ᠣᠢᠷ᠎ᠠ ᠳ᠋ᠤ᠂ ᠪᠤᠭᠤᠲᠤ ᠬᠣᠲᠠ ᠵᠢᠨ ᠣᠶ ᠱᠢᠭᠤᠶ ᠪᠠ ᠨᠤᠲᠤᠭ ᠪᠡᠯᠴᠢᠭᠡᠷ ᠤ᠋ᠨ ᠡᠬᠢ ᠪᠠᠶᠠᠯᠢᠭ ᠤ᠋ᠨ ᠬᠠᠮᠠᠭᠠᠯᠠᠯᠲᠠ ᠵᠢᠨ ᠥᠷᠲᠡᠭᠡ ᠵᠢᠨ ᠠᠵᠢᠯᠲᠠᠳ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ ᠤ᠋ ᠬᠣᠢᠲᠤ ᠪᠡᠶ᠎ᠡ᠂ ᠳᠤᠮᠳᠠᠳᠤ ᠮᠣᠩᠭᠣᠯ ᠤ᠋ᠨ ᠬᠢᠯᠢ ᠣᠢᠷᠠᠯᠴᠠᠭ᠎ᠠ ᠳ᠋ᠤ ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠲᠠ ᠵᠢᠨ ᠠᠮᠢᠲᠠᠨ ᠪᠤᠯᠬᠤᠬᠦᠰᠦᠨ ᠲᠠᠰ᠂ ᠵᠡᠭᠡᠷ᠎ᠡ ᠵᠢᠴᠢ 《ᠭᠤᠷᠪᠠᠨ ᠦᠷᠲᠡᠭ ᠲᠠᠢ》 ᠬᠠᠮᠠᠭᠠᠯᠠᠯᠲᠠ ᠵᠢᠨ ᠠᠮᠢᠲᠠᠨ ᠤᠯᠠᠭᠠᠨ ᠬᠤᠰᠢᠭᠤᠳᠤ ᠬᠡᠷᠢᠶ᠎ᠠ᠂ ᠦᠪᠦᠭᠲᠤ ᠬᠠᠢᠷᠠᠭᠤᠴᠠᠶ ᠶ᠋ᠢ ᠢᠯᠡᠷᠡᠭᠦᠯᠪᠡ᠃ ᠡᠭᠦᠨ ᠳ᠋ᠦ ᠵᠡᠭᠡᠷ᠎ᠡ ᠵᠢᠨ ᠳᠦᠷᠰᠦ ᠵᠢᠨ ᠰᠦᠷᠦᠭ ᠤ᠋ᠨ ᠲᠣᠭ᠎ᠠ ᠨᠢ ᠲᠠᠪᠢ ᠱᠢᠬᠠᠮ ᠪᠠᠢᠪᠠ᠃
ᠳᠠᠷᠬᠠᠨ ᠮᠤᠸ᠋ᠮᠢᠩᠭᠠᠨ ᠬᠣᠯᠪᠣᠭᠠᠲᠤ ᠬᠤᠰᠢᠭᠤ ᠪᠤᠯ ᠮᠠᠨ ᠤ᠋ ᠤᠯᠤᠰ ᠤ᠋ᠨ ᠤᠮᠠᠷᠠᠲᠤ ᠵᠢᠨ ᠠᠮᠢ ᠠᠬᠤᠶ ᠵᠢᠨ ᠠᠮᠤᠷ ᠲᠦᠪᠱᠢᠨ ᠤ᠋ ᠬᠠᠯᠬᠠᠪᠴᠢ ᠵᠢᠨ ᠴᠢᠬᠤᠯᠠ ᠪᠦᠷᠢᠯᠳᠦᠬᠦᠨ ᠬᠡᠰᠡᠭ ᠮᠦᠷᠲᠡᠭᠡᠨ ᠪᠠᠰᠠ ᠮᠠᠰᠢ ᠣᠯᠠᠨ ᠬᠣᠪᠣᠷ ᠴᠤᠬᠠᠭ ᠬᠡᠭᠡᠷ᠎ᠡ ᠵᠢᠨ ᠠᠮᠢᠲᠠᠨ ᠤ᠋ ᠣᠷᠣᠱᠢᠨ ᠠᠮᠢᠳᠤᠷᠠᠬᠤ ᠭᠠᠵᠠᠷ ᠪᠤᠯᠤᠨ᠎ᠠ᠃ ᠬᠡᠭᠡᠷ᠎ᠡ ᠵᠢᠨ ᠠᠮᠢᠲᠠᠨ ᠪᠣᠯ ᠴᠥᠮ ᠲᠠᠯ᠎ᠠ ᠨᠤᠲᠤᠭ ᠤ᠋ᠨ ᠠᠮᠢ ᠠᠬᠤᠶ ᠵᠢᠨ ᠱᠢᠰᠲ᠋ᠧᠮ ᠳ᠋ᠡᠬᠢ ᠴᠢᠬᠤᠯᠠ ᠳᠦᠷᠰᠦ ᠪᠠᠢᠵᠤ᠂ ᠠᠮᠢ ᠠᠬᠤᠶ ᠵᠢᠨ ᠲᠡᠩᠴᠡᠭᠦᠷᠢᠶ᠋ᠢ ᠪᠠᠲᠤᠯᠠᠬᠤ ᠳ᠋ᠤ ᠣᠷᠣᠯᠠᠭᠤᠯᠵᠤ ᠪᠣᠯᠤᠰᠢ ᠥᠬᠡᠶ ᠦᠶ᠋ᠯᠡᠳᠦᠯ ᠲᠡᠶ᠃ ᠬᠦᠰᠦᠨ ᠲᠠᠰ ᠢ᠋ ᠢᠯᠡᠷᠡᠭᠦᠯᠦᠭᠰᠡᠨ ᠨᠢ ᠳᠤᠰ ᠬᠤᠰᠢᠭᠤᠨ ᠳ᠋ᠡᠬᠢ ᠣᠷᠣᠱᠢᠨ ᠠᠮᠢᠳᠤᠷᠠᠬᠤ ᠣᠷᠴᠢᠨ ᠲᠣᠭᠣᠷᠢᠨ ᠨᠢ ᠨᠢᠭᠡᠨᠲᠡ ᠡᠨᠡ ᠬᠦ᠌ ᠤᠰᠠᠳᠬᠤ ᠰᠢᠬᠠᠭᠰᠠᠨ ᠠᠮᠢᠳᠤ ᠪᠣᠳᠠᠰ ᠤ᠋ᠨ ᠲᠦᠷᠰᠤ ᠵᠢᠨ ᠣᠷᠣᠱᠢᠨ ᠠᠮᠢᠳᠤᠷᠠᠬᠤ ᠨᠦᠬᠦᠴᠡᠯ ᠢ᠋ ᠬᠠᠩᠭᠠᠵᠤ ᠴᠢᠳᠠᠭᠰᠠᠨ ᠢ᠋ ᠲᠤᠳᠤᠷᠠᠭᠤᠯᠵᠤ ᠪᠤᠢ᠂ ᠵᠡᠭᠡᠷ᠎ᠡ ᠵᠢᠨ ᠲᠦᠷᠰᠤ ᠵᠢᠨ ᠰᠦᠷᠦᠭ ᠤ᠋ᠨ ᠳᠤᠭ᠎ᠠ ᠳᠤᠭᠳᠠᠭᠤᠨ ᠵᠢᠡᠷ ᠨᠡᠮᠡᠭᠳᠡᠵᠤ ᠪᠠᠢᠬᠤ ᠨᠢ ᠲᠤᠰ ᠭᠠᠵᠠᠷ ᠤᠷᠤᠨ ᠤ᠋ ᠳᠠᠯ᠎ᠠ ᠨᠤᠳᠤᠭ ᠤ᠋ᠨ ᠤᠷᠭᠤᠮᠠᠯ ᠤ᠋ᠨ ᠬᠤᠴᠢᠯᠭ᠎ᠠ ᠰᠡᠷᠭᠦᠭᠰᠡᠨ ᠦᠷ᠎ᠡ ᠪᠦᠳᠦᠮᠵᠢ ᠬᠢᠭᠡᠳ ᠠᠮᠢ ᠠᠬᠤᠢ ᠣᠷᠴᠢᠨ ᠲᠣᠭᠣᠷᠢᠨ ᠤ᠋ ᠶᠠᠰᠤ ᠴᠢᠨᠠᠷ ᠰᠠᠢᠵᠢᠷᠠᠭᠰᠠᠨ ᠢ᠋ ᠬᠠᠷᠠᠭᠤᠯᠵᠤ ᠪᠠᠢᠭ᠎ᠠ ᠶᠤᠮ᠃
2008-2025 © ᠳᠤᠮᠳᠠᠳᠤ ᠤᠯᠤᠰᠤᠨ ᠮᠤᠩᠭᠤᠯ ᠬᠡᠯᠡᠨᠤ ᠰᠤᠨᠢᠨ ᠮᠡᠳᠡᠭᠡᠨᠤ ᠰᠦᠯᠵᠢᠶ᠎ᠡ ᠦᠮᠴᠢᠯᠡᠯ᠎ᠤᠨ ᠡᠷᠬᠡ᠎ᠲᠠᠢ
ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ
ᠬᠠᠷᠢᠯᠴᠠᠬᠤ ᠤᠲᠠᠰᠤ᠄0471-6635435
ᠢᠮᠧᠯ᠄mgyxww@163.com 蒙ICP备10000005号