《ᠠᠷᠪᠠᠨ ᠳᠠᠪᠤᠳᠤᠭᠠᠷ ᠳᠠᠪᠤᠨ ᠵᠢᠯ》 ᠤ᠋ᠨ ᠬᠤᠭᠤᠴᠠᠭᠠᠨ ᠳ᠋ᠤ ᠦᠪᠦᠷ ᠮᠤᠩᠭᠤᠯ 12 ᠵᠤᠷᠪᠤᠰ ᠤᠨᠴᠠ ᠦᠨᠳᠦᠷ ᠬᠦᠴᠦᠳᠡᠯᠳᠤ ᠴᠠᠬᠢᠯᠭᠠᠨ ᠬᠦᠷᠭᠡᠬᠦ ᠱᠤᠭᠤᠮ ᠢ᠋ ᠪᠦᠲᠦᠭᠡᠨ ᠪᠠᠢᠭᠤᠯᠬᠤ ᠪᠡᠷ ᠪᠤᠢ
2026-03-16 09:47:42
ᠵᠣᠬᠢᠶᠠᠭ᠍ᠴᠢ᠄
ᠤᠷᠭᠤᠮᠠᠯ
ᠣᠩᠱᠢᠭ᠍ᠰᠠᠨ ᠣᠳᠠᠭ᠎ᠠ᠄
★★★☆☆

 ᠦᠪᠡᠷᠳᠡᠭᠡᠨ ᠵᠠᠰᠠᠬᠤ ᠤᠷᠤᠨ ᠤ᠋ ᠠᠷᠠᠳ ᠤ᠋ᠨ ᠵᠠᠰᠠᠭ ᠤ᠋ᠨ ᠤᠷᠳᠤᠨ ᠤ᠋ ᠰᠤᠨᠢᠨ ᠮᠡᠳᠡᠭᠡ ᠶ᠋ᠢᠨ ᠠᠯᠪᠠᠨ ᠭᠡᠷ ᠤ᠋ᠨ ᠡᠷᠬᠢᠯᠡᠭᠰᠡᠨ ᠰᠤᠨᠢᠨ ᠮᠡᠳᠡᠭᠡ ᠨᠡᠢᠳᠡᠯᠡᠬᠦ ᠬᠤᠷᠠᠯ ᠡᠴᠡ ᠤᠢᠯᠠᠭᠠᠭᠰᠠᠨ ᠶ᠋ᠢᠡᠷ᠂ 《 ᠠᠷᠪᠠᠨ ᠳᠠᠪᠤᠳᠤᠭᠠᠷ ᠳᠠᠪᠤᠨ ᠵᠢᠯ 》 ᠤ᠋ᠨ ᠬᠤᠭᠤᠴᠠᠭᠠᠨ ᠳ᠋ᠤ ᠤᠯᠤᠰ ᠤ᠋ᠨ ᠴᠠᠬᠢᠯᠭᠠᠨ ᠲᠤᠤᠷ  ᠤ᠋ᠨ ᠦᠪᠦᠷ ᠮᠤᠩᠭᠤᠯ ᠤ᠋ᠨ ᠵᠡᠭᠦᠨ ᠪᠡᠶ᠎ᠠ ᠶ᠋ᠢᠨ ᠴᠠᠬᠢᠯᠭᠠᠨ ᠬᠦᠴᠦᠨ ᠤ᠋ ᠬᠢᠵᠠᠭᠠᠷᠳᠦ ᠺᠤᠮᠫᠠᠨᠢ ᠦᠪᠦᠷ ᠮᠤᠩᠭᠤᠯ ᠳ᠋ᠤ 《ᠵᠢᠷᠭᠤᠭᠠᠨ ᠬᠤᠪᠢᠰᠤᠮᠠᠯ ᠭᠦᠶᠦᠳᠡᠯᠳᠦ ᠵᠢᠷᠭᠤᠭᠠᠨ ᠳᠤᠭᠳᠠᠮᠠᠯ ᠭᠦᠶᠦᠳᠡᠯᠳᠦ》 ᠨᠡᠢᠳᠡ 12 ᠵᠤᠷᠪᠤᠰ ᠤᠨᠴᠠ ᠦᠨᠳᠦᠷ ᠬᠦᠴᠦᠳᠡᠯᠳᠦ ᠴᠠᠬᠢᠯᠭᠠᠨ ᠬᠦᠷᠭᠡᠬᠦ  ᠱᠤᠭᠤᠮ ᠢ᠋  ᠪᠦᠲᠦᠭᠡᠨ ᠪᠠᠢᠭᠤᠯᠬᠤ ᠪᠤᠯᠤᠨ᠎ᠠ᠃

