2026 ᠣᠨ᠎ᠳᠤ᠂ 《ᠠᠷᠪᠠᠨ ᠲᠠᠪᠤᠳᠤᠭᠠᠷ ᠲᠠᠪᠤᠨ ᠵᠢᠯ》 ᠤ᠋ᠨ ᠡᠬᠢᠯᠡᠯᠲᠡ᠎ᠶ᠋ᠢᠨ ᠵᠢᠯ᠎ᠳᠦ᠂ ᠠᠷᠪᠠᠨ ᠳᠥᠷᠪᠡᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠳᠥᠷᠪᠡᠳᠦᠭᠡᠷ ᠬᠤᠷᠠᠯ᠎ᠡᠴᠡ ᠠᠮᠢ ᠠᠬᠤᠶ ᠣᠷᠴᠢᠨ ᠲᠣᠭᠣᠷᠢᠨ᠎ᠤ ᠬᠠᠤᠯᠢ᠎ᠶ᠋ᠢᠨ ᠪᠢᠴᠢᠭ᠂ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠠᠬᠢᠭᠤᠯᠬᠤ ᠬᠠᠤᠯᠢ᠂ ᠤᠯᠤᠰ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢᠨ ᠬᠠᠤᠯᠢ ᠵᠡᠷᠭᠡ ᠭᠤᠷᠪᠠᠨ ᠢᠵᠢ ᠴᠢᠬᠤᠯᠠ ᠬᠠᠤᠯᠢ ᠴᠠᠭᠠᠵᠠ᠎ᠶ᠋ᠢ ᠬᠢᠨᠠᠨ ᠵᠥᠪᠯᠡᠵᠦ᠍ ᠪᠠᠲᠤᠯᠠᠪᠠ᠃
ᠨᠡᠢᠭᠡᠮ ᠵᠢᠷᠤᠮ᠎ᠤᠨ ᠣᠳᠣᠬᠢᠴᠢᠯᠠᠯᠲᠠ᠎ᠶ᠋ᠢ ᠦᠨᠳᠦᠰᠦᠨ᠎ᠳᠡᠭᠡᠨ ᠪᠡᠶᠡᠯᠡᠭᠦᠯᠬᠦ᠌ ᠰᠠᠭᠤᠷᠢ᠎ᠶ᠋ᠢ ᠪᠡᠬᠢᠵᠢᠭᠦᠯᠬᠦ᠌᠂ ᠪᠦᠬᠦ᠌ ᠲᠠᠯ᠎ᠠ᠎ᠪᠠᠷ ᠬᠦᠴᠦᠯᠡᠬᠦ᠌ ᠵᠠᠩᠭᠢᠯᠠᠭ᠎ᠠ᠎ᠶ᠋ᠢᠨ ᠴᠠᠭ ᠦᠶ᠎ᠡ᠎ᠳᠦ᠂ ᠡᠨᠡ ᠬᠦ᠌ ᠭᠤᠷᠪᠠᠨ ᠬᠠᠤᠯᠢ ᠴᠠᠭᠠᠵᠠ᠎ᠶ᠋ᠢ ᠲᠣᠭ᠍ᠲᠠᠭᠠᠭᠰᠠᠨ ᠨᠢ ᠴᠢᠬᠤᠯᠠ ᠶᠡᠬᠡ ᠠᠴᠢ ᠬᠣᠯᠪᠣᠭ᠍ᠳᠠᠯ᠎ᠲᠠᠶ ᠶᠤᠮ᠂ ᠡᠨᠡ ᠨᠢ ᠰᠢ ᠵᠢᠨ ᠫᠢᠩ᠎ᠦᠨ ᠬᠠᠤᠯᠢ᠎ᠪᠠᠷ ᠵᠠᠰᠠᠬᠤ ᠦᠵᠡᠯ ᠰᠠᠨᠠᠭᠠᠨ᠎ᠤ ᠦᠨᠡᠨ ᠶᠣᠰᠣᠨ᠎ᠤ ᠬᠦᠴᠦᠨ ᠪᠠ ᠦᠢᠯᠡᠳᠦᠯᠭᠡ᠎ᠶ᠋ᠢᠨ ᠠᠤᠭ᠎ᠠ ᠬᠦᠴᠦᠨ᠎ᠢ ᠢᠯᠡᠷᠡᠭᠦᠯᠪᠡ᠃
ᠵᠠᠩᠭᠢᠯᠠᠭ᠎ᠠ᠎ᠶ᠋ᠢᠨ ᠦᠶ᠎ᠡ᠎ᠶ᠋ᠢᠨ ᠪᠡᠯᠭᠡ ᠲᠡᠮᠳᠡᠭ᠎ᠦᠨ ᠴᠢᠨᠠᠷᠲᠠᠢ ᠬᠠᠤᠯᠢ ᠵᠢ ᠲᠣᠭ᠍ᠲᠠᠭᠠᠬᠰᠠᠨ ᠨᠢ 《ᠠᠷᠪᠠᠨ ᠲᠠᠪᠤᠳᠤᠭᠠᠷ ᠲᠠᠪᠤᠨ ᠵᠢᠯ》 ᠤ᠋ᠨ ᠰᠠᠢ᠌ᠨ ᠰᠠᠢᠬᠠᠨ ᠡᠬᠢᠯᠡᠯᠲᠡ᠎ᠶ᠋ᠢᠨ ᠬᠠᠤᠯᠢ ᠪᠡᠷ ᠵᠠᠰᠠᠬᠤ ᠪᠠᠲᠤᠯᠠᠭ᠎ᠠ᠎ᠶ᠋ᠢ ᠪᠤᠢ ᠪᠤᠯᠭᠠᠪᠠ —
ᠬᠠᠤᠯᠢ᠎ᠪᠠᠷ ᠵᠠᠰᠠᠬᠤ ᠪᠣᠯ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠴᠢᠬᠤᠯᠠ ᠪᠠᠲᠤᠯᠠᠭ᠎ᠠ ᠮᠥᠨ᠃ ᠰᠢ ᠵᠢᠨ ᠫᠢᠩ᠎ᠦᠨ ᠬᠠᠤᠯᠢ ᠪᠡᠷ ᠵᠠᠰᠠᠬᠤ ᠦᠵᠡᠯ ᠰᠠᠨᠠᠭᠠᠨ᠎ᠤ ᠭᠣᠣᠯ ᠴᠢᠮᠥᠭᠡ ᠨᠢ 《ᠠᠷᠪᠠᠨ ᠬᠣᠶᠠᠷ ᠪᠠᠷᠢᠮᠲᠠᠯᠠᠯ》 ᠢ᠋ ᠬᠠᠮᠤᠷᠴᠤ᠌ ᠪᠤᠢ᠂ ᠡᠬᠦᠨ ᠳ᠋ᠤ 《ᠬᠠᠤᠯᠢ ᠪᠡᠷ ᠵᠠᠰᠠᠬᠤ ᠵᠠᠮ ᠳᠡᠭᠡᠷ᠎ᠠ ᠨᠡᠢᠭᠡᠮ ᠵᠢᠷᠤᠮ᠎ᠤᠨ ᠣᠳᠣᠬᠢᠴᠢᠯᠠᠭ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ᠎ᠶ᠋ᠢ ᠪᠠᠷᠢᠮᠲᠠᠯᠠᠬᠤ》 ᠵᠢ ᠪᠠᠭ᠍ᠲᠠᠭᠠᠵᠤ᠂ ᠭᠦᠨᠵᠡᠭᠡᠢ ᠠᠭᠤᠯᠤᠭ᠍ᠳᠠᠬᠤᠨ ᠲᠠᠢ ᠶᠤᠮ᠃
ᠬᠠᠤᠯᠢ ᠪᠡᠷ ᠵᠠᠰᠠᠬᠤ ᠵᠠᠮ ᠳᠡᠭᠡᠷ᠎ᠡ ᠱᠢᠨ᠎ᠡ ᠴᠠᠭ ᠦᠶ᠎ᠡ᠎ᠶ᠋ᠢᠨ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢ ᠠᠬᠢᠭᠤᠯᠵᠤ᠂ ᠦᠨᠳᠦᠰᠦᠲᠡᠨ᠎ᠦ ᠬᠡᠷᠡᠭ ᠶᠠᠪᠤᠳᠠᠯ᠎ᠢ ᠬᠠᠤᠯᠢ᠎ᠪᠠᠷ ᠵᠠᠰᠠᠬᠤ ᠴᠢᠳᠠᠪᠤᠷᠢ ᠪᠠ ᠲᠦᠪᠱᠢᠨ᠎ᠢ ᠲᠠᠰᠤᠷᠠᠯᠲᠠ ᠦᠭᠡᠢ ᠳᠡᠭᠡᠭ᠌ᠰᠢᠯᠡᠭᠦᠯᠵᠦ᠍᠂ ᠤᠯᠤᠰ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ᠂ ᠬᠢᠨᠠᠨ ᠪᠠᠢᠴᠠᠭᠠᠬᠤ ᠪᠠ ᠵᠥᠪᠱᠢᠶᠡᠷᠡᠬᠦ᠌᠂ ᠬᠡᠷᠡᠭ᠌ᠵᠢᠭᠦᠯᠬᠦ᠌ ᠵᠢᠴᠢ ᠲᠡᠭᠦᠨ᠎ᠳᠦ ᠬᠢᠨᠠᠯᠲᠠ ᠲᠠᠯᠪᠢᠬᠤ ᠵᠡᠷᠭᠡ ᠠᠵᠢᠯ᠎ᠤᠨ ᠬᠠᠤᠯᠢ ᠪᠡᠷ ᠵᠠᠰᠠᠬᠤ ᠲᠦᠪᠱᠢᠨ᠎ᠢ ᠬᠦᠴᠦᠯᠡᠨ ᠳᠡᠭᠡᠭ᠌ᠰᠢᠯᠡᠭᠦᠯᠪᠠ ᠁
ᠡᠨᠡ ᠬᠦ᠌ ᠭᠤᠷᠪᠠᠨ ᠴᠢᠬᠤᠯᠠ ᠬᠠᠤᠯᠢ ᠴᠠᠭᠠᠵᠠ᠎ᠶ᠋ᠢ ᠲᠣᠭ᠍ᠲᠠᠭᠠᠭ᠍ᠰᠠᠨ ᠶᠠᠪᠤᠳᠠᠯ ᠪᠣᠯ ᠨᠡᠢᠭᠡᠮ ᠵᠢᠷᠤᠮ᠎ᠤᠨ ᠣᠳᠣᠬᠢᠴᠢᠯᠠᠭ᠍ᠰᠠᠨ ᠤᠯᠤᠰ᠎ᠢ ᠪᠦᠬᠦ᠌ ᠲᠠᠯ᠎ᠠ᠎ᠪᠠᠷ ᠪᠦᠳᠦᠭᠡᠨ ᠪᠠᠢᠭᠤᠯᠬᠤ ᠠᠬᠢᠴᠠ ᠳᠤᠮᠳᠠ᠂ ᠨᠡᠩ ᠲᠡᠭᠦᠯᠳᠡᠷᠵᠢᠭ᠌ᠰᠡᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠬᠠᠤᠯᠢ᠎ᠪᠠᠷ ᠵᠠᠰᠠᠬᠤ ᠱᠢᠰᠲ᠋ᠧᠮ᠎ᠢ ᠪᠠᠢᠭᠤᠯᠵᠤ᠂ ᠨᠡᠩ ᠥᠨᠳᠥᠷ ᠲᠦᠪᠱᠢᠨ ᠪᠦᠬᠦᠢ ᠨᠡᠢᠭᠡᠮ ᠵᠢᠷᠤᠮ᠎ᠤᠨ ᠬᠠᠤᠯᠢ᠎ᠪᠠᠷ ᠵᠠᠰᠠᠬᠤ ᠤᠯᠤᠰ᠎ᠢ ᠪᠦᠳᠦᠭᠡᠨ ᠪᠠᠢᠭᠤᠯᠬᠤ ᠪᠡᠯᠭᠡ ᠲᠡᠮᠳᠡᠭ᠎ᠦᠨ ᠴᠢᠨᠠᠷᠲᠠᠢ ᠬᠠᠤᠯᠢ ᠲᠣᠭ᠍ᠲᠠᠭᠠᠯᠳᠠ ᠪᠣᠯᠤᠨ᠎ᠠ᠃
ᠶᠡᠷᠦᠩᠬᠡᠢ ᠱᠦᠵᠢ ᠰᠢ ᠵᠢᠨ ᠫᠢᠩ᠄ 《ᠪᠢᠳᠡ ᠬᠠᠤᠯᠢ ᠪᠡᠷ ᠤᠯᠤᠰ᠎ᠢᠶᠠᠨ ᠵᠠᠰᠠᠬᠤ᠎ᠶ᠋ᠢ ᠪᠦᠬᠦ᠌ ᠲᠠᠯ᠎ᠠ᠎ᠪᠠᠷ ᠠᠬᠢᠭᠤᠯᠵᠤ᠂ ᠬᠠᠤᠯᠢ᠎ᠪᠠᠷ ᠵᠠᠰᠠᠬᠤ᠎ᠶ᠋ᠢ ᠡᠷᠡᠰ ᠭᠤᠢᠪᠢᠰᠢ ᠦᠭᠡᠢ ᠴᠢᠩᠭ᠎ᠠ ᠬᠡᠷᠡᠭ᠌ᠵᠢᠭᠦᠯᠬᠦ᠌᠎ᠶ᠋ᠢ ᠳᠤᠷᠠᠳᠤᠭᠰᠠᠨ᠎ᠤ ᠨᠢᠭᠡᠨ ᠴᠢᠬᠤᠯᠠ ᠵᠣᠷᠢᠯᠭ᠎ᠠ ᠪᠣᠯ ᠳᠠᠷᠤᠢ ᠦᠷ᠎ᠡ ᠬᠣᠢᠴᠢᠰᠤᠨᠢᠶᠠᠨ ᠲᠥᠯᠥᠭᠡ ᠪᠣᠳᠣᠯᠬᠢᠯᠠᠵᠤ᠂ ᠠᠯᠤᠰ ᠬᠡᠳᠦ᠍᠎ᠶ᠋ᠢᠨ ᠬᠥᠭ᠌ᠵᠢᠯᠲᠡ᠎ᠶ᠋ᠢᠨ ᠲᠥᠯᠥᠭᠡ ᠪᠣᠳᠣᠯᠬᠢᠯᠠᠭᠰᠠᠨ ᠶᠠᠪᠤᠳᠠᠯ ᠪᠣᠯᠤᠨ᠎ᠠ》 ᠭᠡᠵᠤ ᠭᠦᠨᠵᠡᠭᠡᠢ ᠵᠢᠭᠠᠵᠤ ᠭᠠᠷᠭᠠᠵᠤ ᠦᠩᠭᠡᠷᠡᠪᠡ᠃
ᠡᠨᠡ ᠬᠦ᠌ ᠭᠤᠷᠪᠠᠨ ᠬᠠᠤᠯᠢ ᠴᠠᠭᠠᠵᠠ᠎ᠶ᠋ᠢ ᠲᠣᠭ᠍ᠲᠠᠭᠠᠭ᠍ᠰᠠᠨ ᠨᠢ᠂ ᠠᠮᠢ ᠠᠬᠤᠢ᠎ᠶ᠋ᠢᠨ ᠪᠣᠯᠪᠠᠰᠤᠨ᠎ᠤ ᠪᠠᠢᠭᠤᠯᠤᠯᠲᠠ᠂ ᠦᠨᠳᠦᠰᠦᠲᠡᠨ᠎ᠦ ᠪᠦᠯᠬᠦᠮᠳᠡᠯ ᠲᠠᠪᠱᠢᠯᠳᠠ᠂ ᠤᠯᠤᠰ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢᠨ ᠲᠤᠬᠠᠢ ᠨᠠᠮ᠎ᠤᠨ ᠲᠥᠪ ᠬᠣᠷᠢᠶ᠎ᠠ ᠵᠢᠨ ᠴᠢᠬᠤᠯᠠ ᠶᠡᠬᠡ ᠪᠠᠢᠷᠢᠯᠠᠭᠤᠯᠤᠯᠲᠠ᠎ᠶ᠋ᠢ ᠲᠦᠭ ᠲᠦᠮᠡᠨ ᠠᠷᠠᠳ ᠲᠦᠮᠡᠨ᠎ᠦ ᠪᠤᠳᠤᠬ᠍ᠰᠠᠨ᠎ᠲᠠᠶ ᠨᠢᠭ᠍ᠲᠠ ᠤᠶᠠᠯᠳᠤᠭᠤᠯᠵᠤ᠂ ᠬᠠᠤᠯᠢ᠎ᠪᠠᠷ ᠲᠣᠭ᠍ᠲᠠᠭᠠᠭ᠍ᠰᠠᠨ ᠳᠡᠰ ᠳᠠᠷᠠᠭᠠᠯᠠᠯ᠎ᠢᠶᠠᠷ ᠳᠠᠮᠵᠢᠨ ᠤᠯᠤᠰ᠎ᠤᠨ ᠵᠣᠷᠢᠭ ᠰᠠᠨᠠᠭ᠎ᠠ ᠪᠣᠯᠭᠠᠨ ᠬᠤᠪᠢᠷᠠᠭᠤᠯᠵᠤ᠂ 《ᠰᠠᠭᠤᠷᠢ᠎ᠶ᠋ᠢ ᠪᠠᠲᠤᠳᠭᠠᠨ ᠲᠠᠪᠴᠠᠩ᠎ᠢ ᠴᠣᠭ᠍ᠴᠠᠯᠠᠬᠤ》 ᠦᠢᠯᠡᠳᠦᠯ᠎ᠢ ᠭᠦᠢᠴᠡᠳ ᠪᠠᠳᠠᠷᠠᠭᠤᠯᠵᠤ᠂ ᠬᠠᠤᠯᠢ᠎ᠪᠠᠷ ᠵᠠᠰᠠᠬᠤ ᠬᠦᠴᠦᠨ᠎ᠢᠶᠡᠷ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠶ᠋ᠢᠨ ᠯᠠᠪᠳᠠᠭᠤᠨ᠎ᠢᠶᠠᠷ ᠬᠤᠯᠠ ᠠᠶᠠᠯᠠᠬᠤ᠎ᠶ᠋ᠢ ᠬᠠᠮᠠᠭᠠᠯᠠᠬᠤ ᠪᠣᠳᠠᠲᠠᠢ ᠢᠯᠡᠷᠡᠯ ᠮᠥᠨ᠃
ᠰᠠᠢ᠌ᠨ ᠬᠠᠤᠯᠢ᠎ᠪᠠᠷ ᠳᠦᠷᠢᠮ ᠲᠤᠭᠳᠠᠭᠠᠵᠤ᠂ 《ᠳᠤᠮᠳᠠᠳᠤ ᠤᠯᠤᠰ᠎ᠤᠨ ᠵᠠᠰᠠᠯᠲᠠ》 ᠪᠡᠷ ᠪᠠᠢᠭᠤᠯᠤᠯ᠎ᠦᠨ ᠰᠠᠭᠤᠷᠢ᠎ᠶ᠋ᠢ ᠪᠡᠬᠢᠵᠢᠭᠦᠯᠪᠡ —
ᠬᠠᠤᠯᠢ ᠴᠠᠭᠠᠵᠠ ᠪᠣᠯ ᠲᠦᠷᠦ ᠵᠢ ᠵᠠᠰᠠᠬᠤ ᠴᠢᠬᠤᠯᠠ ᠵᠡᠪᠰᠡᠭ ᠮᠥᠨ᠃ ᠱᠢᠨ᠎ᠡ ᠴᠠᠭ ᠦᠶ᠎ᠡ᠎ᠶ᠋ᠢᠨ ᠬᠠᠤᠯᠢ ᠲᠣᠭ᠍ᠲᠠᠭᠠᠬᠤ ᠠᠵᠢᠯ᠎ᠢ ᠠᠬᠢᠭᠤᠯᠬᠤ᠎ᠳᠤ᠂ ᠶᠡᠷᠦᠩᠬᠡᠢ ᠱᠦᠵᠢ ᠰᠢ ᠵᠢᠨ ᠫᠢᠩ ᠭᠦᠨᠵᠡᠭᠡᠢ ᠰᠡᠳᠬᠢᠵᠤ ᠬᠤᠯᠠ᠎ᠶ᠋ᠢ ᠪᠣᠳᠣᠯᠬᠢᠯᠠᠵᠤ᠂ ᠢᠮᠠᠭ᠍ᠲᠠ ᠲᠤᠭᠤᠱᠢᠯᠠᠭᠤᠯᠪᠠ᠃
《ᠳᠤᠮᠳᠠᠳᠤ ᠤᠯᠤᠰ᠎ᠤᠨ ᠣᠨᠴᠠᠯᠢᠭ᠎ᠪᠦᠬᠦᠢ ᠨᠡᠢᠭᠡᠮ ᠵᠢᠷᠤᠮ᠎ᠤᠨ ᠬᠠᠤᠯᠢ ᠴᠠᠭᠠᠵᠠ᠎ᠶ᠋ᠢᠨ ᠱᠢᠰᠲ᠋ᠧᠮ᠎ᠢ ᠲᠦᠷᠭᠡᠳᠭᠡᠨ ᠲᠡᠭᠦᠯᠳᠡᠷᠵᠢᠭᠦᠯᠵᠦ᠍᠂ ᠲᠡᠭᠦᠨ᠎ᠢ ᠨᠠᠩ ᠱᠢᠨᠵᠢᠯᠡᠬᠦ᠌ ᠤᠬᠠᠭᠠᠨᠴᠢ ᠪᠥᠭᠡᠳ ᠪᠦᠷᠢᠨ ᠲᠡᠭᠦᠯᠳᠡᠷ ᠪᠣᠯᠭᠠᠵᠤ᠂ ᠡᠷᠬᠡ ᠰᠦᠷ᠎ᠢ ᠨᠢᠭᠡᠳᠭᠡᠬᠦ᠌ ᠬᠡᠷᠡᠭ᠌ᠲᠡᠶ》᠂ 《ᠬᠠᠤᠯᠢ ᠲᠣᠭ᠍ᠲᠠᠭᠠᠬᠤ᠂ ᠵᠠᠰᠠᠪᠤᠷᠢ ᠣᠷᠣᠭᠤᠯᠬᠤ᠂ ᠬᠦᠴᠦᠨ ᠥᠬᠡᠶ ᠪᠣᠯᠭᠠᠬᠤ᠂ ᠲᠠᠢᠯᠪᠤᠷᠢᠯᠠᠬᠤ᠎ᠶ᠋ᠢ ᠨᠢᠭᠡᠳᠦᠯᠲᠡᠶ ᠲᠥᠯᠥᠪᠵᠢᠭᠦᠯᠵᠦ᠍᠂ ᠭᠤᠤᠯᠳᠠᠯᠭ᠎ᠠ᠎ᠲᠠᠶ ᠬᠦᠷᠢᠶ᠎ᠡ ᠴᠠᠷᠠᠭ᠎ᠠ᠂ ᠱᠢᠨ᠎ᠡ᠎ᠪᠡᠷ ᠮᠠᠨᠳᠤᠭ᠍ᠰᠠᠨ ᠬᠦᠷᠢᠶ᠎ᠡ ᠴᠠᠷᠠᠭ᠎ᠠ᠂ ᠭᠠᠳᠠᠭᠠᠳᠤ᠎ᠳᠤ ᠬᠣᠯᠪᠣᠭ᠍ᠳᠠᠬᠤ ᠬᠦᠷᠢᠶᠡᠨ᠎ᠦ ᠬᠠᠤᠯᠢ ᠲᠣᠭ᠍ᠲᠠᠭᠠᠯᠲᠠ᠎ᠶ᠋ᠢ ᠴᠢᠩᠭᠠᠳᠭᠠᠬᠤ ᠬᠡᠷᠡᠭ᠌ᠲᠡᠶ》 ᠁ ᠲᠥᠪ᠎ᠦᠨ ᠪᠥᠬᠥ᠌ ᠲᠠᠯ᠎ᠠ᠎ᠪᠠᠷ ᠬᠠᠤᠯᠢ᠎ᠪᠠᠷ ᠤᠯᠤᠰ᠎ᠢᠶᠠᠨ ᠵᠠᠰᠠᠬᠤ ᠠᠵᠢᠯ᠎ᠤᠨ ᠬᠤᠷᠠᠯ᠂ ᠲᠥᠪ᠎ᠦᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠠᠵᠢᠯ᠎ᠤᠨ ᠬᠤᠷᠠᠯ ᠵᠡᠷᠭᠡ ᠴᠢᠬᠤᠯᠠ ᠲᠠᠯᠠᠪᠤᠷ᠎ᠲᠤ᠂ ᠶᠡᠷᠦᠩᠬᠡᠶ ᠱᠦᠵᠢ ᠰᠢ ᠵᠢᠨ ᠫᠢᠩ ᠣᠯᠠᠨ ᠤᠳᠠᠭ᠎ᠠ ᠴᠢᠬᠤᠯᠠ ᠥᠭᠦᠯᠡᠯᠲᠡ ᠨᠠᠢᠳᠡᠯᠡᠵᠤ᠂ ᠲᠣᠳᠣᠷᠬᠠᠶ ᠱᠠᠭᠠᠷᠳᠠᠯᠭ᠎ᠠ ᠳᠤᠷᠠᠳᠴᠠᠶ᠃
ᠠᠮᠢ ᠠᠬᠤᠢ᠎ᠣᠷᠴᠢᠨ ᠲᠤᠭᠤᠷᠢᠨ᠎ᠤ ᠬᠠᠤᠯᠢ᠎ᠶ᠋ᠢᠨ ᠪᠢᠴᠢᠭ ᠪᠤᠢ ᠪᠤᠯᠵᠤ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢᠭᠡᠮ ᠵᠢᠷᠤᠮ᠎ᠤᠨ ᠬᠠᠤᠯᠢ ᠴᠠᠭᠠᠵᠠ᠎ᠶ᠋ᠢᠨ ᠱᠢᠰᠲ᠋ᠧᠮ ᠡᠭᠦᠨ᠎ᠡᠴᠡ ᠡᠬᠢᠯᠡᠨ《ᠠᠮᠢ ᠠᠬᠤᠢ᠎ᠣᠷᠴᠢᠨ ᠲᠤᠭᠤᠷᠢᠨ᠎ᠤ ᠬᠠᠤᠯᠢ》᠎ᠶ᠋ᠢᠨ ᠰᠠᠯᠠᠭ᠎ᠠ ᠮᠥᠴᠢᠷ᠎ᠢ ᠨᠡᠮᠡᠵᠦ᠍ ᠪᠠᠢᠭᠤᠯᠪᠠ; ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠠᠬᠢᠭᠤᠯᠬᠤ ᠬᠠᠤᠯᠢ ᠪᠣᠯ ᠱᠢᠨ᠎ᠡ ᠴᠠᠭ ᠦᠶ᠎ᠡ᠎ᠳᠦ ᠦᠨᠳᠦᠰᠦᠨ ᠬᠠᠤᠯᠢ᠎ᠶᠢᠨ ᠬᠣᠯᠪᠣᠭ᠍ᠳᠠᠯ ᠪᠥᠬᠥᠶ ᠲᠣᠭ᠍ᠲᠠᠭᠠᠯ᠎ᠢ ᠬᠡᠷᠡᠭ᠌ᠵᠢᠭᠦᠯᠬᠦ᠌᠂ ᠦᠨᠳᠦᠰᠦᠲᠡᠨ᠎ᠦ ᠬᠡᠷᠡᠭ ᠶᠠᠪᠤᠳᠠᠯ᠎ᠢ ᠱᠢᠶ᠋ᠳᠪᠦᠷᠢᠯᠡᠬᠦ᠌ ᠪᠠ ᠦᠨᠳᠦᠰᠦᠲᠡᠨ᠎ᠦ ᠠᠵᠢᠯ᠎ᠢ ᠥᠷᠨᠢᠭᠦᠯᠬᠦ᠌᠎ᠶ᠋ᠢᠨ ᠦᠨᠳᠦᠰᠦᠨ ᠬᠠᠤᠯᠢ ᠴᠠᠭᠠᠵᠠ ᠮᠥᠨ; ᠤᠯᠤᠰ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢᠨ ᠬᠠᠤᠯᠢ᠎ᠶ᠋ᠢ ᠲᠣᠭ᠍ᠲᠠᠭᠠᠵᠤ᠂ ᠤᠯᠠᠨ ᠵᠢᠯ᠎ᠦᠨ ᠲᠤᠷᠱᠢᠬᠢ ᠪᠦᠲᠦᠮᠵᠢᠲᠡᠢ ᠠᠷᠭ᠎ᠠ ᠬᠢᠳᠡᠯ᠎ᠢ ᠬᠠᠤᠯᠢ ᠴᠠᠭᠠᠵᠠ᠎ᠶ᠋ᠢᠨ ᠲᠦᠷᠢᠮ᠎ᠦᠨ ᠵᠢᠷᠤᠮᠵᠢᠯ ᠪᠣᠯᠭᠠᠨ ᠲᠣᠭ᠍ᠲᠠᠭᠠᠪᠠ᠃
ᠳᠦᠷᠢᠮ᠎ᠦᠨ ᠠᠷᠤᠭ ᠶᠠᠰᠤ ᠨᠡᠩ ᠪᠠᠲᠤ ᠪᠡᠬᠢ᠂ ᠵᠠᠰᠠᠯᠲᠠ᠎ᠶ᠋ᠢᠨ ᠰᠤᠳᠠᠰᠤ ᠨᠡᠩ ᠲᠣᠳᠣᠷᠬᠠᠢ ᠪᠣᠯᠪᠠ᠃ ᠭᠤᠷᠪᠠᠨ ᠴᠢᠬᠤᠯᠠ ᠬᠠᠤᠯᠢ ᠴᠠᠭᠠᠵᠠ ᠨᠢ ᠭᠤᠷᠪᠠᠨ ᠬᠡᠰᠡᠭ ᠬᠦᠨᠳᠦ ᠴᠢᠬᠤᠯᠠ ᠰᠠᠭᠤᠷᠢ ᠴᠢᠯᠠᠭᠤ ᠮᠡᠲᠦ ᠤᠯᠤᠰ᠎ᠤᠨ ᠵᠠᠰᠠᠯᠲᠠ᠎ᠶ᠋ᠢᠨ ᠱᠢᠰᠲ᠋ᠧᠮ ᠪᠣᠯᠤᠨ ᠵᠠᠰᠠᠯᠲᠠ᠎ᠶ᠋ᠢᠨ ᠴᠢᠳᠠᠪᠤᠷᠢ᠎ᠶ᠋ᠢᠨ ᠣᠳᠣᠬᠢᠴᠢᠯᠠᠯᠲᠠ᠎ᠶ᠋ᠢᠨ ᠨᠡᠩ ᠥᠨᠳᠥᠷ ᠲᠦᠪᠱᠢᠨ᠎ᠳᠦ ᠭᠠᠷᠬᠤ᠎ᠶ᠋ᠢ ᠲᠤᠯᠭᠠᠭᠤᠷᠢᠯᠠᠪᠠ᠃
ᠬᠠᠤᠯᠢ᠎ᠪᠠᠷ ᠵᠠᠰᠠᠬᠤ᠎ᠪᠠᠷ ᠬᠥᠭ᠌ᠵᠢᠯᠲᠡ᠎ᠶ᠋ᠢ ᠬᠠᠮᠠᠭᠠᠯᠠᠨ ᠠᠷᠠᠳ᠎ᠤᠨ ᠠᠮᠢᠳᠤᠷᠠᠯ᠎ᠢ ᠪᠠᠲᠤᠯᠠᠵᠤ᠂ ᠠᠷᠠᠳ ᠲᠦᠮᠡᠨ᠎ᠦ ᠬᠦᠰᠡᠯ ᠡᠷᠡᠮᠡᠯᠵᠡᠯ᠎ᠲᠡᠶ ᠠᠳᠠᠯᠢ ᠴᠢᠭᠯᠡᠯ᠎ᠢᠶᠡᠷ ᠤᠷᠤᠭ᠍ᠰᠢᠯᠠᠨ᠎ᠠ —
《ᠠᠷᠠᠳ ᠤᠯᠠᠨ᠎ᠤ ᠬᠠᠤᠯᠢ ᠲᠣᠭ᠍ᠲᠠᠭᠠᠬᠤ ᠲᠤᠬᠠᠢ ᠬᠦᠰᠡᠯ ᠡᠷᠡᠮᠡᠯᠵᠡᠯ ᠨᠢ ᠨᠢᠭᠡᠨᠲᠡ ᠪᠠᠢᠬᠤ ᠡᠰᠡᠬᠦ᠌ ᠪᠢᠰᠢ ᠪᠣᠯᠵᠠᠢ᠂ ᠬᠠᠷᠢᠨ ᠰᠠᠢ᠌ᠨ ᠡᠰᠡᠬᠦ᠌᠂ ᠲᠤᠰᠠᠲᠠᠢ ᠡᠰᠡᠬᠦ᠌᠂ ᠪᠣᠳᠠᠲᠠᠢ ᠠᠰᠠᠭᠤᠳᠠᠯ᠎ᠢ ᠱᠢᠢᠳᠪᠦᠷᠢᠯᠡᠵᠦ᠍ ᠳᠡᠢᠯᠬᠦ᠌ ᠡᠰᠡᠬᠦ᠌ ᠪᠤᠯᠵᠠᠢ》᠃ ᠶᠡᠷᠦᠩᠬᠡᠢ ᠱᠦᠵᠢ ᠰᠢ ᠵᠢᠨ ᠫᠢᠩ᠎ᠦᠨ ᠭᠦᠨᠵᠡᠭᠡᠢ ᠨᠤᠲᠠᠯᠠᠯᠲᠠ ᠨᠢ ᠱᠢᠨ᠎ᠡ ᠴᠠᠭ ᠦᠶ᠎ᠡ᠎ᠶ᠋ᠢᠨ ᠬᠠᠤᠯᠢ ᠲᠣᠭ᠍ᠲᠠᠭᠠᠬᠤ ᠠᠵᠢᠯ᠎ᠳᠤ ᠨᠡᠩ ᠥᠨᠳᠥᠷ ᠱᠠᠭᠠᠷᠳᠠᠯᠭ᠎ᠠ ᠳᠤᠷᠠᠳᠪᠠ᠃
ᠭᠤᠷᠪᠠᠨ ᠴᠢᠬᠤᠯᠠ ᠬᠠᠤᠯᠢ ᠴᠠᠭᠠᠵᠠ ᠨᠢ ᠰᠢ ᠵᠢᠨ ᠫᠢᠩ᠎ᠦᠨ ᠬᠠᠤᠯᠢ᠎ᠪᠠᠷ ᠵᠠᠰᠠᠬᠤ ᠦᠵᠡᠯ ᠰᠠᠨᠠᠭ᠎ᠠ᠎ᠶ᠋ᠢᠨ 《ᠬᠠᠤᠯᠢ ᠲᠣᠭ᠍ᠲᠠᠭᠠᠯᠲᠠ᠎ᠪᠠᠷ ᠠᠵᠤ ᠠᠬᠤᠶ᠎ᠶ᠋ᠢᠨ ᠦᠷᠭᠦᠯᠵᠢᠯᠡᠨ ᠡᠷᠡᠭᠦᠯ᠎ᠢᠶᠡᠷ ᠬᠥᠭ᠌ᠵᠢᠬᠦ᠌᠎ᠶ᠋ᠢ ᠴᠢᠨᠠᠷ ᠰᠠᠢᠲᠠᠶ ᠪᠠᠲᠤᠯᠠᠨ ᠠᠬᠢᠭᠤᠯᠬᠤ》 ᠱᠢᠨᠵᠢᠯᠡᠬᠦ᠌ ᠤᠬᠠᠭᠠᠨᠴᠢ ᠵᠢᠯᠣᠭᠣᠳᠣᠯᠭ᠎ᠠ᠎ᠶ᠋ᠢ ᠨᠠᠢᠳᠠᠪᠤᠷᠢᠵᠢᠭᠤᠯᠵᠤ᠂ ᠵᠦᠶ᠋ᠯ ᠵᠤᠷᠪᠤᠰ᠎ᠢᠶᠠᠷ ᠣᠯᠠᠨ ᠲᠦᠮᠡᠨ᠎ᠦ ᠬᠦᠰᠡᠯ ᠡᠷᠡᠮᠡᠯᠵᠡᠯ᠎ᠳᠦ ᠬᠠᠷᠢᠭᠤᠯᠲᠠ ᠥᠭ᠌ᠴᠦ᠂ ᠠᠵᠤ ᠠᠬᠤᠶ᠎ᠶ᠋ᠢᠨ ᠬᠥᠭ᠌ᠵᠢᠯᠲᠡ᠎ᠶ᠋ᠢ ᠬᠠᠮᠠᠭᠠᠯᠠᠨ᠂ ᠠᠷᠠᠳ᠎ᠤᠨ ᠠᠮᠢᠳᠤᠷᠠᠯ᠎ᠤᠨ ᠲᠤᠬᠠᠢ ᠬᠠᠢᠷ᠎ᠠ ᠬᠠᠯᠠᠮᠵᠢᠯᠠᠯ᠎ᠢ ᠭᠦᠶ᠋ᠴᠡᠳ ᠢᠯᠡᠷᠡᠬᠦᠯᠦᠭᠰᠡᠨ ᠪᠠᠢᠨ᠎ᠠ᠃
ᠠᠮᠢ ᠠᠬᠤᠢ ᠣᠷᠴᠢᠨ ᠲᠣᠭᠣᠷᠢᠨ᠎ᠤ ᠬᠠᠤᠯᠢ᠎ᠶ᠋ᠢᠨ ᠪᠢᠴᠢᠭ᠎ᠲᠦ 《ᠪᠣᠬᠢᠷᠲᠤᠯ ᠦᠭᠡᠢ ᠪᠠᠭ᠎ᠠ ᠨᠡᠭᠦᠷᠡᠰᠦᠲᠥ᠋ᠷᠥᠭ᠌ᠴᠢᠲᠦ ᠬᠥᠭ᠌ᠵᠢᠯᠲᠡ》 ᠵᠢ ᠲᠤᠰᠠᠭᠠᠷ ᠨᠢᠬᠡ ᠠᠩᠬᠢ ᠪᠤᠯᠭᠠᠨ ᠦᠬᠦᠯᠡᠵᠤ᠂ ᠬᠠᠤᠯᠢ᠎ᠪᠡᠷ ᠵᠠᠰᠠᠬᠤ ᠠᠷᠭ᠎ᠠ ᠪᠠᠷᠢᠯ᠎ᠢᠶᠠᠷ ᠠᠵᠤ ᠠᠬᠤᠢ ᠨᠡᠢᠭᠡᠮ᠎ᠦᠨ ᠬᠥᠭ᠌ᠵᠢᠯᠲᠡ᠎ᠶ᠋ᠢᠨ ᠪᠦᠬᠦ᠌ ᠲᠠᠯ᠎ᠠ᠎ᠪᠠᠷ ᠪᠣᠬᠢᠷᠲᠤᠯ ᠦᠭᠡᠢ ᠲᠡᠢᠰᠢ ᠬᠡᠯᠪᠡᠷᠢ᠎ᠪᠡᠨ ᠬᠤᠪᠢᠷᠠᠭᠤᠯᠬᠤ᠎ᠶ᠋ᠢ ᠠᠬᠢᠭᠤᠯᠵᠤ᠂ ᠰᠢ ᠵᠢᠨ ᠫᠢᠩ᠎ᠦᠨ ᠠᠮᠢ ᠠᠬᠤᠢ᠎ᠶ᠋ᠢᠨ ᠪᠣᠯᠪᠠᠰᠤᠨ᠎ᠤ ᠦᠵᠡᠯ ᠰᠠᠨᠠᠭ᠎ᠠ᠂ ᠰᠢ ᠵᠢᠨ ᠫᠢᠩ᠎ᠦᠨ ᠬᠠᠤᠯᠢ᠎ᠪᠡᠷ ᠵᠠᠰᠠᠬᠤ ᠦᠵᠡᠯ ᠰᠠᠨᠠᠭ᠎ᠠ ᠵᠢᠨ ᠴᠠᠭ ᠦᠶᠡᠴᠢ ᠴᠢᠨᠠᠷ᠂ ᠪᠠᠷᠠᠯᠠᠯᠳᠤ ᠴᠢᠨᠠᠷ᠎ᠢ ᠢᠯᠡ ᠲᠣᠳᠣ ᠢᠯᠡᠷᠡᠭᠦᠯᠪᠡ᠃
ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢ ᠠᠬᠢᠭᠤᠯᠬᠤ ᠬᠠᠤᠯᠢ᠎ᠳᠤ ᠱᠢᠨ᠎ᠡ ᠬᠡᠯᠪᠡᠷᠢ᠎ᠶ᠋ᠢᠨ ᠬᠥᠳᠡᠭᠡ ᠲᠣᠰᠭᠣᠨ᠎ᠤ ᠬᠠᠮᠲᠤ᠎ᠶ᠋ᠢᠨ ᠠᠵᠤ ᠠᠬᠤᠢ᠂ ᠰᠤᠷᠭᠠᠨ ᠬᠥᠮᠦᠵᠢᠯ᠂ ᠡᠮ ᠡᠮᠨᠡᠯᠭᠡ᠂ ᠤᠯᠠᠨ ᠨᠡᠢᠲᠡ᠎ᠶ᠋ᠢᠨ ᠦᠢᠯᠡᠴᠢᠯᠡᠭᠡᠨ᠎ᠦ ᠲᠤᠨᠤᠭ ᠲᠥᠬᠥᠭᠡᠷᠦᠮᠵᠢ ᠵᠡᠷᠭᠡ ᠠᠷᠠᠳ᠎ᠤᠨ ᠠᠮᠢᠳᠤᠷᠠᠯ᠎ᠳᠤ ᠠᠩᠬᠠᠷᠤᠯ ᠲᠠᠯᠪᠢᠬᠤ ᠲᠤᠬᠠᠢ ᠲᠣᠭ᠍ᠲᠠᠭᠠᠯ ᠭᠠᠷᠭᠠᠵᠤ᠂ ᠦᠨᠳᠦᠰᠦᠲᠡᠨ᠎ᠨᠦᠭᠦᠳ᠎ᠦᠨ ᠬᠠᠮᠲᠤ᠎ᠪᠠᠷ ᠪᠠᠶᠠᠵᠢᠬᠤ᠌᠎ᠶ᠋ᠢ ᠯᠠᠪᠳᠠᠭᠤᠨ ᠪᠠᠲᠤᠲᠠᠢ ᠠᠬᠢᠭᠤᠯᠪᠠ᠃
