ᠠᠶᠤᠯᠬᠦᠢ ᠵᠢᠨ ᠲᠦᠪᠰᠢᠨ ᠢ᠋ ᠲᠡᠰ ᠲᠡᠪᠰᠢᠬᠦᠯᠬᠦ ᠠᠵᠢᠯᠯᠠᠭ᠎ᠠ — ᠬᠦᠳᠡᠬᠡ ᠲᠤᠰᠬᠤᠨ ᠤ᠋ ᠠᠶᠠᠨ ᠵᠠᠮ ᠤ᠋ᠨ ᠠᠮᠤᠷ ᠲᠦᠪᠰᠢᠨ ᠢ᠋ ᠡᠷᠡᠰ ᠪᠠᠳᠤᠯᠠᠨ᠎ᠠ
2026-03-17 16:41:11
ᠵᠣᠬᠢᠶᠠᠭ᠍ᠴᠢ᠄
​ ᠦᠨᠢᠷ
ᠣᠩᠱᠢᠭ᠍ᠰᠠᠨ ᠣᠳᠠᠭ᠎ᠠ᠄
★★★☆☆

— ᠦᠪᠤᠷ ᠮᠤᠩᠭᠤᠯ ᠤ᠋ᠨ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠤ᠋ᠨ ᠪᠦᠳᠦᠬᠡᠨ ᠪᠠᠢᠭᠤᠯᠤᠯᠳᠠ ᠵᠢᠨ ᠲᠤᠬᠠᠢ ᠪᠠᠷᠠᠯᠠᠯ ②


ᠦᠪᠦᠷ ᠮᠤᠡᠭᠭᠤᠯ ᠤ᠋ᠨ ᠦᠪᠡᠷᠳᠡᠬᠡᠨ ᠵᠠᠰᠠᠬᠤ ᠤᠷᠤᠨ ᠤ᠋ ᠵᠠᠮ ᠬᠠᠷᠢᠯᠴᠠᠭ᠎ᠠ ᠲᠠᠬᠡᠬᠡᠪᠤᠷᠢ ᠵᠢᠨ ᠲᠢᠩᠬᠢᠮ᠂ ᠡᠳ᠋ ᠤ᠋ᠨ ᠵᠠᠰᠠᠭ ᠤ᠋ᠨ ᠲᠢᠩᠬᠢᠮ ᠪᠤᠯᠤᠨ ᠪᠠᠢᠭᠠᠯᠢ ᠵᠢᠨ ᠡᠬᠢ ᠪᠠᠶᠠᠯᠢᠭ ᠤ᠋ᠨ ᠲᠢᠩᠬᠢᠮ  《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠲᠡᠰ ᠲᠡᠪᠰᠢᠬᠦᠯᠬᠦ ᠠᠵᠢᠯᠯᠠᠭᠠᠨ ᠤ᠋ ᠬᠡᠷᠡᠭ᠌ᠵᠢᠭᠦᠯᠬᠦ᠌ ᠲᠥᠰᠦᠯ》 ᠢ᠋ ᠳᠠᠷᠤᠮᠠᠯᠯᠠᠨ ᠲᠠᠷᠬᠠᠭᠠᠵᠤ᠂ ᠡᠨᠡ ᠵᠢᠯ ᠡᠴᠡ ᠡᠬᠢᠯᠡᠨ ᠪᠦᠬᠦ ᠤᠷᠤᠨ ᠳ᠋ᠤ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠨᠢ᠋ᠮᠠᠨ ᠶᠡᠬᠡ ᠠᠵᠢᠯᠯᠠᠭ᠎ᠠ ᠢ᠋ᠢ ᠬᠡᠷᠡᠭᠵᠢᠬᠦᠯᠵᠤ᠂ 2035 ᠤᠨ ᠪᠤᠯᠬᠤ ᠳ᠋ᠤ 《ᠳᠥᠷᠪᠡᠨ ᠰᠠᠢᠨ ᠬᠥᠳᠡᠭᠡ ᠲᠣᠰᠭᠣᠨ ᠤ᠋ ᠵᠠᠰᠠᠮᠠᠯ ᠵᠠᠮ》 ᠤ᠋ᠨ ᠴᠢᠨᠠᠷ ᠰᠠᠢᠲᠠᠶ ᠬᠥᠭ᠌ᠵᠢᠯᠲᠡ ᠢ᠋ᠢᠨ ᠪᠠᠢᠷᠢᠱᠢᠯ ᠢ᠋ ᠦᠨᠳᠦᠰᠦᠨ ᠳ᠋ᠡᠭᠡᠨ ᠪᠦᠷᠢᠯᠳᠦᠭᠦᠯᠵᠦ᠍᠂ ᠮᠠᠯ ᠠᠵᠤ ᠠᠬᠤᠢ ᠲᠠᠷᠢᠶᠠᠯᠠᠩ ᠮᠠᠯᠵᠢᠬᠤ ᠲᠠᠷᠢᠶᠠᠯᠠᠬᠤ ᠤᠷᠤᠨ ᠤ᠋ ᠣᠳᠣᠬᠢᠴᠢᠯᠠᠯᠳᠠ ᠵᠢᠨ ᠬᠡᠷᠡᠭ᠌ᠴᠡᠭᠡ ᠢ᠋ᠢ ᠦᠨᠳᠦᠰᠦᠨ ᠳ᠋ᠡᠭᠡᠨ ᠬᠠᠩᠭᠠᠬᠤ ᠪᠡᠷ ᠪᠤᠢ᠃

ᠠᠶᠤᠯᠬᠦᠢ ᠵᠢᠨ ᠲᠦᠪᠰᠢᠨ ᠢ᠋ ᠳᠡᠰ ᠳᠡᠪᠰᠢᠬᠦᠯᠬᠦ ᠠᠵᠢᠯᠯᠠᠭ᠎ᠠ ᠪᠤᠯ ᠮᠠᠨ ᠤ᠋ ᠤᠷᠤᠨ ᠤ᠋ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠨᠢ᠋ᠮᠠᠨ ᠶᠡᠬᠡ ᠠᠵᠢᠯᠯᠠᠭ᠎ᠠ ᠵᠢᠨ ᠨᠢᠬᠡ ᠪᠠᠢᠵᠤ᠂ ᠲᠤᠰ ᠠᠵᠢᠯᠯᠠᠭ᠎ᠠ ᠪᠡᠷ ᠲᠠᠮᠵᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠠᠮᠤᠷ ᠲᠦᠪᠱᠢᠨ ᠤ᠋ ᠬᠡᠮᠵᠢᠶ᠎ᠡ᠂ ᠭᠠᠮᠱᠢᠭ ᠲᠠᠢ ᠲᠡᠮᠡᠴᠡᠵᠦ᠍ ᠪᠠᠴᠢᠮ ᠪᠠᠢᠳᠠᠯ ᠢ᠋ ᠠᠷᠭᠠᠴᠠᠭᠠᠬᠤ ᠴᠢᠳᠠᠪᠤᠷᠢ ᠪᠠ ᠲᠡᠭᠡᠭᠡᠪᠦᠷᠢ ᠢ᠋ᠢᠨ ᠠᠮᠤᠷ ᠲᠦᠪᠱᠢᠨ ᠤ᠋ ᠪᠠᠲᠤᠯᠠᠭ᠎ᠠ ᠵᠡᠷᠬᠡ ᠢ᠋ᠢ ᠱᠢᠰᠲ᠋ᠧᠮ ᠲᠠᠢ ᠳᠡᠰ ᠳᠡᠪᠰᠢᠭᠦᠯᠬᠦ ᠪᠤᠯᠤᠨ᠎ᠠ᠃

ᠬᠠᠪᠤᠷ ᠤ᠋ᠨ ᠤᠷᠢ ᠤᠷᠤᠮᠠᠬᠴᠠ ᠬᠠᠮᠢᠶ᠎ᠠ ᠪᠦᠬᠦᠢ ᠭᠠᠵᠠᠷ ᠤ᠋ᠨ ᠬᠢᠨ ᠨᠤᠷᠠᠬᠤ ᠠᠶᠤᠯᠲᠠᠶ ᠬᠥᠭᠥᠷᠭᠡ ᠢ᠋ᠢ ᠵᠠᠰᠠᠬᠤ᠂ ᠵᠠᠮ ᠤ᠋ᠨ ᠠᠭᠤᠯᠵᠠᠷ ᠲᠤ᠌ ᠠᠶᠤᠯᠭᠦᠢ ᠢ᠋ᠢᠨ ᠥᠭᠡᠷᠡᠴᠢᠯᠡᠯᠲᠡ ᠬᠢᠬᠦ ᠵᠡᠷᠭᠡ ᠠᠶᠤᠯᠬᠦᠢ ᠵᠢᠨ ᠲᠦᠪᠰᠢᠨ ᠢ᠋ ᠳᠡᠰ ᠳᠡᠪᠰᠢᠭᠦᠯᠬᠦ ᠭᠤᠤᠯᠳᠠᠯᠭ᠎ᠠ ᠲᠠᠢ ᠲᠥᠷᠥᠯ ᠵᠦᠶ᠋ᠯ ᠢ᠋ ᠱᠠᠯᠠᠪᠳᠠᠨ ᠡᠬᠢᠯᠡᠭᠦᠯᠪᠠ᠃ ᠤᠯᠠᠭᠠᠨᠬᠠᠳᠠ ᠬᠤᠳᠠ ᠵᠢᠨ ᠠᠸ᠋ᠬᠠᠨ ᠬᠣᠱᠢᠭᠤ ᠪᠠᠷᠢᠯᠭ᠎ᠠ ᠶ᠋ᠢᠨ ᠬᠤᠭᠤᠴᠠᠭ᠎ᠠ ᠢ᠋ᠢ ᠠᠮᠵᠢᠭᠤᠯᠤᠨ 3 ᠨᠤᠷᠠᠬᠤ ᠠᠶᠤᠯᠲᠠᠶ ᠬᠥᠭᠥᠷᠭᠡ ᠢ᠋ᠢ ᠥᠭᠡᠷᠡᠴᠢᠯᠡᠨ ᠵᠠᠰᠠᠬᠤ᠂ 72.28 ᠺᠢᠯᠣᠮᠧᠲ᠋ᠷ᠎ᠵᠠᠰᠠᠮᠠᠯ ᠵᠠᠮ ᠳ᠋ᠤ ᠠᠮᠤᠷ ᠲᠦᠪᠰᠢᠨ ᠤ᠋ ᠲᠥᠬᠥᠭᠡᠷᠦᠮᠵᠢ ᠪᠠᠢᠷᠢᠱᠢᠭᠤᠯᠬᠤ ᠵᠡᠷᠭᠡ ᠠᠵᠢᠯ ᠢ᠋ ᠡᠷᠴᠢᠮᠲᠠᠢ ᠶᠠᠪᠤᠭᠳᠠᠭᠤᠯᠵᠤ᠂ ᠬᠦᠳᠡᠭᠡ ᠲᠤᠰᠬᠤᠨ ᠤ᠋ ᠵᠠᠰᠠᠮᠠᠯ ᠵᠠᠮ ᠤ᠋ᠨ ᠠᠮᠤᠷ ᠲᠦᠪᠰᠢᠨ ᠤ᠋ ᠰᠡᠷᠭᠡᠢᠯᠡᠯᠲᠡ ᠢ᠋ᠢᠨ ᠱᠤᠭᠤᠮ ᠢ᠋ ᠪᠠᠲᠤ ᠴᠣᠭ᠍ᠴᠠᠯᠠᠵᠤ ᠪᠠᠢᠨ᠎ᠠ᠃

ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠡᠯ᠎ᠡ ᠲᠥᠷᠥᠯ ᠵᠦᠶ᠋ᠯ ᠤ᠋ᠨ ᠪᠠᠷᠢᠯᠭ᠎ᠠ ᠢ᠋ᠢᠨ ᠵᠢᠷᠤᠭ ᠲᠥᠯᠥᠪᠯᠡᠭᠡ ᠢ᠋ᠢ ᠬᠢᠨᠠᠨ ᠪᠠᠢᠴᠠᠭᠠᠬᠤ ᠢ᠋ᠢ ᠴᠢᠩᠭᠠᠳᠭᠠᠵᠤ᠂ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠬᠠᠢᠨ ᠪᠠᠢᠴᠠᠭᠠᠬᠤ ᠶᠠᠪᠤᠴᠠ ᠢ᠋ᠢᠨ ᠬᠠᠮᠢᠶᠠᠷᠤᠯᠲᠠ ᠪᠠ ᠵᠢᠷᠤᠭ ᠲᠥᠯᠥᠪᠯᠡᠭᠡ ᠢ᠋ᠢ ᠨᠠᠷᠢᠯᠢᠬ᠍ᠵᠢᠭᠤᠯᠬᠤ ᠲᠦᠪᠰᠢᠨ ᠢ᠋ ᠳᠡᠭᠡᠭ᠌ᠰᠢᠯᠡᠭᠦᠯᠦᠨ᠎ᠡ᠃ ᠭᠠᠮᠱᠢᠭ ᠤ᠋ᠨ ᠲᠦᠭ᠌ᠰᠢᠭᠦᠷᠢ ᠢ᠋ᠢᠨ ᠭᠡᠮ ᠰᠤᠭᠤᠭ ᠢ᠋ ᠵᠢᠭ᠍ᠰᠠᠭᠠᠨ ᠪᠠᠢᠴᠠᠭᠠᠵᠤ ᠴᠡᠭ᠌ᠴᠡᠯᠡᠨ ᠵᠠᠰᠠᠬᠤ ᠢ᠋ᠢ ᠴᠢᠩᠭᠠᠳᠭᠠᠨ᠂ ᠵᠠᠮ ᠤ᠋ᠨ ᠬᠥᠭᠥᠷᠭᠡ ᠢ᠋ᠢ ᠤᠷᠢᠳᠴᠢᠯᠠᠨ ᠰᠡᠷᠭᠡᠢᠯᠡᠬᠦ᠌ ᠴᠢᠨᠠᠷᠲᠠᠶ ᠪᠠᠷ ᠠᠷᠠᠴᠢᠯᠠᠨ ᠬᠠᠮᠠᠭᠠᠯᠠᠬᠤ ᠪᠠ ᠪᠡᠬᠢᠵᠢᠭᠦᠯᠦᠨ ᠥᠭᠡᠷᠡᠴᠢᠯᠡᠬᠦ᠌ ᠢ᠋ᠢ ᠴᠢᠩᠭᠠᠳᠭᠠᠵᠤ᠂ ᠣᠳᠣ ᠵᠢᠨ ᠪᠠᠢᠭ᠎ᠠ ᠨᠤᠷᠠᠬᠤ ᠠᠶᠤᠯᠲᠠᠶ ᠬᠥᠭᠥᠷᠭᠡ ᠨᠤᠷᠠᠬᠤ ᠠᠶᠤᠯᠲᠠᠢ ᠨᠦᠬᠡᠨ ᠵᠠᠮ ᠢ᠋ ᠱᠢᠨᠡᠳᠭᠡᠨ ᠵᠠᠰᠠᠬᠤ ᠨᠣᠷᠮ᠎ᠠ ᠢ᠋ᠢ 100% ᠳ᠋ᠤ ᠬᠦᠷᠭᠡᠬᠦ ᠢ᠋ᠢᠨ ᠬᠠᠮᠲᠤ ᠬᠥᠳᠡᠯᠦᠩᠭᠦᠶ ᠪᠡᠷ ᠪᠦᠬᠦᠨ ᠢ᠋ ᠵᠠᠰᠠᠵᠤ ᠳᠠᠭᠤᠰᠬᠠᠨ᠎ᠠ᠃ ᠠᠮᠤᠷ ᠲᠦᠪᠱᠢᠨ ᠤ᠋ ᠭᠡᠮ ᠰᠤᠭᠤᠭ ᠣᠷᠣᠱᠢᠵᠤ ᠪᠠᠢᠭ᠎ᠠ ᠬᠥᠳᠡᠭᠡ ᠲᠣᠰᠭᠣᠨ ᠤ᠋ ᠵᠠᠰᠠᠮᠠᠯ ᠵᠠᠮ ᠤ᠋ᠨ ᠤᠰᠤ ᠲᠤᠭᠲᠠᠳᠠᠭ ᠵᠠᠮ ᠤ᠋ᠨ ᠭᠠᠳᠠᠷᠭᠤ ᠳ᠋ᠤ 80 ᠬᠥᠭᠥᠷᠭᠡ ᠢ᠋ᠢ ᠱᠢᠨ᠎ᠡ ᠪᠡᠷ ᠪᠠᠢᠭᠤᠯᠤᠨ᠎ᠠ᠃ ᠨᠤᠷᠠᠬᠤ ᠠᠶᠤᠯᠲᠠᠢ 100 ᠬᠥᠭᠥᠷᠭᠡ ᠢ᠋ᠢ ᠵᠠᠰᠠᠨ ᠱᠢᠨᠡᠳᠭᠡᠨ᠎ᠠ᠃ ᠵᠠᠰᠠᠮᠠᠯ ᠵᠠᠮ ᠤ᠋ᠨ ᠠᠮᠤᠷ ᠲᠦᠪᠱᠢᠨ ᠤ᠋ ᠲᠦᠬᠦᠭᠡᠷᠦᠮᠵᠢ ᠪᠠ ᠵᠠᠮ ᠬᠠᠷᠢᠯᠴᠠᠭᠠᠨ ᠤ᠋ ᠡᠮᠬᠢ ᠳᠢᠭ᠌ᠯᠢᠮ ᠤ᠋ᠨ ᠬᠠᠮᠢᠶᠠᠷᠤᠯᠲᠠ ᠢ᠋ᠢ ᠨᠠᠷᠢᠯᠢᠬ᠍ᠵᠢᠭᠤᠯᠤᠨ ᠳᠡᠰ ᠳᠡᠪᠰᠢᠭᠦᠯᠬᠦ ᠠᠵᠢᠯᠯᠠᠭ᠎ᠠ ᠢ᠋ᠢ ᠭᠦᠨᠵᠡᠭᠡᠶ ᠠᠬᠢᠭᠤᠯᠵᠤ᠂ 3000 ᠺᠢᠯᠣᠮᠧᠲᠷ ᠤ᠋ᠨ ᠠᠮᠤᠷ ᠲᠦᠪᠱᠢᠨ ᠤ᠋ ᠢᠨᠵᠧᠨᠧᠷᠢᠩ ᠢ᠋ ᠬᠡᠷᠡᠭ᠌ᠵᠢᠭᠦᠯᠵᠤ᠂ ᠠᠮᠠᠷᠬᠠᠨ ᠠᠳᠠᠯ ᠡᠭᠦᠰᠭᠦ ᠪᠠ ᠣᠯᠠᠨ ᠠᠳᠠᠯ ᠡᠭᠦᠰᠭᠦ ᠵᠠᠮ ᠤ᠋ᠨ ᠠᠭᠤᠯᠵᠠᠷ ᠲᠤ᠌ ᠠᠶᠤᠯᠬᠦᠢ ᠵᠢᠨ ᠥᠭᠡᠷᠡᠴᠢᠯᠡᠯᠲᠡ ᠬᠢᠵᠤ᠂ ᠠᠮᠤᠷ ᠲᠦᠪᠱᠢᠨ ᠪᠦᠬᠦᠢ ᠵᠢᠱ᠌ᠢᠢ᠎ᠡ ᠦᠵᠡᠭᠦᠯᠬᠦ᠌ ᠰᠣᠳᠣᠨ ᠵᠠᠰᠠᠮᠠᠯ ᠵᠠᠮ ᠢ᠋ ᠪᠠᠢᠭᠤᠯᠤᠨ᠎ᠠ ᠁ ᠮᠠᠨ ᠤ᠋ ᠤᠷᠤᠨ ᠠᠶᠤᠯᠬᠦᠢ ᠵᠢᠨ ᠲᠦᠪᠱᠢᠨ ᠢ᠋ ᠳᠡᠰ ᠳᠡᠪᠰᠢᠭᠦᠯᠬᠦ ᠠᠵᠢᠯᠯᠠᠭ᠎ᠠ ᠪᠡᠷ ᠳᠠᠮᠵᠢᠨ ᠮᠠᠯᠵᠢᠬᠤ ᠲᠠᠷᠢᠶᠠᠯᠠᠬᠤ ᠣᠷᠣᠨ ᠤ᠋ ᠰᠠᠭᠤᠭᠠᠯᠢ ᠠᠷᠠᠳ ᠤ᠋ᠨ ᠠᠮᠤᠷ ᠲᠦᠪᠱᠢᠨ ᠢ᠋ᠢᠡᠷ ᠶᠠᠪᠤᠵᠤ ᠰᠠᠭᠤᠬᠤ ᠢ᠋ᠢ ᠦᠨᠡᠨ ᠬᠦ᠌ ᠪᠠᠲᠤᠯᠠᠬᠤ ᠪᠤᠯᠤᠨ᠎ᠠ᠃

ᠪᠤᠭᠤᠲᠤ ᠬᠤᠲᠠ ᠢ᠋ᠢᠨ ᠳᠠᠷᠬᠠᠨ ᠮᠤᠤᠮᠢᠩᠭᠠᠨ ᠬᠣᠯᠪᠣᠭᠠᠲᠤ ᠬᠣᠱᠢᠭᠤ ᠡᠨᠡ ᠵᠢᠯ ᠤᠰᠤᠨ ᠳ᠋ᠤ ᠡᠪᠳᠡᠭ᠌ᠳᠡᠭ᠌ᠰᠡᠨ 31 ᠵᠤᠷᠪᠤᠰ ᠬᠥᠳᠡᠭᠡ ᠲᠣᠰᠭᠣᠨ ᠤ᠋ ᠵᠠᠰᠠᠮᠠᠯ ᠵᠠᠮ ᠢ᠋ ᠵᠠᠰᠠᠨ ᠰᠡᠷᠭᠦᠭᠡᠬᠦ᠌ ᠢᠨᠵᠧᠨᠧᠷᠢᠩ ᠢ᠋ ᠡᠬᠢᠯᠡᠭᠦᠯᠵᠦ᠍᠂ 114 ᠵᠠᠮ ᠤ᠋ᠨ ᠬᠡᠰᠡᠭ ᠲᠤ᠌ ᠪᠠᠷᠢᠮᠵᠢᠶᠠᠵᠢᠭ᠍ᠰᠠᠨ ᠥᠭᠡᠷᠡᠴᠢᠯᠡᠯᠲᠡ ᠬᠢᠵᠦ᠍᠂ ᠵᠠᠰᠠᠮᠠᠯ ᠵᠠᠮ ᠤ᠋ᠨ ᠠᠩᠭᠢ ᠢ᠋ᠢᠨ ᠪᠠᠴᠢᠮ ᠪᠠᠢᠳᠠᠯ ᠢ᠋ ᠠᠷᠭᠠᠴᠠᠭᠠᠬᠤ ᠡᠳ᠋ ᠪᠣᠳᠠᠰ ᠨᠥᠭᠡᠴᠡᠯᠡᠬᠦ᠌ ᠴᠢᠳᠠᠮᠵᠢ ᠢ᠋ᠢ ᠥᠷᠭᠡᠳᠭᠡᠬᠦ᠌ 2 ᠲᠥᠷᠥᠯ ᠵᠦᠶ᠋ᠯ ᠢ᠋ ᠡᠬᠢᠯᠡᠭᠦᠯᠪᠠ; ᠲᠦᠡᠭᠯᠢᠶᠤᠤ ᠬᠤᠲᠠ ᠢ᠋ᠢᠨ ᠵᠠᠷᠤᠳ ᠬᠣᠱᠢᠭᠤ ᠬᠤᠸᠠᠩ ᠬᠤᠸᠠ ᠱᠠᠨ ᠪᠠᠯᠭᠠᠰᠤ ᠵᠢᠨ ᠲᠡᠮᠦᠷ ᠵᠠᠮ ᠤ᠋ᠨ ᠭᠤᠯᠳᠤᠩ ᠠᠭᠤᠶ ᠢ᠋ᠢᠨ ᠵᠦᠷᠢᠯᠭᠡ ᠪᠠᠷᠢᠯᠭ᠎ᠠ ᠢ᠋ᠢ ᠡᠬᠢᠯᠡᠭᠦᠯᠵᠦ᠍᠂ ᠦᠶᠡᠷ ᠢ᠋ ᠵᠠᠯᠠᠬᠤ ᠪᠠᠷᠢᠮᠵᠢᠶ᠎ᠠ ᠢ᠋ᠢ ᠳᠡᠭᠡᠭ᠌ᠰᠢᠯᠡᠭᠦᠯᠤᠨ᠂ ᠤᠤᠯ ᠤ᠋ᠨ ᠵᠠᠮ ᠤ᠋ᠨ ᠬᠡᠰᠡᠭ ᠤ᠋ᠨ ᠠᠮᠠᠷᠬᠠᠨ ᠤᠰᠤ ᠬᠤᠷᠠᠬᠤ᠂ ᠠᠮᠠᠷᠬᠠᠨ ᠡᠪᠳᠡᠭ᠌ᠳᠡᠬᠦ᠌ ᠠᠮᠤᠷ ᠲᠦᠪᠱᠢᠨ ᠤ᠋ ᠬᠡᠮ ᠰᠣᠭᠣᠭ ᠢ᠋ ᠲᠤᠢᠯᠪᠤᠷᠢᠲᠠᠶ ᠱᠢᠶ᠋ᠳᠪᠦᠷᠢᠯᠡᠬᠦ  ᠪᠡᠷ ᠪᠤᠢ᠃

ᠭᠠᠮᠱᠢᠭ ᠲᠠᠢ ᠲᠡᠮᠡᠴᠡᠵᠦ᠍ ᠪᠠᠴᠢᠮ ᠪᠠᠢᠳᠠᠯ ᠢ᠋ ᠠᠷᠭᠠᠴᠠᠭᠠᠬᠤ ᠲᠦᠪᠰᠢᠨ ᠢ᠋ ᠳᠡᠭᠡᠭ᠌ᠰᠢᠯᠡᠭᠦᠯᠬᠦ ᠪᠤᠯ ᠠᠶᠤᠯᠬᠦᠢ ᠵᠢᠨ ᠲᠦᠪᠰᠢᠨ ᠢ᠋ ᠳᠡᠰ ᠳᠡᠪᠰᠢᠭᠦᠯᠬᠦ ᠠᠵᠢᠯᠯᠠᠭ᠎ᠠ ᠢ᠋ᠢᠨ ᠭᠤᠤᠯᠳᠠᠯᠭ᠎ᠠ ᠶᠤᠮ᠃ ᠮᠠᠨ ᠤ᠋ ᠤᠷᠤᠨ ᠲᠤᠰ ᠠᠵᠢᠯᠯᠠᠭ᠎ᠠ ᠪᠡᠷ ᠳᠠᠮᠵᠢᠨ ᠭᠠᠮᠱᠢᠭ ᠣᠯᠠᠨ ᠡᠭᠦᠰᠭᠦ ᠣᠷᠣᠨ ᠪᠦᠰᠡ ᠢ᠋ᠢᠨ ᠰᠠᠭᠤᠷᠢ ᠲᠦᠬᠦᠭᠡᠷᠦᠮᠵᠢ ᠢ᠋ᠢᠨ ᠮᠡᠷᠭᠡᠵᠢᠯ ᠤ᠋ᠨ ᠲᠠᠰ ᠪᠠ ᠤᠶᠠᠨ ᠬᠠᠲᠠᠨ ᠴᠢᠨᠠᠷ ᠤ᠋ᠨ ᠳᠡᠭᠡᠭᠰᠢᠯᠡᠬᠦᠯᠤᠯᠲᠡ ᠢ᠋ᠢ ᠡᠮᠬᠢ ᠵᠢᠷᠤᠮ ᠲᠠᠢ ᠠᠬᠢᠭᠤᠯᠵᠤ᠂ ᠴᠢᠬᠤᠯᠠ ᠬᠥᠭᠥᠷᠭᠡ ᠨᠦᠬᠡᠨ ᠵᠠᠮ ᠵᠡᠷᠭᠡ ᠲᠦᠬᠦᠭᠡᠷᠦᠮᠵᠢ ᠢ᠋ᠢᠨ ᠭᠠᠵᠠᠷ ᠬᠦᠳᠡᠯᠦᠯᠲᠡ ᠢ᠋ᠢ ᠳᠠᠭᠠᠭᠠᠬᠤ ᠰᠡᠷᠭᠡᠢᠯᠡᠯᠲᠡ ᠢ᠋ᠢᠨ ᠲᠠᠰ ᠪᠠ ᠦᠶᠡᠷ ᠢ᠋ ᠰᠡᠷᠭᠡᠢᠯᠡᠬᠦ᠌ ᠪᠠᠷᠢᠮᠵᠢᠶ᠎ᠠ ᠢ᠋ᠢ ᠵᠦᠶ ᠵᠣᠬᠢᠰᠲᠠᠶ ᠳᠡᠭᠡᠭ᠌ᠰᠢᠯᠡᠭᠦᠯᠦᠨ᠂ ᠱᠢᠨ᠎ᠡ ᠪᠡᠷ ᠪᠠᠢᠭᠤᠯᠬᠤ ᠬᠥᠭᠥᠷᠭᠡ ᠵᠢᠴᠢ ᠦᠶᠡᠷ ᠵᠠᠯᠠᠬᠤ ᠵᠠᠮ ᠳ᠋ᠤ ᠬᠣᠯᠪᠣᠭ᠍ᠳᠠᠯ ᠪᠥᠬᠥᠶ ᠬᠠᠤᠯᠢ ᠲᠣᠭ᠍ᠲᠠᠭᠠᠯ ᠪᠠ ᠪᠠᠷᠢᠮᠵᠢᠶ᠎ᠠ ᠶᠣᠰᠣᠭᠠᠷ ᠭᠤᠤᠯ ᠤ᠋ᠨ ᠭᠤᠯᠳᠤᠷᠢᠯ ᠤ᠋ᠨ ᠦᠶᠡᠷ ᠵᠠᠯᠠᠬᠤ ᠱᠠᠭᠠᠷᠳᠠᠯᠭ᠎ᠠ ᠳ᠋ᠤ ᠬᠦᠷᠬᠡᠨ᠎ᠠ᠃ ᠨᠡᠯᠢᠶᠡᠳ ᠥᠨᠳᠥᠷ ᠲᠡᠰ ᠡᠴᠡ ᠳᠡᠭᠡᠭᠰᠢᠬᠢ ᠲᠦᠭ᠌ᠰᠢᠭᠦᠷᠢ ᠢ᠋ᠢᠨ ᠴᠡᠭ ᠢ᠋ ᠬᠢᠨᠠᠨ ᠬᠡᠮᠵᠢᠵᠦ᠍ ᠤᠷᠢᠳᠴᠢᠯᠠᠨ ᠰᠡᠷᠡᠮᠵᠢᠯᠡᠭᠦᠯᠬᠦ᠌ ᠴᠢᠳᠠᠪᠤᠷᠢ ᠢ᠋ᠢ ᠳᠡᠭᠡᠭ᠌ᠰᠢᠯᠡᠭᠦᠯᠵᠦ᠍᠂ ᠱᠢᠨ᠎ᠡ ᠪᠡᠷ ᠥᠭᠡᠷᠡᠴᠢᠯᠡᠨ ᠪᠠᠢᠭᠤᠯᠤᠭ᠍ᠰᠠᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠬᠢᠭᠡᠳ ᠪᠠᠴᠢᠮ ᠪᠠᠢᠳᠠᠯ ᠢ᠋ ᠠᠷᠭᠠᠴᠠᠭᠠᠨ ᠱᠢᠶ᠋ᠳᠪᠦᠷᠢᠯᠡᠬᠦ᠌ ᠵᠢᠴᠢ ᠭᠠᠮᠱᠢᠭ ᠤ᠋ᠨ ᠳᠠᠷᠠᠭ᠎ᠠ ᠰᠡᠷᠭᠦᠭᠡᠵᠦ᠍ ᠳᠠᠬᠢᠨ ᠪᠥᠲᠥᠭᠡᠨ ᠪᠠᠢᠭᠤᠯᠬᠤ ᠠᠵᠢᠯ ᠢ᠋ ᠨᠢᠭᠡᠳᠦᠯᠲᠡᠶ ᠲᠥᠯᠥᠪᠵᠢᠭᠦᠯᠦᠨ᠎ᠡ ᠃ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠭᠠᠮᠱᠢᠭ ᠤ᠋ᠨ ᠳᠠᠭᠠᠳᠭᠠᠯ ᠤ᠋ᠨ ᠲᠤᠷᠱᠢᠯᠲᠠ ᠢ᠋ᠢᠨ ᠴᠡᠭ ᠤ᠋ᠨ ᠠᠵᠢᠯ ᠢ᠋ ᠰᠦᠪᠡᠭ᠌ᠴᠢᠯᠡᠨ᠎ᠡ᠃ 《ᠡᠡᠭ ᠤ᠋ᠨ ᠪᠠ ᠪᠠᠴᠢᠮ ᠬᠤᠤᠰ ᠬᠡᠷᠡᠭ᠌ᠴᠡᠭᠡᠲᠦ》 ᠲᠦᠬᠦᠭᠡᠷᠦᠮᠵᠢ ᠪᠣᠯᠤᠨ ᠤᠯᠤᠰ ᠤ᠋ᠨ ᠣᠷᠣᠨ ᠪᠦᠰᠡ ᠢ᠋ᠢᠨ ᠴᠢᠨᠠᠷᠲᠠᠶ ᠵᠠᠰᠠᠮᠠᠯ ᠵᠠᠮ ᠤ᠋ᠨ ᠵᠠᠮ ᠬᠠᠷᠢᠯᠴᠠᠭᠠᠨ ᠤ᠋ ᠪᠠᠴᠢᠮ ᠪᠠᠢᠳᠠᠯ ᠢ᠋ ᠠᠷᠭᠠᠴᠠᠭᠠᠬᠤ ᠲᠤᠨᠤᠭ ᠲᠥᠬᠥᠭᠡᠷᠦᠮᠵᠢ ᠡᠳ᠋ ᠪᠠᠷᠠᠭ᠎ᠠ ᠨᠥᠭᠡᠴᠡᠯᠡᠬᠦ᠌ ᠲᠥᠪ ᠵᠡᠷᠭᠡ ᠢ᠋ᠢ ᠬᠣᠯᠪᠣᠭ᠍ᠰᠠᠨ ᠵᠠᠰᠠᠮᠠᠯ ᠵᠠᠮ ᠤ᠋ᠨ ᠪᠦᠳᠦᠬᠡᠨ ᠪᠠᠢᠭᠤᠯᠤᠯᠳᠠ ᠵᠢ ᠠᠬᠢᠭᠤᠯᠤᠨ᠎ᠠ᠃ ᠡᠯ᠎ᠡ ᠱᠠᠲᠤᠨ ᠤ᠋ ᠪᠠᠴᠢᠮ ᠪᠠᠢᠳᠠᠯ ᠢ᠋ ᠠᠷᠭᠠᠴᠠᠭᠠᠬᠤ ᠡᠩᠨᠡᠭᠡ᠂ ᠡᠳ᠋ ᠪᠠᠷᠠᠭ᠎ᠠ ᠨᠥᠭᠡᠴᠡᠯᠡᠬᠦ᠌ ᠴᠡᠭ ᠤ᠋ᠨ ᠪᠠᠢᠭᠤᠯᠤᠯᠲᠠ ᠢ᠋ᠢ ᠴᠢᠩᠭᠠᠳᠬᠠᠵᠤ᠂ ᠨᠥᠬᠥᠴᠡᠯ ᠪᠦᠷᠢᠯᠳᠦᠭᠦᠯᠦᠭ᠌ᠰᠡᠨ 50 ᠵᠠᠰᠠᠮᠠᠯ ᠵᠠᠮ ᠤ᠋ᠨ ᠬᠠᠮᠢᠶᠠᠷᠤᠯᠲᠠ ᠢ᠋ᠢᠨ ᠥᠷᠲᠡᠭᠡ᠂ ᠵᠠᠮ ᠤ᠋ᠨ ᠠᠩᠭᠢ ᠵᠢᠨ ᠭᠠᠵᠠᠷ ᠵᠡᠷᠭᠡ ᠢ᠋ᠢᠨ ᠪᠠᠢᠭᠤᠯᠤᠯᠳᠠ ᠵᠢ ᠠᠬᠢᠭᠤᠯᠵᠤ᠂  ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ ᠪᠠᠴᠢᠮ ᠪᠠᠢᠳᠠᠯ ᠢ᠋ ᠠᠷᠭᠠᠴᠠᠭᠠᠬᠤ ᠲᠣᠨᠣᠭ ᠲᠥᠬᠥᠭᠡᠷᠦᠮᠵᠢ ᠡᠳ᠋ ᠪᠠᠷᠠᠭ᠎ᠠ ᠨᠥᠭᠡᠴᠡᠯᠡᠬᠦ᠌ ᠴᠢᠳᠠᠮᠵᠢ ᠢ᠋ᠢ ᠥᠷᠭᠡᠳᠭᠡᠨ᠂ ᠪᠠᠴᠢᠮ ᠪᠠᠢᠳᠠᠯ ᠢ᠋ ᠠᠷᠭᠠᠴᠠᠭᠠᠨ ᠱᠢᠶ᠋ᠳᠪᠦᠷᠢᠯᠡᠬᠦ᠌ ᠴᠢᠳᠠᠪᠤᠷᠢ ᠢ᠋ᠢ ᠳᠡᠭᠡᠭ᠌ᠰᠢᠯᠡᠭᠦᠯᠬᠦ ᠪᠤᠯᠤᠨ᠎ᠠ᠃