ᠤᠢᠯᠠᠭᠠᠭᠰᠠᠨ ᠶ᠋ᠢᠡᠷ᠂ 《ᠠᠷᠪᠠᠨ ᠳᠦᠷᠪᠡᠳᠦᠭᠡᠷ ᠳᠠᠪᠤᠨ ᠵᠢᠯ》 ᠤ᠋ᠨ ᠬᠤᠭᠤᠴᠠᠭᠠᠨ ᠳ᠋ᠤ ᠤᠯᠤᠰ ᠤ᠋ᠨ ᠴᠠᠬᠢᠯᠭᠠᠨ ᠲᠤᠤᠷ ᠤ᠋ᠨ ᠦᠪᠦᠷ ᠮᠤᠩᠭᠤᠯ ᠤ᠋ᠨ ᠵᠡᠭᠦᠨ ᠪᠡᠶ᠎ᠠ  ᠶ᠋ᠢᠨ ᠴᠠᠬᠢᠯᠭᠠᠨ ᠬᠦᠴᠦᠨ ᠤ᠋ ᠬᠢᠵᠠᠭᠠᠷᠳᠦ  ᠺᠤᠮᠫᠠᠨᠢ ᠨᠡᠢᠳᠡ 10399.665 ᠺᠢᠯᠤᠮᠧᠲᠷ ᠤ᠋ᠨ ᠴᠠᠬᠢᠯᠭᠠᠨ ᠬᠦᠷᠭᠡᠬᠦ ᠱᠤᠭᠤᠮ ᠢ᠋ ᠪᠦᠲᠦᠭᠡᠨ ᠪᠠᠢᠭᠤᠯᠵᠤ᠂ ᠴᠠᠬᠢᠯᠭᠠᠨ ᠬᠤᠪᠢᠰᠬᠠᠭᠤᠷ ᠤ᠋ᠨ ᠪᠠᠭᠳᠠᠭᠠᠮᠵᠢ ᠨᠢ 3660.3 ᠲᠦᠮᠡᠨ ᠺᠢᠯᠤᠸᠤᠯᠲ ᠠᠮᠫᠧᠷ ᠲᠤ᠌ ᠬᠦᠷᠴᠤ᠂ 1860 ᠲᠦᠮᠡᠨ ᠺᠢᠯᠤᠸᠠᠲ ᠤ᠋ᠨ ᠢᠯᠴᠢ ᠶ᠋ᠢᠨ ᠴᠠᠬᠢᠯᠭᠠᠨ ᠪᠠ 2590 ᠲᠦᠮᠡᠨ ᠺᠢᠯᠤᠸᠠᠲ ᠤ᠋ᠨ  ᠰᠢᠨ᠎ᠠ  ᠡᠨᠧᠷᠬᠢ  ᠶ᠋ᠢᠨ ᠴᠠᠬᠢᠯᠭᠠᠨ ᠢ᠋  ᠲᠤᠤᠷ ᠲᠤ᠌ ᠨᠡᠢᠯᠡᠭᠦᠯᠬᠦ  ᠬᠡᠷᠡᠭᠴᠡᠭᠡ ᠳ᠋ᠤ ᠦᠢᠯᠡᠴᠢᠯᠡᠪᠡ᠃ ᠤᠨᠴᠠ ᠦᠨᠳᠦᠷ ᠬᠦᠴᠦᠳᠡᠯᠳᠦ ᠴᠠᠬᠢᠯᠭᠠᠨ ᠬᠦᠷᠭᠡᠬᠦ ᠱᠤᠭᠤᠮ ᠨᠢ ᠤᠯᠤᠰ ᠤ᠋ᠨ《ᠪᠠᠷᠠᠭᠤᠨᠳᠡᠬᠢ ᠴᠠᠬᠢᠯᠭᠠᠨ ᠢ᠋ ᠵᠡᠭᠦᠨᠰᠢ ᠬᠦᠷᠭᠡᠬᠦ᠂ ᠤᠮᠠᠷᠠᠳᠦ ᠶ᠋ᠢᠨ ᠴᠠᠬᠢᠯᠭᠠᠨ ᠢ᠋ ᠡᠮᠦᠨᠡᠳᠤ ᠤᠷᠤᠨ ᠳ᠋ᠤ ᠬᠠᠩᠭᠠᠬᠤ》 ᠡᠨᠧᠷᠬᠢ ᠶ᠋ᠢᠨ ᠳᠠᠮᠵᠢᠭᠤᠯᠭ᠎ᠠ ᠶ᠋ᠢᠨ 《ᠲᠤᠮᠤ ᠯᠤᠭᠰᠢᠭᠤᠨ ᠰᠤᠳᠠᠯ》 ᠪᠤᠯᠤᠭᠰᠠᠨ ᠤ᠋ ᠬᠤᠪᠢ ᠳ᠋ᠤ᠂ ᠪᠠᠷᠠᠭᠤᠨ ᠤᠷᠤᠨ ᠤ᠋ 《ᠡᠯᠡᠰᠦᠨ ᠴᠦᠯ ᠭᠤᠪᠢ ᠨᠤᠳᠤᠭ ᠴᠦᠯᠯᠡᠷᠬᠡᠭ ᠤᠷᠤᠨ》 ᠤ᠋ ᠰᠡᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠤ᠋ᠨ ᠰᠠᠭᠤᠷᠢᠨ ᠤ᠋ ᠪᠦᠲᠦᠭᠡᠨ ᠪᠠᠢᠭᠤᠯᠤᠯᠳᠠ ᠶᠡᠬᠡ ᠬᠡᠪᠴᠢᠶ᠎ᠠ ᠪᠡᠷ ᠦᠷᠨᠢᠬᠦ ᠶ᠋ᠢ ᠳᠠᠭᠠᠯᠳᠤᠨ᠂ 《ᠠᠷᠪᠠᠨ ᠳᠠᠪᠤᠳᠤᠭᠠᠷ ᠳᠠᠪᠤᠨ ᠵᠢᠯ》 ᠤ᠋ᠨ ᠬᠤᠭᠤᠴᠠᠭᠠᠨ ᠳ᠋ᠤ ᠦᠪᠦᠷ ᠮᠤᠩᠭᠤᠯ ᠤ᠋ᠨ ᠤᠨᠴᠠ ᠦᠨᠳᠦᠷ ᠬᠦᠴᠦᠳᠡᠯᠳᠤ ᠴᠠᠬᠢᠯᠭᠠᠨ ᠬᠦᠷᠭᠡᠬᠦ ᠱᠤᠭᠤᠮ ᠤ᠋ᠨ ᠪᠦᠲᠦᠭᠡᠨ ᠪᠠᠢᠭᠤᠯᠤᠯᠳᠠ ᠴᠤ᠌ ᠶᠡᠬᠡ ᠬᠡᠪᠴᠢᠶ᠎ᠠ ᠪᠡᠷ ᠦᠷᠨᠢᠨ ᠶᠠᠪᠤᠭᠳᠠᠬᠤ ᠪᠤᠯᠤᠨ᠎ᠠ᠃ ᠤᠳᠤᠬᠠᠨ ᠳ᠋ᠤ ᠨᠢᠭᠡᠨᠳᠡ ᠲᠦᠯᠦᠪᠵᠢᠭᠦᠯᠭᠡ ᠳ᠋ᠤ ᠤᠷᠤᠭᠰᠠᠨ ᠪᠦᠲᠦᠭᠡᠨ ᠪᠠᠢᠭᠤᠯᠤᠯᠳᠠ ᠶ᠋ᠢᠨ ᠲᠦᠷᠦᠯ ᠵᠦᠢᠯ ᠳ᠋ᠤ ᠳᠠᠯᠠᠤᠨ — ᠮᠧᠩ ᠰᠢ᠂  ᠳᠠᠯᠠᠳ — ᠳ᠋ᠠᠲ᠋ᠦ᠋ᠩ᠂ ᠤᠯᠠᠭᠠᠨᠴᠠᠪ — ᠳ᠋ᠠᠲ᠋ᠦ᠋ᠩ᠂ ᠪᠠᠶᠠᠨᠨᠠᠭᠤᠷ — ᠪᠤᠭᠤᠳᠤ — ᠤᠯᠠᠭᠠᠨᠴᠠᠪ (2 ᠵᠤᠷᠪᠤᠰ)᠂ ᠳᠠᠯᠠᠳ — ᠪᠤᠭᠤᠳᠤ ᠵᠡᠷᠭᠡ ᠨᠡᠢᠳᠡ 6 ᠵᠤᠷᠪᠤᠰ ᠤᠨᠴᠠ ᠦᠨᠳᠦᠷ ᠬᠦᠴᠦᠳᠡᠯᠳᠤ ᠬᠤᠪᠢᠰᠤᠮᠠᠯ ᠭᠦᠶᠦᠳᠡᠯᠳᠦ ᠴᠠᠬᠢᠯᠭᠠᠨ ᠬᠦᠷᠭᠡᠬᠦ ᠱᠤᠭᠤᠮ ᠤ᠋ᠨ ᠢᠨᠵᠧᠨᠧᠷᠢᠩ ᠪᠤᠯᠤᠨ ᠮᠧᠩ ᠰᠢ — ᠪᠡᠭᠡᠵᠢᠩ ᠲᠢᠶᠠᠨᠵᠢᠨ ᠾᠧᠪᠧᠢ᠂ ᠲᠩᠷᠢ ᠡᠯᠡᠰᠦ — ᠵᠢᠶᠠᠩᠰᠢ᠂ ᠬᠦᠪᠴᠢ ᠶ᠋ᠢᠨ ᠡᠯᠡᠰᠦ — ᠱᠠᠩᠬᠠᠢ᠂ ᠤᠯᠠᠭᠠᠨᠪᠤᠬ᠎ᠠ ᠶ᠋ᠢᠨ ᠡᠯᠡᠰᠦ — ᠬᠠᠨᠳ᠋ᠠᠨ ᠵᠢᠴᠢ ᠦᠪᠦᠷ ᠮᠤᠩᠭᠤᠯ ᠤ᠋ᠨ ᠡᠯᠡᠰᠦ ᠮᠠᠩᠬᠠᠨ ᠤ᠋ ᠰᠡᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠤ᠋ᠨ ᠰᠠᠭᠤᠷᠢᠨ — ᠵᠢᠶᠠᠩᠰᠤ᠂ ᠦᠪᠦᠷ ᠮᠤᠩᠭᠤᠯ ᠤ᠋ᠨ ᠡᠯᠡᠰᠦ ᠮᠠᠩᠬᠠᠨ ᠤ᠋ ᠰᠡᠯᠬᠢᠨ ᠬᠦᠴᠦᠨ ᠤ᠋ ᠴᠠᠬᠢᠯᠭᠠᠨ ᠭᠡᠷᠡᠯᠴᠢ ᠴᠡᠨᠡᠭ ᠤ᠋ᠨ ᠰᠠᠭᠤᠷᠢᠨ — ᠳᠤᠷᠤᠨᠠᠳᠤ ᠤᠷᠤᠨ ᠵᠡᠷᠭᠡ 6 ᠵᠤᠷᠪᠤᠰ ᠤᠨᠴᠠ ᠦᠨᠳᠦᠷ ᠬᠦᠴᠦᠳᠡᠯᠳᠦ ᠳᠤᠭᠳᠠᠮᠠᠯ ᠭᠦᠶᠦᠳᠡᠯᠳᠦ ᠴᠠᠬᠢᠯᠭᠠᠨ ᠬᠦᠷᠭᠡᠬᠦ ᠱᠤᠭᠤᠮ ᠤ᠋ᠨ ᠢᠨᠵᠧᠨᠧᠷᠢᠩ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号