᠬᠤ᠂ ᠣᠷᠬᠢᠭ᠍ᠳᠠᠭᠤᠯᠬᠤ》 ᠵᠡᠷᠭᠡ ᠲᠦᠭ᠌ᠰᠢᠭᠦᠷᠢ ᠣᠷᠣᠱᠢᠭᠰᠠᠭᠠᠷ ᠢᠷᠡᠵᠠᠢ᠃

ᠼᠦᠢ ᠵᠢᠶᠠᠨ ᠤ᠋ ᠲᠠᠨᠢᠯᠴᠠᠭᠤᠯᠤᠭᠰᠠᠨ ᠵᠢᠡᠷ᠂ ᠬᠥᠬᠡᠬᠣᠲᠠ ᠢ᠋ᠢᠨ ᠴᠠᠭᠠᠨ ᠰᠤᠪᠤᠷᠭ᠎ᠠ ᠣᠯᠠᠨ ᠤᠯᠤᠰ ᠤ᠋ᠨ ᠨᠢᠰᠭᠡᠯ ᠤ᠋ᠨ ᠪᠠᠭᠤᠳᠠᠯ ᠢ᠋ᠢᠡᠷ ᠵᠢᠱ᠌ᠢᠶᠡᠯᠡᠪᠡᠯ᠂ ᠦᠩᠬᠡᠷᠡᠭᠰᠡᠨ ᠳ᠋ᠤ ᠡᠭᠡᠯᠵᠢ ᠢ᠋ᠢᠨ ᠨᠢᠰᠭᠡᠯ ᠤ᠋ᠨ ᠠᠴᠢᠶ᠎ᠠ ᠵᠢ ᠲᠣᠬᠢᠷᠠᠭᠤᠯᠬᠤ ᠳ᠋ᠤ ᠨᠠᠭᠠᠳᠤ ᠵᠠᠬ᠎ᠠ ᠳ᠋ᠠᠭᠠᠨ 13 ᠪᠠᠢᠴᠠᠭᠠᠨ ᠯᠠᠪᠯᠠᠬᠤ ᠠᠯᠬᠤᠮ ᠳᠠᠷᠠᠭ᠎ᠠ ᠪᠤᠯᠤᠨ 8 ᠠᠵᠢᠯᠯᠠᠬᠤᠢ ᠵᠢᠨ ᠠᠯᠬᠤᠮ ᠳᠠᠷᠠᠭ᠎ᠠ ᠢ᠋ᠢ ᠦᠡᠭᠭᠡᠷᠡᠭᠦᠯᠬᠦ ᠬᠡᠷᠡᠭ ᠲᠠᠢ ᠪᠦᠬᠡᠳ ᠪᠠᠰᠠ ᠪᠠᠷᠠᠭ᠎ᠠ ᠠᠴᠢᠶᠠᠯᠠᠬᠤ ᠲᠥᠰᠦᠯ ᠢ᠋ ᠨᠠᠷᠢᠯᠢᠭ ᠣᠨᠣᠴᠠᠲᠠᠶ ᠪᠤᠳᠤᠬᠤ ᠴᠢᠬᠤᠯᠠ ᠲᠠᠢ᠃ ᠠᠴᠢᠶ᠎ᠠ ᠲᠣᠬᠢᠷᠠᠭᠤᠯᠤᠭ᠍ᠴᠢ ᠪᠠᠰᠠ ᠨᠠᠭᠠᠳᠤ ᠵᠠᠬ᠎ᠠ ᠳ᠋ᠠᠭᠠᠨ 35 ᠠᠭᠠᠷ ᠤ᠋ᠨ ᠠᠶᠠᠯᠠᠯ ᠤ᠋ᠨ ᠺᠣᠮᠫᠠᠨᠢ᠂ 13 ᠲᠦᠷᠦᠯ ᠤ᠋ᠨ ᠨᠢᠰᠬᠡᠯ ᠤ᠋ᠨ ᠬᠡᠯᠪᠡᠷᠢ ᠢ᠋ᠢᠨ 1500 ᠵᠦᠶ᠋ᠯ ᠤ᠋ᠨ ᠠᠴᠢᠶ᠎ᠠ ᠲᠣᠬᠢᠷᠠᠭᠤᠯᠬᠤ ᠱᠠᠭᠠᠷᠳᠠᠯᠭ᠎ᠠ ᠢ᠋ᠢ ᠣᠢᠯᠠᠭᠠᠬᠤ ᠬᠡᠷᠡᠭ᠌ ᠲᠡᠶ ᠪᠠᠢᠳᠠᠭ᠃ ᠡᠭᠦᠨ ᠤ᠋ ᠳᠡᠭᠡᠷ᠎ᠡ ᠪᠤᠰᠤᠳ ᠮᠡᠳᠡᠭᠡ ᠵᠠᠩᠭᠢ ᠨᠢ ᠴᠦ᠍ ᠲᠦᠪᠡᠭ ᠪᠤᠳᠤᠯᠢᠶᠠᠨᠲᠠᠶ ᠪᠣᠯᠬᠣᠷ ᠬᠥᠮᠦᠨ ᠤ᠋ ᠬᠦᠴᠦ ᠪᠡᠷ ᠠᠴᠢᠶ᠎ᠠ ᠲᠤᠬᠢᠷᠠᠭᠤᠯᠬᠤ ᠲᠥᠰᠦᠯ ᠢ᠋ ᠲᠣᠭ᠍ᠲᠠᠭᠠᠬᠤ ᠨᠢ ᠦᠷ᠎ᠡ ᠪᠦᠲᠦᠮᠵᠢ ᠪᠡᠷ ᠬᠢᠵᠠᠭᠠᠷ ᠲᠠᠶ ᠮᠦᠷᠳᠡᠬᠡᠨ ᠲᠣᠰᠣ ᠠᠷᠪᠢᠯᠠᠬᠤ ᠢ᠋ᠢ ᠬᠠᠮᠲᠤ ᠳ᠋ᠤᠨᠢ ᠬᠠᠷᠠᠭᠠᠯᠵᠠᠬᠤ ᠦᠷ᠎ᠡ ᠳ᠋ᠦᠩ ᠳ᠋ᠤ ᠬᠦᠷᠴᠦ᠍ ᠴᠢᠳᠠᠬᠤ ᠦᠭᠡᠶ ᠪᠠᠢᠵᠠᠢ᠃

ᠡᠭᠡᠯᠵᠢ ᠢ᠋ᠢᠨ ᠨᠢᠰᠭᠡᠯ ᠤ᠋ᠨ ᠠᠴᠢᠶ᠎ᠠ ᠲᠣᠬᠢᠷᠠᠭᠤᠯᠬᠤ ᠦᠷ᠎ᠡ ᠪᠦᠲᠦᠮᠵᠢ ᠢ᠋ᠢ ᠬᠡᠷᠬᠢᠨ ᠳᠡᠭᠡᠭ᠌ᠰᠢᠯᠡᠭᠦᠯᠵᠦ᠍᠂ ᠠᠴᠢᠶ᠎ᠠ ᠲᠣᠬᠢᠷᠠᠭᠤᠯᠤᠭ᠍ᠴᠢ ᠢ᠋ᠢᠨ ᠠᠵᠢᠯ ᠤ᠋ᠨ ᠳᠠᠷᠤᠯᠲᠠ ᠢ᠋ᠢ ᠬᠡᠷᠬᠢᠨ ᠬᠥᠩᠭᠡᠷᠡᠭᠦᠯᠬᠦ᠌ ᠪᠣᠶ? 《ᠡᠭᠡᠯᠵᠢ ᠢ᠋ᠢᠨ ᠨᠢᠰᠭᠡᠯ ᠤ᠋ᠨ ᠠᠴᠢᠶ᠎ᠠ ᠢ᠋ᠢ ᠲᠣᠬᠢᠷᠠᠭᠤᠯᠬᠤ ᠶᠠᠪᠤᠳᠠᠯ ᠨᠢ ᠠᠵᠢᠯ ᠲᠥᠷᠥᠯ ᠤ᠋ᠨ ᠬᠦᠴᠢᠷ ᠠᠰᠠᠭᠤᠳᠠᠯ ᠪᠣᠯᠤᠭ᠍ᠰᠠᠭᠠᠷ ᠢᠷᠡᠵᠡᠶ᠃ ᠵᠣᠬᠢᠶᠠᠮᠠᠯ ᠣᠶᠤᠨ ᠴᠢᠳᠠᠪᠤᠷᠢ ᠢ᠋ᠢᠨ ᠬᠥᠭ᠌ᠵᠢᠯᠲᠡ ᠢ᠋ᠢ ᠳᠠᠭᠠᠯᠳᠤᠨ᠂ ᠪᠢᠳᠡᠨ ᠳ᠋ᠤ AI ᠮᠡᠷᠭᠡᠵᠢᠯ ᠢ᠋ᠢᠡᠷ ᠡᠬᠡᠯᠵᠢ ᠵᠢᠨ ᠨᠢᠰᠬᠡᠯ ᠤ᠋ᠨ ᠠᠴᠢᠶ᠎ᠠ ᠲᠣᠬᠢᠷᠠᠭᠤᠯᠬᠤ ᠬᠦᠴᠢᠷ ᠠᠰᠠᠭᠤᠳᠠᠯ ᠢ᠋ ᠱᠢᠶ᠋ᠳᠪᠦᠷᠢᠯᠡᠬᠦ᠌ ᠪᠣᠳᠣᠯ ᠬᠦᠪᠤᠷᠡᠵᠤ ᠂ ᠡᠬᠦᠨ ᠤ᠋ ᠲᠦᠯᠦᠬᠡ ᠬᠦᠴᠦᠯᠡᠨ ᠴᠢᠷᠮᠠᠢᠯ᠎ᠠ》ᠬᠡᠵᠤ ᠥᠪᠥᠷ ᠮᠣᠩᠭᠣᠯ ᠤ᠋ᠨ ᠨᠢᠰᠭᠡᠯ ᠤ᠋ᠨ ᠪᠠᠭᠤᠳᠠᠯ ᠤ᠋ᠨ ᠪᠦᠯᠦᠭ᠌ᠯᠡᠯ ᠤ᠋ᠨ ᠮᠡᠳᠡᠭᠡ ᠵᠠᠩᠭᠢ ᠢ᠋ᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ ᠤ᠋ᠨ ᠭᠠᠵᠠᠷ ᠤ᠋ᠨ ᠤᠶᠤᠨᠲᠤ ᠨᠢᠰᠭᠡᠯ ᠤ᠋ᠨ ᠪᠠᠭᠤᠳᠠᠯ ᠤ᠋ᠨ ᠪᠥᠲᠥᠭᠡᠨ ᠪᠠᠢᠭᠤᠯᠤᠯᠲᠠ ᠢ᠋ᠢᠨ ᠲᠥᠯᠥᠪᠵᠢᠭᠦᠯᠭᠡ ᠢ᠋ᠢᠨ ᠲᠤᠬᠠᠢᠯᠠᠭ᠍ᠰᠠᠨ ᠠᠵᠢᠯ ᠤ᠋ᠨ ᠳᠠᠭᠠᠭᠠᠮᠠᠯ ᠱᠢᠤᠢ ᠱᠢᠨ ᠹᠸᠢ ᠬᠡᠯᠡᠨ᠎ᠠ᠃ 2025 ᠣᠨ ᠤ᠋ 10 ᠰᠠᠷ᠎ᠠ ᠢ᠋ᠢᠨ 12 ᠤ᠋ᠨ ᠡᠳᠦᠷ᠂ ᠪᠥᠬᠥ᠌ ᠤᠯᠤᠰ ᠤ᠋ᠨ ᠠᠩᠬᠠᠳᠠᠭ᠍ᠴᠢ ᠡᠭᠡᠯᠵᠢ ᠢ᠋ᠢᠨ ᠨᠢᠰᠭᠡᠯ ᠤ᠋ᠨ ᠠᠦ᠋ᠲ᠋ᠣᠴᠢᠯᠠᠭ᠍ᠰᠠᠨ ᠠᠴᠢᠶ᠎ᠠ ᠲᠣᠬᠢᠷᠠᠭᠤᠯᠬᠤ AI ᠬᠠᠪᠰᠤᠷᠤᠬᠴᠢ ᠵᠢᠨ ᠱᠢᠰᠲ᠋ᠧᠮ ᠢ᠋ ᠬᠥᠬᠡᠬᠣᠲᠠ ᠢ᠋ᠢᠨ ᠴᠠᠭᠠᠨ ᠰᠤᠪᠤᠷᠭ᠎ᠠ ᠣᠯᠠᠨ ᠤᠯᠤᠰ ᠤ᠋ᠨ ᠨᠢᠰᠭᠡᠯ ᠤ᠋ᠨ ᠪᠠᠭᠤᠳᠠᠯ ᠳ᠋ᠤ ᠰᠤᠷᠢᠨ ᠠᠵᠢᠯᠯᠠᠭᠤᠯᠤᠭ᠍ᠰᠠᠨ ᠡᠴᠡ ᠨᠠᠭᠠᠰᠢ᠂ ᠰᠤᠳᠤᠯᠤᠨ ᠨᠡᠭᠡᠭᠡᠬᠦ᠌ ᠠᠵᠢᠯᠳᠠᠳ ᠨᠡᠢᠳᠡ 23 ᠵᠦᠶ᠋ᠯ ᠤ᠋ᠨ ᠴᠢᠳᠠᠮᠵᠢ ᠢ᠋ᠢ ᠱᠢᠯᠢᠳᠡᠭ᠌ᠵᠢᠭᠦᠯᠵᠤ᠂ ᠠᠴᠢᠶ᠎ᠠ ᠲᠣᠬᠢᠷᠠᠭᠤᠯᠬᠤ ᠠᠵᠢᠯ ᠤ᠋ᠨ ᠬᠡᠷᠡᠭ᠌ᠴᠡᠭᠡ ᠢ᠋ᠢ ᠬᠠᠩᠭᠠᠬᠤ ᠴᠢᠳᠠᠪᠤᠷᠢ ᠵᠢ ᠨᠢ ᠲᠠᠰᠤᠷᠠᠯᠳᠠ ᠦᠬᠡᠢ ᠲᠡᠬᠦᠯᠳᠡᠷᠵᠢᠬᠦᠯᠪᠠ᠃

ᠥᠪᠥᠷ ᠮᠣᠩᠭᠣᠯ ᠤ᠋ᠨ ᠨᠢᠰᠭᠡᠯ ᠤ᠋ᠨ ᠪᠠᠭᠤᠳᠠᠯ ᠤ᠋ᠨ ᠪᠦᠯᠦᠭ᠌ᠯᠡᠯ ᠤ᠋ᠨ ᠡᠨᠡ ᠬᠦ᠌ ᠡᠭᠡᠯᠵᠢ ᠢ᠋ᠢᠨ ᠨᠢᠰᠭᠡᠯ ᠤ᠋ᠨ ᠠᠦ᠋ᠲ᠋ᠣᠴᠢᠯᠠᠭ᠍ᠰᠠᠨ ᠠᠴᠢᠶ᠎ᠠ ᠲᠣᠬᠢᠷᠠᠭᠤᠯᠬᠤ AI ᠬᠠᠪᠰᠤᠷᠤᠬᠴᠢ ᠵᠢᠨ ᠱᠢᠰᠲ᠋ᠧᠮ ᠳ᠋ᠤ ᠠᠷᠠᠳ ᠤ᠋ᠨ ᠠᠭᠠᠷ ᠤ᠋ᠨ ᠲᠡᠭᠡᠭᠡᠪᠦᠷᠢ ᠢ᠋ᠢᠨ ᠬᠠᠤᠯᠢ ᠲᠣᠭ᠍ᠲᠠᠭᠠᠯ᠂ ᠨᠢᠰᠭᠡᠯ ᠤ᠋ᠨ ᠬᠡᠯᠪᠡᠷᠢ ᠢ᠋ᠢᠨ ᠪᠣᠯᠵᠣᠯᠲᠤ ᠲᠣᠭ᠎ᠠ᠂ ᠠᠴᠢᠶ᠎ᠠ ᠢ᠋ᠢᠨ ᠲᠡᠩᠴᠡᠭᠦᠷᠢ ᠢ᠋ᠢᠨ ᠲᠦᠷᠢᠮ ᠵᠡᠷᠭᠡ 12 ᠲᠥᠷᠥᠯ ᠤ᠋ᠨ ᠲᠤᠰᠭᠠᠶ ᠮᠡᠷᠭᠡᠵᠢᠯ ᠤ᠋ᠨ ᠮᠡᠳᠡᠯᠭᠡ ᠢ᠋ᠢᠨ ᠬᠥᠮᠥᠷᠭᠡ ᠢ᠋ᠢ ᠬᠤᠷᠠᠮᠳᠤᠭᠤᠯᠵᠤ᠂ ᠲᠡᠷᠡ ᠨᠢ ᠲᠣᠮᠣ ᠵᠠᠭ᠍ᠪᠤᠷ ᠢ᠋ ᠠᠱᠢᠭ᠍ᠯᠠᠨ ᠵᠣᠬᠢᠶᠠᠮᠠᠯ ᠴᠡᠭᠡᠵᠢᠯᠡᠬᠦᠶ ᠢ᠋ᠢᠨ ᠭᠤᠤᠯᠳᠠᠯᠭ᠎ᠠ ᠢ᠋ᠢ ᠣᠶᠤᠨᠴᠢ ᠱᠢᠶ᠋ᠳᠪᠦᠷᠢᠲᠦ ᠪᠣᠳᠣᠯᠭ᠎ᠠ ᠢ᠋ᠢᠨ ᠳᠡᠮᠵᠢᠯᠭᠡ ᠪᠣᠯᠭᠠᠨ ᠬᠤᠪᠢᠷᠠᠭᠤᠯᠵᠤ ᠲᠠᠢᠯᠬᠦ ᠮᠦᠷᠳᠡᠬᠡᠨ ᠪᠠᠰᠠ ᠪᠤᠳᠤᠯᠳᠠ ᠵᠢᠨ ᠠᠷᠭ᠎ᠠ ᠢ᠋ᠢ ᠰᠤᠷᠤᠯᠴᠠᠬᠤ ᠪᠡᠷ ᠳᠠᠮᠵᠢᠨ ᠠᠴᠢᠶᠠᠯᠠᠬᠤ ᠲᠥᠰᠦᠯ ᠢ᠋ ᠴᠠᠭ ᠲᠤᠬᠠᠢ ᠳ᠋ᠤᠨᠢ ᠤᠯᠠᠷᠢᠭᠤᠯᠤᠨ ᠭᠠᠷᠭᠠᠬᠤ᠂ ᠠᠶᠤᠯ ᠲᠦᠭ᠌ᠰᠢᠭᠦᠷᠢ ᠢ᠋ᠢ ᠤᠷᠢᠳᠴᠢᠯᠠᠨ ᠮᠠᠭᠠᠳᠯᠠᠬᠤ ᠪᠠ ᠬᠠᠮᠢᠶ᠎ᠠ ᠪᠥᠬᠥᠶ ᠲᠣᠭ᠎ᠠ ᠪᠠᠷᠢᠮᠲᠠ ᠢ᠋ᠢ ᠠᠦ᠋ᠲ᠋ᠣ᠋ ᠪᠡᠷ ᠢᠯᠭᠠᠨ ᠲᠠᠨᠢᠵᠤ ᠣᠨᠣᠪᠴᠢᠲᠠᠶ ᠪᠡᠷ ᠣᠷᠣᠭᠤᠯᠬᠤ ᠢ᠋ᠢ ᠪᠡᠶᠡᠯᠡᠭᠦᠯᠪᠠ᠃ ᠡᠭᠦᠨ ᠤ᠋ ᠬᠠᠮᠳᠤ ᠡᠭᠡᠯᠵᠢ ᠢ᠋ᠢᠨ ᠨᠢᠰᠭᠡᠯ ᠤ᠋ᠨ ᠠᠴᠢᠶ᠎ᠠ ᠢ᠋ᠢᠨ ᠲᠡᠦᠬᠡᠨ ᠲᠣᠭ᠎ᠠ ᠪᠠᠷᠢᠮᠲᠠ ᠳ᠋ᠤ ᠲᠦᠱᠢᠭ᠌ᠯᠡᠨ ᠪᠣᠯᠪᠠᠰᠤᠷᠠᠯ ᠬᠢᠵᠦ᠂ ᠠᠴᠢᠶ᠎ᠠ ᠢ᠋ᠢᠨ ᠬᠦᠨᠳᠦ᠍ ᠢ᠋ᠢ ᠣᠨᠣᠴᠠᠲᠠᠶ ᠪᠡᠷ ᠤᠷᠢᠳᠴᠢᠯᠠᠨ ᠮᠠᠭᠠᠳᠯᠠᠬᠤ ᠵᠢᠨ ᠤᠯᠠᠮ ᠵᠢᠡᠷ ᠠᠴᠢᠶ᠎ᠠ ᠢ᠋ᠢᠨ ᠪᠣᠳᠠᠲᠠᠶ ᠬᠦᠨᠳᠦ᠍ ᠢ᠋ᠢᠨ ᠬᠡᠮᠵᠢᠶ᠎ᠡ ᠨᠢ ᠵᠢᠱ᠌ᠢᠭ᠌ᠰᠡᠨ ᠬᠦᠨᠳᠦᠴᠡ ᠡᠴᠡ ᠬᠡᠲᠦᠷᠡᠬᠦ᠌ ᠪᠠ ᠨᠢᠰᠭᠡᠯ ᠤ᠋ᠨ ᠬᠦᠨᠳᠦ᠍ ᠢ᠋ᠢᠨ ᠲᠥᠪ ᠨᠢ ᠬᠠᠵᠠᠢᠬᠤ ᠠᠰᠠᠭᠤᠳᠠᠯ ᠡᠴᠡ ᠵᠠᠢᠯᠠᠰᠭᠢᠵᠦ᠍᠂ ᠬᠠᠮᠤᠭ ᠤ᠋ᠨ ᠱᠢᠯᠢᠳᠡᠭ ᠠᠴᠢᠶᠠᠯᠠᠬᠤ ᠲᠥᠰᠦᠯ ᠢ᠋ ᠠᠦ᠋ᠲ᠋ᠣ᠋ ᠪᠡᠷ ᠪᠤᠳᠤᠵᠤ᠂ ᠠᠮᠤᠷ ᠲᠦᠪᠱᠢᠨ ᠢ᠋ ᠪᠠᠲᠤᠯᠠᠭ᠍ᠰᠠᠨ ᠤᠷᠢᠲᠠᠯ ᠳᠤᠤᠷ᠎ᠠ ᠲᠣᠰᠣ ᠠᠷᠪᠢᠯᠠᠬᠤ ᠢ᠋ᠢ ᠪᠡᠶᠡᠯᠡᠭᠦᠯᠵᠦ᠍᠂ ᠠᠭᠠᠷ ᠤ᠋ᠨ ᠠᠶᠠᠯᠠᠯ ᠤ᠋ᠨ ᠺᠣᠮᠫᠠᠨᠢ ᠢ᠋ᠢᠨ ᠡᠵᠡᠩᠨᠡᠯᠲᠡ ᠢ᠋ᠢᠨ ᠥᠪᠡᠷ ᠤ᠋ᠨ ᠥᠷᠲᠡᠭ ᠢ᠋ ᠶᠡᠬᠡ ᠪᠡᠷ ᠠᠷᠪᠢᠯᠠᠬᠤ ᠪᠤᠯᠵᠠᠢ᠃

《ᠪᠢᠳᠡᠨ ᠤ᠋ ᠡᠭᠡᠯᠵᠢ ᠢ᠋ᠢᠨ ᠨᠢᠰᠭᠡᠯ ᠤ᠋ᠨ ᠠᠦ᠋ᠲ᠋ᠣᠴᠢᠯᠠᠭ᠍ᠰᠠᠨ ᠠᠴᠢᠶ᠎ᠠ ᠲᠣᠬᠢᠷᠠᠭᠤᠯᠬᠤ AI ᠬᠠᠪᠰᠤᠷᠤᠬᠴᠢ ᠵᠢᠨ ᠱᠢᠰᠲ᠋ᠧᠮ ᠤ᠋ᠨ ᠳᠣᠲᠣᠭᠠᠳᠤ ᠳ᠋ᠤ ᠪᠠᠢᠷᠢᠯᠠᠭᠤᠯᠤᠬᠰᠠᠨ ᠠᠦ᠋ᠲ᠋ᠣ᠋ ᠪᠡᠷ ᠢᠯᠭᠠᠨ ᠲᠠᠨᠢᠵᠤ ᠰᠡᠷᠡᠮᠵᠢᠯᠡᠭᠦᠯᠬᠦ᠌᠂ ᠠᠪᠢᠶ᠎ᠠ ᠪᠡᠷ ᠰᠠᠨᠠᠭᠤᠯᠬᠤ ᠵᠡᠷᠬᠡ ᠴᠢᠳᠠᠮᠵᠢ ᠨᠢ ᠠᠴᠢᠶ᠎ᠠ ᠲᠣᠬᠢᠷᠠᠭᠤᠯᠤᠭ᠍ᠴᠢ ᠢ᠋ᠢ ᠬᠠᠪᠰᠤᠷᠤᠨ ᠠᠴᠢᠶ᠎ᠠ ᠲᠣᠬᠢᠷᠠᠭᠤᠯᠬᠤ ᠠᠵᠢᠯ ᠤ᠋ᠨ ᠬᠡᠪ ᠤ᠋ᠨ ᠪᠤᠰᠤ ᠪᠠᠢᠳᠠᠯ ᠢ᠋ ᠲᠡᠷᠡ ᠳᠠᠷᠤᠶ ᠳ᠋ᠤᠨᠢ ᠢᠯᠡᠷᠡᠭᠦᠯᠬᠦ᠌ ᠢ᠋ᠢᠨ ᠬᠠᠮᠲᠤ ᠴᠠᠭ ᠲᠤᠬᠠᠶ ᠳ᠋ᠤᠨᠢ ᠱᠢᠶ᠋ᠳᠪᠦᠷᠢᠯᠡᠵᠦ᠍᠂ ᠠᠴᠢᠶ᠎ᠠ ᠲᠣᠬᠢᠷᠠᠭᠤᠯᠬᠤ ᠠᠵᠢᠯ ᠤ᠋ᠨ ᠠᠮᠤᠷ ᠲᠦᠪᠱᠢᠨ ᠴᠢᠨᠠᠷ ᠢ᠋ ᠨᠠᠩ ᠪᠠᠲᠤᠯᠠᠭ᠎ᠠ ᠲᠠᠢ ᠪᠤᠯᠭᠠᠪᠠ》ᠭᠡᠵᠤ ᠱᠢᠤᠢ ᠱᠢᠨ ᠹᠸᠢ ᠬᠡᠯᠡᠨ᠎ᠠ᠃ ᠤᠢᠯᠠᠭᠠᠭᠰᠠᠨ ᠢ᠋ᠢᠡᠷ᠂ ᠡᠨᠡ ᠵᠢᠯ ᠤ᠋ᠨ ᠡᠬᠢᠨ ᠪᠣᠯᠲᠠᠯ᠎ᠠ ᠥᠪᠥᠷ ᠮᠣᠩᠭᠣᠯ ᠤ᠋ᠨ ᠨᠢᠰᠭᠡᠯ ᠤ᠋ᠨ ᠪᠠᠭᠤᠳᠠᠯ ᠤ᠋ᠨ ᠪᠦᠯᠦᠭ᠌ᠯᠡᠯ ᠡᠭᠡᠯᠵᠢ ᠢ᠋ᠢᠨ ᠨᠢᠰᠭᠡᠯ ᠤ᠋ᠨ ᠠᠦ᠋ᠲ᠋ᠣᠴᠢᠯᠠᠭ᠍ᠰᠠᠨ ᠠᠴᠢᠶ᠎ᠠ ᠲᠣᠬᠢᠷᠠᠭᠤᠯᠬᠤ AI ᠬᠠᠪᠰᠤᠷᠤᠬᠴᠢ ᠵᠢᠨ ᠱᠢᠰᠲ᠋ᠧᠮ ᠵᠢᠡᠷ ᠲᠠᠮᠵᠢᠨ ᠨᠡᠢᠳᠡ 2815 ᠡᠭᠡᠯᠵᠢ ᠢ᠋ᠢᠨ ᠨᠢᠰᠭᠡᠯ ᠤ᠋ᠨ ᠠᠶᠠᠯᠠᠯ ᠢ᠋ ᠪᠠᠲᠤᠯᠠᠨ᠂ ᠠᠴᠢᠶ᠎ᠠ ᠲᠤᠬᠢᠷᠠᠭᠤᠯᠤᠬ᠍ᠴᠢ ᠢ᠋ᠢᠨ ᠬᠦᠮᠦᠨ ᠤ᠋ ᠬᠦᠴᠦᠨ ᠢ᠋ᠢᠡᠷ ᠠᠵᠢᠯᠯᠠᠬᠤ ᠬᠡᠮᠵᠢᠢ᠎ᠡ ᠢ᠋ᠢ 80% ᠭᠠᠷᠤᠢ ᠪᠡᠷ ᠪᠠᠭᠠᠰᠭᠠᠵᠤ᠂ C909 ᠬᠡᠯᠪᠡᠷᠢ ᠢ᠋ᠢᠨ ᠡᠭᠡᠯᠵᠢ ᠢ᠋ᠢᠨ ᠨᠢᠰᠭᠡᠯ ᠤ᠋ᠨ 99% ᠳ᠋ᠤᠨᠢ ᠲᠤᠰᠤ ᠠᠷᠪᠢᠯᠠᠬᠤ ᠠᠴᠢᠶ᠎ᠠ ᠲᠤᠬᠢᠷᠠᠭᠤᠯᠤᠯᠳᠠ ᠵᠢ ᠪᠡᠶᠡᠯᠡᠬᠦᠯᠤᠨ᠂ B737 ᠬᠡᠯᠪᠡᠷᠢ ᠢ᠋ᠢᠨ ᠡᠭᠡᠯᠵᠢ ᠢ᠋ᠢᠨ ᠨᠢᠰᠭᠡᠯ ᠤ᠋ᠨ 89.6% ᠳ᠋ᠤᠨᠢ ᠲᠤᠰᠤ ᠠᠷᠪᠢᠯᠠᠬᠤ ᠠᠴᠢᠶ᠎ᠠ ᠲᠤᠬᠢᠷᠠᠭᠤᠯᠤᠯᠳᠠ ᠵᠢ ᠪᠠᠶᠡᠯᠡᠬᠦᠯᠵᠤ᠂ ᠡᠭᠡᠯᠵᠢ ᠢ᠋ᠢᠨ ᠨᠢᠰᠭᠡᠯ ᠤ᠋ᠨ ᠲᠡᠭᠡᠭᠡᠪᠦᠷᠢ ᠢ᠋ᠢᠨ ᠲᠤᠬᠠᠢᠯᠠᠭ᠍ᠰᠠᠨ ᠠᠵᠢᠯ ᠤ᠋ᠨ ᠠᠮᠤᠷ ᠲᠦᠪᠱᠢᠨ ᠬᠢᠬᠡᠳ ᠦᠶ᠋ᠯᠡᠴᠢᠯᠡᠭᠡᠨ ᠤ᠋ ᠲᠦᠪᠱᠢᠨ ᠢ᠋ ᠳᠡᠭᠡᠭ᠌ᠰᠢᠯᠡᠭᠦᠯᠦᠭ᠌ᠰᠡᠨ ᠢ᠋ᠢᠡᠷ ᠪᠠᠷᠠᠬᠤ ᠥᠬᠡᠶ ᠠᠵᠤ ᠠᠬᠤᠢᠯᠠᠯ ᠤ᠋ᠨ ᠡᠵᠡᠩᠨᠡᠯᠲᠡ ᠢ᠋ᠢᠨ ᠦᠷ᠎ᠡ ᠠᠱᠢᠭ ᠢ᠋ ᠴᠦ᠍ ᠨᠡᠮᠡᠭᠳᠡᠬᠦᠯᠦᠭᠰᠡᠨ ᠠᠵᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号