ᠤᠯᠤᠰ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢᠨ ᠬᠠᠤᠯᠢ᠎ᠳᠤ 《ᠤᠯᠤᠰ᠎ᠤᠨ ᠬᠥᠭ᠌ᠵᠢᠯᠲᠡ᠎ᠶ᠋ᠢᠨ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ᠎ᠳᠤ ᠦᠵᠦ ᠲᠥᠯᠥᠪᠯᠡᠭᠡ ᠬᠢᠭᠡᠳ ᠠᠷᠭ᠎ᠠ ᠪᠣᠳᠣᠯᠭ᠎ᠠ᠎ᠶ᠋ᠢ ᠠᠷᠠᠳ᠎ᠡᠴᠡ ᠠᠰᠠᠭᠤᠬᠤ᠎ᠶ᠋ᠢ ᠨᠢᠭᠡᠳᠭᠡᠬᠦ᠌᠎ᠶ᠋ᠢ ᠪᠠᠷᠢᠮᠲᠠᠯᠠᠬᠤ ᠬᠡᠷᠡᠭ᠌ᠲᠡᠢ》 ᠭᠡᠵᠦ᠍ ᠲᠣᠳᠣᠷᠬᠠᠢ ᠲᠣᠭ᠍ᠲᠠᠭᠠᠵᠤ᠂ ᠤᠯᠤᠰ᠎ᠤᠨ ᠬᠥᠭ᠌ᠵᠢᠯᠲᠡ᠎ᠶ᠋ᠢᠨ ᠠᠦᠭ᠎ᠠ ᠲᠥᠰᠦᠪ᠎ᠢ ᠠᠷᠠᠳ᠎ᠤᠨ ᠰᠠᠨᠠᠭᠠᠨ᠎ᠳᠤ ᠨᠡᠩ ᠨᠡᠢᠴᠡᠭᠦᠯᠬᠦ᠌᠎ᠶ᠋ᠢ ᠪᠠᠲᠤᠯᠠᠪᠠ᠃
ᠰᠠᠢ᠌ᠨ ᠬᠠᠤᠯᠢ᠎ᠶ᠋ᠢ ᠲᠣᠭ᠍ᠲᠠᠭᠠᠪᠠᠯ ᠳᠡᠯᠡᠬᠡᠢᠳ᠋ᠠᠬᠢᠨᠢ ᠵᠠᠰᠠᠵᠤ ᠴᠢᠳᠠᠮᠤᠢ᠃
ᠭᠤᠷᠪᠠᠨ ᠴᠢᠬᠤᠯᠠ ᠬᠠᠤᠯᠢ ᠴᠠᠭᠠᠵᠠ᠎ᠶ᠋ᠢ ᠲᠣᠭ᠍ᠲᠠᠭᠠᠭ᠍ᠰᠠᠨ ᠨᠢ ᠱᠢᠨᠵᠢᠯᠡᠬᠦ᠌ ᠤᠬᠠᠭᠠᠨᠴᠢ᠎ᠪᠠᠷ ᠬᠠᠤᠯᠢ ᠲᠣᠭ᠍ᠲᠠᠭᠠᠬᠤ᠂ ᠠᠷᠠᠳᠴᠢᠯᠠᠯ᠎ᠢᠶᠠᠷ ᠬᠠᠤᠯᠢ ᠲᠣᠭ᠍ᠲᠠᠭᠠᠬᠤ᠂ ᠬᠠᠤᠯᠢ ᠶᠣᠰᠣᠭᠠᠷ ᠬᠠᠤᠯᠢ ᠲᠣᠭ᠍ᠲᠠᠭᠠᠬᠤ ᠱᠢᠨ᠎ᠡ ᠦᠨᠳᠦᠷᠴᠡ ᠵᠢ ᠲᠣᠳᠣᠷᠬᠠᠢᠯᠠᠪᠠ᠃ ᠰᠢ ᠵᠢᠨ ᠫᠢᠩ᠎ᠦᠨ ᠬᠠᠤᠯᠢ᠎ᠪᠡᠷ ᠵᠠᠰᠠᠬᠤ ᠦᠵᠡᠯ ᠰᠠᠨᠠᠭᠠᠨ᠎ᠤ ᠵᠢᠯᠤᠭᠤᠳᠤᠯᠭ᠎ᠠ ᠳᠣᠣᠷ᠎ᠠ᠂ ᠬᠦᠴᠦ᠍᠎ᠪᠡᠨ ᠬᠠᠮᠲᠤᠳᠭᠠᠨ ᠬᠠᠤᠯᠢ᠎ᠪᠡᠷ ᠵᠠᠰᠠᠬᠤ ᠳᠤᠮᠳᠠᠳᠤ ᠤᠯᠤᠰ᠎ᠤᠨ ᠪᠠᠢᠭᠤᠯᠤᠯᠲᠠ᠎ᠶ᠋ᠢᠨ ᠱᠢᠨ᠎ᠡ ᠪᠠᠢᠳᠠᠯ᠎ᠢ ᠡᠭᠦᠳᠪᠠᠯ ᠯᠠᠪᠲᠠᠢ ᠬᠦᠴᠦᠷᠬᠡᠭ ᠤᠯᠤᠰ᠎ᠤᠨ ᠪᠠᠢᠭᠤᠯᠤᠯᠲᠠ᠂ ᠦᠨᠳᠦᠰᠦᠲᠡᠨ᠎ᠦ ᠰᠡᠷᠭᠦᠨ ᠮᠠᠨᠳᠤᠯᠲᠠ᠎ᠶ᠋ᠢᠨ ᠠᠭᠤᠤ ᠦᠢᠯᠡᠰ᠎ᠢ ᠠᠬᠢᠭᠤᠯᠬᠤ᠎ᠳᠤ ᠨᠡᠩ ᠪᠠᠲᠤ ᠴᠢᠩᠭ᠎ᠠ ᠬᠠᠤᠯᠢ᠎ᠪᠡᠷ ᠵᠠᠰᠠᠬᠤ ᠪᠠᠲᠤᠯᠠᠭ᠎ᠠ ᠬᠠᠩᠭᠠᠬᠤ ᠪᠣᠯᠤᠨ᠎ᠠ᠃
(ᠱᠢᠨᠬᠤᠸᠠ ᠬᠣᠷᠢᠶ᠎ᠠ ᠵᠢᠨ ᠪᠡᠭᠡᠵᠢᠩ᠎ᠦᠨ 3 ᠰᠠᠷ᠎ᠠ᠎ᠶ᠋ᠢᠨ 14 ᠤ᠋ ᠴᠠᠬᠢᠯᠭᠠᠨ ᠮᠡᠳᠡᠭᠡ)