ᠪᠠᠶᠠᠨᠨᠠᠭᠤᠷ ᠬᠣᠲᠠ ᠢ᠋ᠢᠨ ᠯᠢᠨ ᠾᠧ ᠲᠣᠭᠣᠷᠢᠭ X712 ᠵᠠᠰᠠᠮᠠᠯ ᠵᠠᠮ ᠤ᠋ᠨ ᠵᠢᠡᠨ ᠵᠠᠩᠭᠢᠯᠠᠭ᠎ᠠ ᠢ᠋ᠢᠨ ᠴᠡᠭ ᠲᠦ᠍ ᠳᠡᠭᠡᠭ᠌ᠰᠢᠯᠡᠭᠦᠯᠵᠦ᠍ ᠳᠤᠷᠤᠭᠰᠢᠯᠠᠭᠤᠯᠵᠤ ᠪᠣᠯᠬᠤ ᠥᠨᠳᠥᠷ ᠢ᠋ ᠬᠢᠵᠠᠭᠠᠷᠯᠠᠬᠤ 2 ᠤᠶᠤᠨᠲᠤ ᠵᠢᠶᠠᠰᠠ ᠢ᠋ᠢ ᠱᠢᠨ᠎ᠡ ᠪᠡᠷ ᠨᠡᠮᠡᠵᠦ᠍᠂ ᠥᠨᠳᠥᠷ ᠤ᠋ᠨ ᠬᠢᠵᠠᠭᠠᠷᠯᠡᠯ ᠢ᠋ 3 ᠮᠧᠲ᠋ᠷ ᠢ᠋ᠢᠡᠷ ᠲᠣᠭ᠍ᠲᠠᠭᠠᠨ᠂ ᠭᠤᠤ ᠳ᠋ᠸ ᠪᠤᠯᠤᠨ ᠪᠠᠶ ᠳ᠋ᠦ᠋ ᠵᠡᠷᠭᠡ ᠵᠠᠮᠴᠢᠯᠠᠬᠤ ᠲᠠᠪᠴᠠᠩ ᠤ᠋ᠨ ᠲᠣᠭ᠎ᠠ ᠪᠠᠷᠢᠮᠲᠠ ᠲᠠᠢ ᠬᠤᠯᠪᠤᠵᠤ᠂ ᠬᠡᠮᠵᠢᠶ᠎ᠡ ᠡᠴᠡ ᠬᠡᠲᠦᠷᠡᠭ᠌ᠰᠡᠨ ᠲᠡᠷᠭᠡ ᠢ᠋ᠢ ᠪᠠᠢᠴᠠᠭᠠᠨ ᠮᠡᠳᠡᠪᠡᠯ ᠠᠦ᠋ᠲ᠋ᠣ᠋ ᠪᠡᠷ ᠲᠦᠭ᠌ᠰᠢᠭᠦᠷᠢ ᠮᠡᠳᠡᠭᠦᠯᠬᠦ᠌ ᠢ᠋ᠢ ᠪᠠᠶᠠᠯᠠᠭᠦᠯᠪᠠ; ᠰᠢᠯᠢ ᠵᠢᠨ ᠭᠤᠤᠯ ᠠᠢᠮᠠᠭ ᠤ᠋ᠨ ᠱᠢᠯᠤᠭᠤᠨ ᠬᠥᠬᠡ ᠬᠣᠱᠢᠭᠤ ᠬᠠᠤᠯᠢ ᠬᠡᠷᠡᠭ᠌ᠵᠢᠭᠦᠯᠬᠦ᠌ ᠵᠠᠭ᠍ᠪᠤᠷ ᠲᠦ᠍ ᠱᠢᠨ᠎ᠡ ᠢ᠋ᠢ ᠡᠬᠦᠳᠤᠨ᠂ ᠬᠠᠤᠯᠢ ᠬᠡᠷᠡᠭ᠌ᠵᠢᠭᠦᠯᠬᠦ᠌ ᠲᠤᠰᠭᠠᠶ ᠠᠩᠭᠢ ᠢ᠋ᠢ ᠵᠣᠬᠢᠶᠠᠨ ᠪᠠᠢᠭᠤᠯᠵᠤ᠂ 《ᠬᠥᠳᠡᠯᠦᠩᠭᠦᠶ ᠪᠡᠷ ᠲᠣᠭᠣᠷᠢᠨ ᠪᠠᠢᠴᠠᠭᠠᠬᠤ + ᠴᠡᠭ ᠲᠣᠭ᠍ᠲᠠᠭᠠᠨ ᠵᠢᠵᠢᠭᠦᠷᠯᠡᠨ ᠰᠠᠬᠢᠬᠤ》 ᠶ᠋ᠢ ᠤᠶᠠᠯᠳᠤᠭᠤᠯᠬᠤ ᠠᠷᠭ᠎ᠠ ᠬᠡᠯᠪᠡᠷᠢ ᠪᠡᠷ ᠬᠡᠮᠵᠢᠶ᠎ᠡ ᠡᠴᠡ ᠬᠡᠲᠦᠷᠡᠲᠡᠯ᠎ᠡ ᠲᠡᠭᠡᠭᠡᠪᠦᠷᠢᠯᠡᠬᠦ ᠵᠡᠷᠭᠡ ᠬᠠᠤᠯᠢ ᠲᠣᠭ᠍ᠲᠠᠭᠠᠯ ᠡᠴᠡ ᠵᠥᠷᠢᠴᠡᠭ᠌ᠰᠡᠨ ᠦᠶ᠋ᠯᠡ ᠠᠵᠢᠯᠯᠠᠭ᠎ᠠ ᠢ᠋ᠢ ᠪᠠᠢᠩᠭᠤᠵᠢᠭᠤᠯᠤᠨ ᠴᠡᠭ᠌ᠴᠡᠯᠡᠨ ᠵᠠᠰᠠᠵᠤ ᠪᠤᠢ᠃

ᠤᠢᠯᠠᠭᠠᠭᠰᠠᠨ ᠢ᠋ᠢᠡᠷ᠂ ᠮᠠᠨ ᠤ᠋ ᠤᠷᠤᠨ ᠠᠶᠤᠯᠬᠦᠢ ᠵᠢᠨ ᠲᠦᠪᠰᠢᠨ ᠢ᠋ ᠳᠡᠰ ᠳᠡᠪᠰᠢᠬᠦᠯᠬᠦ ᠠᠵᠢᠯᠯᠠᠭ᠎ᠠ ᠳ᠋ᠤ ᠮᠠᠯᠵᠢᠬᠤ ᠲᠠᠷᠢᠶᠠᠯᠠᠬᠤ ᠣᠷᠣᠨ ᠤ᠋ ᠠᠶᠠᠨᠴᠢᠳ ᠤ᠋ᠨ ᠵᠦᠭᠡᠭᠡᠪᠦᠷᠢ ᠢ᠋ᠢᠨ ᠮᠠᠰᠢᠨ ᠲᠡᠷᠭᠡ ᠢ᠋ᠢᠨ ᠬᠥᠳᠡᠯᠦᠩᠭᠦᠶ ᠪᠡᠷ ᠬᠢᠨᠠᠨ ᠡᠵᠡᠮᠳᠡᠬᠦ᠌ ᠱᠢᠰᠲ᠋ᠧᠮ ᠤ᠋ᠨ ᠬᠢᠨᠠᠯᠲᠠ ᠬᠠᠮᠢᠶᠠᠷᠤᠯᠲᠠ ᠢ᠋ᠢ ᠪᠡᠬᠢᠵᠢᠭᠦᠯᠦᠨ ᠳᠡᠭᠡᠭ᠌ᠰᠢᠯᠡᠭᠦᠯᠵᠦ᠍᠂ ᠬᠣᠲᠠ ᠬᠥᠳᠡᠭᠡ ᠢ᠋ᠢᠨ ᠨᠡᠢᠲᠡ ᠢ᠋ᠢᠨ ᠵᠠᠮ ᠬᠠᠷᠢᠯᠴᠠᠭᠠᠨ ᠤ᠋ ᠠᠵᠢᠯᠯᠠᠭᠠᠨ ᠤ᠋ ᠠᠮᠤᠷ ᠲᠦᠪᠱᠢᠨ ᠤ᠋ ᠬᠢᠨᠠᠯᠲᠠ ᠬᠠᠮᠢᠶᠠᠷᠤᠯᠲᠠ ᠢ᠋ᠢ ᠴᠢᠩᠭᠠᠳᠭᠠᠨ᠂ ᠨᠥᠬᠥᠴᠡᠯ ᠲᠡᠶ ᠭᠠᠵᠠᠷ ᠣᠷᠣᠨ ᠳ᠋ᠤ ᠬᠣᠲᠠ ᠬᠥᠳᠡᠭᠡ ᠢ᠋ᠢᠨ ᠨᠡᠢᠲᠡ ᠢ᠋ᠢᠨ ᠮᠠᠱᠢᠨ ᠲᠡᠷᠭᠡᠨ ᠳᠡᠭᠡᠷ᠎ᠡ ᠵᠢᠯᠣᠭᠣᠴᠢ ᠢ᠋ᠢᠨ ᠲᠤᠰᠠᠯᠠᠬᠤ ᠱᠢᠰᠲ᠋ᠧᠮ(ADAS) ᠢ᠋ ᠬᠡᠷᠡᠭ᠌ᠯᠡᠬᠦ᠌ ᠢ᠋ᠢ ᠵᠣᠷᠢᠭ᠍ᠵᠢᠭᠤᠯᠤᠨ᠎ᠠ᠃ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠤ᠋ᠨ《ᠥᠨᠳᠥᠷ ᠢ᠋ ᠬᠢᠵᠠᠭᠠᠷᠯᠠᠵᠤ ᠥᠷᠭᠡᠨ ᠢ᠋ ᠬᠢᠵᠠᠭᠠᠷᠯᠠᠬᠤ》 ᠲᠦᠬᠦᠭᠡᠷᠦᠮᠵᠢ ᠢ᠋ᠢᠨ ᠴᠡᠭ ᠤ᠋ᠨ ᠪᠠᠢᠷᠢᠱᠢᠭᠤᠯᠤᠯᠲᠠ ᠢ᠋ᠢ ᠱᠢᠯᠢᠳᠡᠭ᠌ᠵᠢᠭᠦᠯᠦᠨ ᠲᠡᠭᠦᠯᠳᠡᠷᠵᠢᠭᠦᠯᠵᠦ᠍᠂ ᠬᠠᠮᠢᠶ᠎ᠠ ᠪᠥᠬᠥᠶ ᠮᠡᠳᠡᠭᠡ ᠵᠠᠩᠭᠢ ᠢ᠋ᠢ ᠴᠠᠭ ᠲᠤᠬᠠᠶ ᠳ᠋ᠤᠨᠢ ᠭᠤᠤ ᠳ᠋ᠸ᠂ ᠪᠠᠶ ᠳ᠋ᠦ᠋ ᠵᠡᠷᠭᠡ ᠵᠠᠮᠴᠢᠯᠠᠬᠤ ᠲᠠᠪᠴᠠᠩ ᠳ᠋ᠤ ᠬᠦᠷᠭᠡᠨ᠂ ᠳᠡᠭᠡᠭ᠌ᠰᠢᠯᠡᠭᠦᠯᠵᠤ ᠳᠤᠷᠤᠭᠰᠢᠯᠠᠭᠤᠯᠵᠤ ᠪᠣᠯᠬᠤ᠂ ᠬᠢᠨᠠᠨ ᠡᠵᠡᠮᠳᠡᠵᠦ᠍ ᠪᠣᠯᠬᠤ《ᠥᠨᠳᠥᠷ ᠢ᠋ ᠬᠢᠵᠠᠭᠠᠷᠯᠠᠵᠤ ᠥᠷᠭᠡᠨ ᠢ᠋ ᠬᠢᠵᠠᠭᠠᠷᠯᠠᠬᠤ》 ᠲᠦᠬᠦᠭᠡᠷᠦᠮᠵᠢ ᠤᠭ᠍ᠰᠠᠷᠠᠬᠤ ᠢ᠋ᠢ ᠵᠣᠷᠢᠭ᠍ᠵᠢᠭᠤᠯᠤᠨ᠎ᠠ᠃ ᠨᠥᠬᠥᠴᠡᠯ ᠲᠡᠶ ᠭᠠᠵᠠᠷ ᠣᠷᠣᠨ ᠤ᠋ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠳᠠᠭᠠᠤ ᠵᠣᠬᠢᠬᠤ ᠡᠯᠧᠺᠲ᠋ᠷᠣᠨ ᠮᠡᠷᠭᠡᠵᠢᠯ ᠤ᠋ᠨ ᠬᠢᠨᠠᠨ ᠡᠵᠡᠮᠳᠡᠬᠦ᠌ ᠲᠥᠬᠥᠭᠡᠷᠦᠮᠵᠢ ᠪᠠᠢᠷᠢᠯᠠᠭᠤᠯᠬᠤ ᠢ᠋ᠢ ᠵᠣᠷᠢᠭ᠍ᠵᠢᠭᠤᠯᠤᠨ᠎ᠠ᠃ ᠬᠣᠯᠪᠣᠭᠠᠯᠠᠨ ᠬᠠᠤᠯᠢ ᠬᠡᠷᠡᠭ᠌ᠵᠢᠭᠦᠯᠵᠦ᠍ ᠪᠠᠢᠴᠠᠭᠠᠯᠲᠠ ᠬᠢᠬᠦ᠌ ᠢ᠋ᠢ ᠴᠢᠩᠭᠠᠳᠭᠠᠨ᠂ ᠣᠯᠠᠨ ᠢ᠋ᠢᠡᠷ ᠢ᠋ᠢᠡᠨ ᠰᠡᠷᠭᠡᠢᠯᠡᠵᠦ᠍ ᠣᠯᠠᠨ ᠢ᠋ᠢᠡᠷ ᠢ᠋ᠢᠡᠨ ᠬᠠᠮᠢᠶᠠᠷᠬᠤ ᠦᠢᠯᠡᠳᠦᠯ ᠢ᠋ ᠪᠠᠳᠠᠷᠠᠭᠤᠯᠵᠤ᠂ ᠬᠡᠮᠵᠢᠶ᠎ᠡ ᠡᠴᠡ ᠬᠡᠲᠦᠷᠡᠲᠡᠯ᠎ᠡ ᠲᠡᠭᠡᠭᠡᠪᠦᠷᠢᠯᠡᠬᠦ᠂ ᠬᠠᠤᠯᠢ ᠪᠤᠰᠤ ᠪᠠᠷ ᠲᠡᠭᠡᠭᠡᠪᠦᠷᠢᠯᠡᠨ ᠡᠵᠡᠩᠨᠡᠬᠦ᠌ ᠵᠡᠷᠭᠡ ᠬᠠᠤᠯᠢ ᠲᠣᠭ᠍ᠲᠠᠭᠠᠯ ᠡᠴᠡ ᠵᠥᠷᠢᠴᠡᠭ᠌ᠰᠡᠨ ᠦᠢᠯᠡ ᠠᠵᠢᠯᠯᠠᠭ᠎ᠠ ᠢ᠋ᠢ ᠴᠢᠩᠭ᠎ᠠ ᠪᠠᠢᠴᠠᠭᠠᠨ ᠱᠢᠢᠳᠪᠦᠷᠢᠯᠡᠨ᠎ᠡ᠃ ᠬᠦᠳᠡᠬᠡ ᠲᠣᠰᠭᠣᠨ ᠢ᠋ᠢᠡᠷ ᠥᠩᠭᠡᠷᠡᠬᠦ᠌ ᠵᠠᠮ ᠤ᠋ᠨ ᠬᠡᠰᠡᠭ᠂ ᠲᠠᠬᠢᠷ ᠵᠠᠮ ᠡᠭ᠌ᠴᠡ ᠬᠥᠲᠥᠯ᠂ ᠤᠰᠤᠨ ᠤ᠋ ᠬᠥᠪᠡᠭᠡ ᠬᠠᠳᠠᠨ ᠤ᠋ ᠢᠷᠮᠡᠭ ᠵᠡᠷᠭᠡ ᠴᠢᠬᠤᠯᠠ ᠵᠠᠮ ᠤ᠋ᠨ ᠬᠡᠰᠡᠭ ᠲᠠᠬᠢ ᠰᠡᠷᠡᠮᠵᠢᠯᠡᠭᠦᠯᠬᠦ᠌ ᠰᠡᠷᠡᠮᠵᠢ ᠢ᠋ᠢᠨ ᠲᠡᠮᠳᠡᠭ ᠢ᠋ ᠲᠡᠭᠦᠯᠳᠡᠷᠵᠢᠭᠦᠯᠵᠦ᠍᠂ ᠵᠠᠮ ᠲᠡᠭᠡᠭᠡᠪᠦᠷᠢ ᠢ᠋ᠢᠨ ᠠᠮᠤᠷ ᠲᠦᠪᠱᠢᠨ ᠢ᠋ ᠪᠠᠲᠤᠯᠠᠬᠤ ᠲᠦᠪᠰᠢᠨ ᠢ᠋ ᠪᠦᠲᠦᠮᠵᠢᠲᠡᠶ ᠳᠡᠭᠡᠭ᠌ᠰᠢᠯᠡᠭᠦᠯᠬᠦ ᠪᠤᠯᠤᠨ᠎ᠠ᠃

《ᠪᠢᠳᠡ ᠮᠠᠯᠵᠢᠬᠤ ᠲᠠᠷᠢᠶᠠᠯᠠᠬᠤ ᠤᠷᠤᠨ ᠤ᠋ ᠵᠠᠰᠠᠮᠠᠯ ᠵᠠᠮ ᠤ᠋ᠨ ᠠᠶᠤᠯᠭᠦᠢ ᠢ᠋ᠢᠨ ᠲᠦᠪᠱᠢᠨ ᠳ᠋ᠤ ᠠᠩᠬᠠᠷᠤᠯ ᠢ᠋ᠢᠡᠨ ᠲᠥᠪᠯᠡᠷᠡᠭᠦᠯᠵᠦ᠍᠂ ᠪᠥᠬᠥ᠌ ᠬᠡᠯᠬᠢᠶ᠎ᠡ ᠪᠡᠷ ᠨᠠᠷᠢᠯᠢᠭ ᠵᠠᠰᠠᠯᠲᠠ ᠬᠢᠬᠦ ᠵᠢᠨ ᠬᠠᠮᠳᠤ ᠭᠠᠮᠱᠢᠭ ᠲᠠᠢ ᠲᠡᠮᠡᠴᠡᠵᠤ ᠪᠠᠴᠢᠮ ᠪᠠᠢᠳᠠᠯ ᠢ᠋ ᠠᠷᠭᠠᠴᠠᠭᠠᠬᠤ ᠲᠦᠪᠱᠢᠨ ᠢ᠋ ᠪᠦᠬᠦ᠌ ᠲᠠᠯ᠎ᠠ ᠪᠡᠷ ᠳᠡᠭᠡᠭ᠌ᠰᠢᠯᠡᠭᠦᠯᠤᠨ᠂ ᠡᠯᠧᠺᠲ᠋ᠷᠣᠨ ᠬᠢᠨᠠᠨ ᠡᠵᠡᠮᠳᠡᠯ ᠪᠠ ᠬᠣᠯᠪᠣᠭᠠᠯᠠᠨ ᠬᠠᠤᠯᠢ ᠬᠡᠷᠡᠭ᠌ᠵᠢᠭᠦᠯᠵᠤ ᠪᠠᠢᠴᠠᠭᠠᠯᠲᠠ ᠬᠢᠬᠦ ᠢ᠋ᠢ ᠴᠢᠩᠭᠠᠳᠭᠠᠵᠤ᠂ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠪᠦᠬᠦᠨ ᠢ᠋ ᠠᠮᠤᠷ ᠲᠦᠪᠱᠢᠨ ᠵᠢᠡᠷ ᠰᠠᠨᠠᠭ᠎ᠠ ᠠᠮᠤᠷ ᠠᠶᠠᠯᠠᠬᠤ ᠲᠠᠷᠳᠠᠩ ᠵᠠᠮ ᠪᠣᠯᠭᠠᠨ ᠪᠥᠲᠥᠭᠡᠨ ᠪᠠᠢᠭᠤᠯᠤᠨ᠎ᠠ》 ᠭᠡᠵᠤ ᠥᠪᠡᠷᠲᠡᠭᠡᠨ ᠵᠠᠰᠠᠬᠤ ᠣᠷᠣᠨ ᠤ᠋ ᠵᠠᠮ ᠬᠠᠷᠢᠯᠴᠠᠭ᠎ᠠ ᠲᠡᠭᠡᠭᠡᠪᠦᠷᠢ ᠢ᠋ᠢᠨ ᠲᠢᠩᠬᠢᠮ ᠤ᠋ᠨ ᠬᠠᠮᠢᠶ᠎ᠠ ᠪᠥᠬᠥᠶ ᠬᠠᠷᠢᠭᠤᠴᠠᠯᠭᠠᠲᠠᠨ ᠱᠢᠨ᠎ᠡ ᠨᠢᠭᠡ ᠡᠭᠡᠯᠵᠢ ᠢ᠋ᠢᠨ ᠮᠠᠯᠵᠢᠬᠤ ᠲᠠᠷᠢᠶᠠᠯᠠᠬᠤ ᠣᠷᠣᠨ ᠤ᠋ ᠵᠠᠰᠠᠮᠠᠯ ᠵᠠᠮ ᠢ᠋ ᠳᠡᠰ ᠳᠡᠪᠰᠢᠭᠦᠯᠬᠦ ᠠᠵᠢᠯᠯᠠᠭ᠎ᠠ ᠢ᠋ᠢᠨ ᠪᠠᠢᠷᠢᠯᠠᠭᠤᠯᠤᠯᠲᠠ ᠢ᠋ᠢᠨ ᠬᠤᠷᠠᠯ ᠳᠡᠭᠡᠷ᠎ᠡ ᠶᠠᠷᠢᠵᠤ ᠪᠠᠢᠯ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号