ᠤᠢᠷ᠎ᠠ᠎ᠳᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠮᠡᠭ᠌ᠲᠡᠢᠴᠦᠳ᠎ᠦᠨ ᠬᠣᠯᠪᠣᠭ᠎ᠠ ᠨᠡᠢᠲᠡᠯᠢᠭ ᠵᠢᠱ᠌ᠢᠶᠡᠴᠢ ᠨᠠᠷ 《ᠲᠥᠷᠬᠥᠮ᠎ᠳᠡᠭᠡᠨ ᠬᠠᠷᠢᠵᠤ ᠢᠷᠡᠬᠦ》 ᠵᠢᠴᠢ ᠵᠠᠭᠤᠴᠢᠯᠠᠭᠤᠷ᠎ᠤᠨ ᠰᠤᠷᠪᠤᠯᠵᠢᠯᠠᠭ᠍ᠴᠢ᠎ᠶ᠋ᠢᠨ ᠴᠠᠭᠠᠨ ᠰᠠᠷ᠎ᠠ᠎ᠶ᠋ᠢᠨ ᠦᠨᠳᠦᠰᠦᠨ ᠱᠠᠲᠤᠨ᠎ᠳᠤ ᠭᠦᠨᠵᠡᠭᠡᠢᠷᠡᠬᠦ᠌ ᠠᠵᠢᠯᠯᠠᠭ᠎ᠠ ᠥᠷᠨᠢᠭᠦᠯᠵᠦ᠍᠂ ᠡᠯ᠎ᠡ ᠠᠵᠢᠯ ᠲᠥᠷᠥᠯ᠎ᠦᠨ ᠱᠢᠯᠢᠳᠡᠭ ᠡᠮᠡᠭ᠌ᠲᠡᠢᠴᠦᠳ᠎ᠦᠨ ᠲᠦᠯᠦᠭᠡᠯᠡᠭᠴᠢ ᠬᠥᠭ᠌ᠵᠢᠯᠲᠡ ᠬᠤᠪᠢᠷᠠᠯᠲᠠ᠎ᠪᠠᠨ ᠬᠤᠪᠢᠶᠠᠯᠴᠠᠨ᠂ 2026 ᠣᠨ᠎ᠤ ᠪᠥᠬᠥ᠌ ᠣᠷᠣᠨ᠎ᠤ ᠡᠮᠡᠭ᠌ᠲᠡᠢᠴᠦᠳ ᠬᠡᠦᠬᠡᠳ ᠪᠠ ᠬᠡᠷ ᠪᠦᠯᠢ᠎ᠶ᠋ᠢᠨ ᠠᠵᠢᠯ ᠦᠶ᠋ᠯᠡᠰ᠎ᠦᠨ ᠬᠥᠭ᠌ᠵᠢᠯᠲᠡ ᠵᠢᠴᠢ ᠡᠮᠡᠭ᠌ᠲᠡᠢᠴᠦᠳ᠎ᠦᠨ ᠬᠣᠯᠪᠣᠭ᠎ᠠ ᠵᠢᠨ ᠠᠵᠢᠯ᠎ᠤᠨ ᠲᠣᠬᠢᠷᠠᠭᠤᠯᠤᠯᠲᠠ᠎ᠶ᠋ᠢ ᠲᠠᠨᠢᠯᠴᠠᠭᠤᠯᠪᠠ᠃
ᠠᠵᠢᠯᠯᠠᠭ᠎ᠠ ᠲᠡᠭᠡᠷ᠎ᠡ᠂ 6 ᠲᠥᠯᠥᠭᠡᠯᠡᠭ᠌ᠴᠢ ᠲᠤᠰ ᠲᠤᠰ ᠣᠨᠴᠠᠯᠢᠭ᠍ᠲᠤ ᠣᠳᠣᠬᠢᠴᠢᠯᠠᠭ᠍ᠰᠠᠨ ᠠᠵᠤ ᠦᠶ᠋ᠯᠡᠰ᠎ᠦᠨ ᠱᠢᠰᠲ᠋ᠧᠮ᠎ᠤᠨ ᠪᠦᠲᠦᠭᠡᠨ ᠪᠠᠢᠭᠤᠯᠤᠯᠳᠠ᠂ ᠠᠯᠪᠠᠨ᠎ᠤ ᠵᠠᠭᠤᠴᠢᠯᠠᠭᠤᠷ᠎ᠤᠨ ᠡᠭᠦᠷᠭᠡ ᠬᠠᠷᠢᠭᠤᠴᠠᠯᠭ᠎ᠠ᠂ ᠡᠮᠡᠭ᠌ᠲᠡᠢᠴᠦᠳ᠎ᠦᠨ ᠦᠶ᠋ᠯᠡᠰ ᠪᠣᠰᠭᠠᠵᠤ ᠠᠵᠢᠯ ᠣᠯᠬᠤ᠂ ᠠᠮᠢ ᠠᠬᠤᠶ᠎ᠶ᠋ᠢᠨ ᠠᠮᠤᠷ ᠲᠦᠪᠱᠢᠨ᠎ᠦ ᠬᠠᠯᠬᠠᠪᠴᠢ᠎ᠶ᠋ᠢᠨ ᠪᠦᠲᠦᠭᠡᠨ ᠪᠠᠢᠭᠤᠯᠤᠯᠲᠠ᠂ ᠡᠮᠡᠭ᠌ᠲᠡᠢᠴᠦᠳ᠎ᠦᠨ ᠰᠠᠢᠨ ᠳᠤᠷ᠎ᠠ᠎ᠶ᠋ᠢᠨ ᠦᠶ᠋ᠯᠡᠴᠢᠯᠡᠭᠡ᠂ ᠰᠦᠯᠵᠢᠶᠡᠨ ᠳᠡᠭᠡᠷᠡᠬᠢ ᠦᠵᠡᠯ ᠰᠠᠨᠠᠭᠠᠨ᠎ᠤ ᠵᠢᠯᠣᠭᠣᠳᠤᠮᠵᠢ ᠵᠡᠷᠭᠡ ᠲᠠᠯ᠎ᠠ᠎ᠪᠠᠷ ᠲᠤᠷᠱᠢᠯᠭ᠎ᠠ ᠠᠷᠭ᠎ᠠ ᠪᠠᠷᠢᠯ᠎ᠢᠶᠠᠨ ᠬᠤᠪᠢᠶᠠᠯᠴᠠᠵᠦ ᠂ ᠨᠠᠢᠳᠠᠪᠤᠷᠢᠵᠢᠭᠤᠯᠬᠤ ᠠᠷᠭ᠎ᠠ ᠬᠡᠮᠵᠢᠶ᠎ᠡ᠎ᠶ᠋ᠢ ᠳᠤᠷᠠᠳᠴᠤ᠂ ᠡᠮᠡᠭ᠌ᠲᠡᠢᠴᠦᠳ᠎ᠦᠨ ᠣᠶᠤᠨ ᠤᠬᠠᠭᠠᠨ ᠪᠠ ᠡᠭᠦᠷᠭᠡᠯᠡᠯ᠎ᠢ ᠢᠯᠡᠷᠡᠭᠦᠯᠪᠡ᠃
ᠥᠪᠡᠷᠲᠡᠭᠡᠨ ᠵᠠᠰᠠᠬᠤ ᠣᠷᠣᠨ᠎ᠤ ᠡᠮᠡᠭ᠌ᠲᠡᠢᠴᠦᠳ᠎ᠦᠨ ᠬᠣᠯᠪᠤᠭ᠎ᠠ ᠲᠤᠬᠠᠶ᠎ᠶ᠋ᠢᠨ ᠲᠠᠯᠠᠪᠠᠶ᠎ᠳᠤ 2026 ᠣᠨ᠎ᠤ 《3·8》 ᠤ᠋ ᠳᠡᠯᠡᠬᠡᠶ᠎ᠶ᠋ᠢᠨ ᠡᠮᠡᠭ᠌ᠲᠡᠢᠴᠦᠳ᠎ᠦᠨ ᠪᠠᠶᠠᠷ᠎ᠤᠨ ᠱᠢᠷᠢᠰ ᠠᠵᠢᠯᠯᠠᠭ᠎ᠠ᠎ᠶ᠋ᠢᠨ ᠲᠣᠬᠢᠷᠠᠭᠤᠯᠤᠯᠲᠠ ᠵᠢᠴᠢ 2026 ᠣᠨ᠎ᠤ ᠡᠮᠡᠭ᠌ᠲᠡᠢᠴᠦᠳ᠎ᠦᠨ ᠬᠣᠯᠪᠣᠭ᠎ᠠ ᠵᠢᠨ ᠱᠢᠰᠲ᠋ᠧᠮ᠎ᠦᠨ ᠣᠨᠣᠯ᠎ᠤᠨ ᠤᠬᠠᠭᠤᠯᠭ᠎ᠠ ᠂ ᠡᠮᠡᠭ᠌ᠲᠡᠢᠴᠦᠳ᠎ᠦᠨ ᠰᠠᠢᠨ ᠳᠤᠷ᠎ᠠ᠎ᠶ᠋ᠢᠨ ᠦᠶ᠋ᠯᠡᠴᠢᠯᠡᠭᠡᠨ᠎ᠦ 《ᠵᠢᠷᠭᠤᠭᠠᠨ ᠶᠡᠬᠡ ᠠᠵᠢᠯᠯᠠᠭ᠎ᠠ》 ᠶ᠋ᠢ ᠨᠡᠢᠲᠡᠯᠡᠪᠡ᠃ ᠲᠠᠨᠢᠯᠴᠠᠭᠤᠯᠤᠭ᠍ᠰᠠᠨ᠎ᠢᠶᠠᠷ᠂ 《3·8》 ᠤ᠋ ᠡᠮᠡᠭ᠌ᠲᠡᠢᠴᠦᠳ᠎ᠦᠨ ᠪᠠᠶᠠᠷ᠎ᠤᠨ ᠬᠤᠭᠤᠴᠠᠭᠠᠨ᠎ᠳᠤ᠂ ᠥᠪᠡᠷᠲᠡᠭᠡᠨ ᠵᠠᠰᠠᠬᠤ ᠣᠷᠣᠨ᠎ᠤ ᠡᠮᠡᠭ᠌ᠲᠡᠢᠴᠦᠳ᠎ᠦᠨ ᠬᠣᠯᠪᠣᠭ᠎ᠠ ᠰᠦᠯᠵᠢᠶᠡᠨ ᠳᠡᠭᠡᠷᠡᠬᠢ ᠪᠠ ᠪᠤᠳᠠᠳᠤ ᠴᠤᠬᠴᠠ ᠶ᠋ᠢ ᠤᠶᠠᠯᠳᠤᠭᠤᠯᠬᠤ ᠠᠷᠭ᠎ᠠ ᠬᠡᠯᠪᠡᠷᠢ᠎ᠪᠡᠷ 2025 ᠣᠨ᠎ᠤ ᠪᠥᠬᠥ᠌ ᠤᠯᠤᠰ᠎ᠤᠨ 《3·8》 ᠤ᠋ ᠤᠯᠠᠭᠠᠨ ᠲᠤᠭ᠍ᠴᠢ (ᠬᠠᠮᠲᠤ ᠨᠡᠢᠲᠡ) ᠂ ᠡᠮᠡᠭ᠌ᠲᠡᠢᠴᠦᠳ᠎ᠦᠨ ᠪᠣᠯᠪᠠᠰᠤᠨ ᠠᠵᠢᠯ᠎ᠤᠨ ᠪᠠᠢᠷᠢ᠎ᠶ᠋ᠢᠨ ᠵᠢᠱ᠌ᠢᠶᠡᠴᠢ ᠦᠶ᠋ᠯᠡ ᠠᠵᠢᠯᠯᠠᠭ᠎ᠠ᠎ᠶ᠋ᠢ ᠤᠬᠠᠭᠤᠯᠤᠨ ᠲᠠᠨᠢᠯᠴᠠᠭᠤᠯᠤᠨ᠎ᠠ; ᠭᠠᠯᠲᠤ ᠲᠡᠷᠭᠡᠨ ᠥᠷᠲᠡᠭᠡ᠂ ᠨᠢᠰᠭᠡᠯ᠎ᠦᠨ ᠪᠠᠭᠤᠳᠠᠯ ᠵᠡᠷᠭᠡ ᠣᠯᠠᠨ ᠨᠡᠢᠲᠡ᠎ᠶ᠋ᠢᠨ ᠲᠠᠯᠠᠪᠤᠷ᠎ᠲᠤ ᠡᠮᠡᠭ᠌ᠲᠡᠢᠴᠦᠳ᠎ᠦᠨ ᠨᠡᠢᠲᠡᠯᠢᠭ ᠵᠢᠱ᠌ᠢᠶ᠎ᠡ᠎ᠶ᠋ᠢ ᠤᠬᠠᠭᠤᠯᠬᠤ ᠠᠵᠢᠯᠯᠠᠭ᠎ᠠ ᠥᠷᠨᠢᠭᠦᠯᠦᠨ᠎ᠡ; 《ᠠᠵᠢᠯ ᠣᠯᠭᠣᠯᠲᠠ᠎ᠶ᠋ᠢ ᠠᠬᠢᠭᠤᠯᠬᠤ ᠠᠵᠢᠯᠯᠠᠭ᠎ᠠ》 ᠪᠣᠯᠤᠨ 《ᠠᠵᠤ ᠠᠬᠤᠢᠯᠠᠯ᠎ᠢ ᠲᠤᠰᠠᠯᠠᠬᠤ ᠠᠵᠢᠯᠯᠠᠭ᠎ᠠ》 ᠳ᠋ᠤ ᠠᠩᠬᠠᠷᠤᠯ᠎ᠢᠶᠠᠨ ᠲᠥᠪᠯᠡᠷᠡᠭᠦᠯᠵᠦ᠍᠂ ᠮᠥᠩᠭᠥᠨ ᠭᠦᠶ᠋ᠯᠭᠡᠭᠡᠨ᠎ᠦ ᠦᠶ᠋ᠯᠡᠴᠢᠯᠡᠭᠡ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠵᠢᠡᠷ ᠡᠨᠧᠷᠭᠢ ᠣᠯᠭᠣᠬᠤ᠂ ᠡᠷᠡᠭᠦᠯ ᠮᠡᠨᠳᠦ᠍᠎ᠶ᠋ᠢ ᠬᠠᠯᠠᠮᠵᠢᠯᠠᠬᠤ ᠵᠡᠷᠭᠡ ᠬᠡᠯᠪᠡᠷᠢ᠎ᠪᠡᠷ ᠳᠠᠮᠵᠢᠭᠤᠯᠤᠨ᠂ ᠡᠮᠡᠭ᠌ᠲᠡᠢᠴᠦᠳ᠎ᠦᠨ ᠦᠶ᠋ᠯᠡᠰ ᠪᠤᠰᠬᠠᠵᠤ ᠱᠢᠨ᠎ᠡ᠎ᠶ᠋ᠢ ᠡᠭᠦᠳᠬᠦ᠌᠎ᠳᠦ ᠬᠥᠳᠡᠯᠭᠡᠬᠦ᠌ ᠡᠨᠧᠷᠭᠢ ᠨᠡᠮᠡᠷᠢᠯᠡᠨ᠎ᠡ;ᠮᠦᠨ 2026 ᠣᠨ᠎ᠤ ᠪᠥᠬᠥ᠌ ᠣᠷᠣᠨ᠎ᠤ ᠬᠡᠷ᠎ᠤᠨ ᠬᠥᠮᠦᠵᠢᠯ᠎ᠦᠨ ᠵᠢᠭᠠᠨ ᠵᠢᠯᠣᠭᠣᠳᠣᠭ᠍ᠴᠢ ᠵᠢᠴᠢ ᠡᠨᠡᠷᠢᠩᠭᠦᠢ ᠰᠡᠳᠬᠢᠯᠲᠤ ᠡᠵᠢ ᠵᠢᠨ ᠬᠠᠯᠠᠮᠵᠢᠯᠠᠨ ᠬᠠᠢᠷᠠᠯᠠᠬᠤ ᠦᠶ᠋ᠯᠡᠴᠢᠯᠡᠭᠡᠨ᠎ᠦ ᠲᠤᠰᠭᠠᠶ ᠰᠡᠳᠦᠪᠲᠦ ᠪᠣᠯᠪᠠᠰᠤᠷᠠᠯ ᠵᠡᠷᠭᠡ᠎ᠶ᠋ᠢ ᠡᠷᠭᠢᠯᠡᠨ᠎ᠠ᠃ ᠡᠨᠡ ᠵᠢᠯ᠂ ᠪᠦᠬᠦ᠌ ᠣᠷᠣᠨ᠎ᠤ ᠡᠮᠡᠭ᠌ᠲᠡᠢᠴᠦᠳ᠎ᠦᠨ ᠬᠣᠯᠪᠣᠭ᠎ᠠ᠎ᠶ᠋ᠢᠨ ᠱᠢᠰᠲᠸᠮ᠎ᠤᠨ ᠬᠢᠨ 《 ᠠᠷᠪᠠ ᠵᠠᠭᠤ ᠮᠢᠩᠭ᠎ᠠ ᠲᠦᠮᠡ》 ᠵᠢᠨ ᠡᠮᠡᠭ᠌ᠲᠡᠢᠴᠦᠳ᠎ᠦᠨ ᠶᠡᠬᠡ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ᠂ 《3·8》 ᠤ᠋ ᠤᠯᠠᠭᠠᠨ ᠲᠤᠭ᠍ᠴᠢ (ᠬᠠᠮᠲᠤ ᠨᠢᠭᠡᠴᠢ) ᠵᠢᠨ 《ᠲᠠᠪᠤ᠎ᠶ᠋ᠢ ᠠᠬᠢᠭᠤᠯᠬᠤ》 ᠤᠬᠠᠭᠤᠯᠭ᠎ᠠ᠎ᠶ᠋ᠢᠨ ᠠᠵᠢᠯᠯᠠᠭ᠎ᠠ᠂ ᠱᠢᠨ᠎ᠡ ᠪᠡᠷ ᠮᠠᠨᠳᠤᠬᠰᠠᠨ ᠬᠦᠷᠢᠶᠡᠨ᠎ᠤ ᠤᠬᠠᠭᠤᠯᠤᠨ ᠲᠠᠢᠯᠪᠤᠷᠢᠯᠠᠬᠤ ᠠᠵᠢᠯᠯᠠᠭ᠎ᠠ᠂ 《ᠬᠤᠨ ᠭᠠᠯᠠᠭᠤ᠎ᠶ᠋ᠢᠨ ᠲᠠᠭᠤᠨ》 ᠡᠮᠡᠭ᠌ᠲᠡᠢᠴᠦᠳ᠎ᠦᠨ ᠰᠠᠢ᠌ᠨ ᠳᠤᠷ᠎ᠠ᠎ᠶ᠋ᠢᠨ ᠠᠵᠢᠯᠯᠠᠭ᠎ᠠ᠂ 《ᠬᠤᠨ ᠭᠠᠯᠠᠭᠤ ᠨᠤᠮ᠎ᠤᠨ ᠬᠡᠰᠢᠭ 》 ᠡᠮᠡᠭ᠌ᠲᠡᠢᠴᠦᠳ᠎ᠦᠨ ᠰᠠᠢ᠌ᠨ ᠳᠤᠷ᠎ᠠ᠎ᠶ᠋ᠢᠨ ᠠᠵᠢᠯᠯᠠᠭ᠎ᠠ᠂ 《ᠬᠤᠨ ᠭᠠᠯᠠᠭᠤ᠎ᠶ᠋ᠢᠨ ᠬᠡᠷᠡᠯ ᠭᠢᠯᠪᠠᠭ᠎ᠠ》 ᠡᠮᠡᠭ᠌ᠲᠡᠢᠴᠦᠳ᠎ᠦᠨ ᠰᠠᠢ᠌ᠨ ᠳᠤᠷ᠎ᠠ᠎ᠶ᠋ᠢᠨ ᠠᠵᠢᠯᠯᠠᠭ᠎ᠠ ᠵᠡᠷᠭᠡ 《ᠵᠢᠷᠭᠤᠭᠠᠨ ᠶᠡᠬᠡ》 ᠠᠵᠢᠯᠯᠠᠭ᠎ᠠ᠎ᠶ᠋ᠢ ᠦᠷᠨᠢᠭᠦᠯᠵᠦ᠂ ᠪᠦᠬᠦ᠌ ᠣᠷᠣᠨ᠎ᠤ ᠡᠮᠡᠭ᠌ᠲᠡᠢᠴᠦᠳ ᠬᠡᠦᠬᠡᠳ ᠪᠠ ᠭᠡᠷ ᠪᠦᠯᠢ᠎ᠶ᠋ᠢᠨ ᠦᠢᠯᠡᠰ᠎ᠦᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠬᠤ ᠪᠤᠯᠤᠨ᠎ᠠ᠃