ᠰᠢᠨ᠎ᠠ ᠬᠠᠪᠤᠷ᠎ᠤᠨ ᠰᠢᠨ᠎ᠠ ᠡᠬᠢᠯᠡᠯ
2026-03-18 09:58:30
ᠵᠣᠬᠢᠶᠠᠭ᠍ᠴᠢ᠄
ᠶᠤᠸᠠᠢ ᠶᠢᠡᠭ
ᠣᠩᠱᠢᠭ᠍ᠰᠠᠨ ᠣᠳᠠᠭ᠎ᠠ᠄
★★★☆☆

 ᠶᠠᠷᠦ ᠵᠢᠨ ᠦᠭᠡᠨ᠎ᠳᠤ᠂ ᠭᠠᠯᠠᠭᠤᠳ ᠢᠷᠡᠳᠡᠭ ᠬᠠᠪᠤᠷ᠂ ᠢᠷᠭᠤᠢ ᠨᠢᠳᠤᠯᠡᠭᠦ ᠬᠠᠪᠤᠷ᠂ ᠤᠷᠢᠨ ᠲᠤᠯᠠᠭᠠᠨ ᠬᠠᠪᠤᠷ᠂ ᠲᠦᠯ᠎ᠤᠨ ᠮᠠᠢᠯᠠᠭᠠᠨ ᠲᠠᠢ ᠬᠠᠪᠤᠷ ᠬᠡᠬᠦ ᠮᠡᠳᠤ ᠪᠡᠷ ᠡᠷᠬᠢᠬᠦ ᠲᠦᠷᠪᠡᠨ ᠤᠯᠠᠷᠢᠯ᠎ᠤᠨ ᠡᠭᠢᠯᠠᠯ ᠪᠤᠯᠤᠬᠰᠠᠨ ᠬᠠᠪᠤᠷ ᠴᠠᠭ᠎ᠤᠨ ᠠᠮᠢ ᠠᠮᠢᠵᠢᠷᠠᠯ᠎ᠤᠨ ᠲᠤᠬᠠᠢ ᠬᠤᠯᠪᠤᠨ ᠲᠦᠷᠰᠦᠯᠡᠭᠰᠡᠨ ᠬᠠᠪᠤᠯᠢᠭ ᠦᠭᠡ ᠮᠠᠰᠢ ᠤᠯᠠᠨ ᠲᠤᠬᠢᠶᠠᠯᠳᠤᠨ᠎ᠠ᠃ 《ᠵᠢᠯ᠎ᠤᠨ ᠠᠵᠢᠯ ᠬᠠᠪᠤᠷ ᠲᠠᠭᠠᠨ》᠂ 《ᠠᠵᠢᠯᠴᠢ ᠠᠢᠯ᠎ᠳᠤ ᠬᠠᠪᠤᠷ ᠡᠷᠳᠡ ᠰᠠᠭᠠᠳᠠᠨ᠎ᠠ》 ᠭᠡᠬᠦᠴᠢᠯᠡᠨ ᠭᠦᠨ ᠤᠬᠠᠭᠠᠯᠢᠭ ᠬᠡᠯᠡᠴᠡ ᠦᠭᠡ ᠪᠡᠷ ᠬᠠᠪᠤᠷ ᠴᠠᠬ᠎ᠢ ᠠᠮᠢᠳᠤᠷᠠᠯ ᠦᠢᠯᠠᠳᠪᠤᠷᠢᠯᠡᠯ ᠲᠠᠢ ᠬᠤᠯᠪᠤᠨ ᠶᠠᠷᠢᠵᠦ᠂ ᠦᠰᠴᠦ ᠦᠨᠳᠡᠢᠬᠦ᠂ ᠣᠷᠭᠣᠵᠦ ᠲᠦᠯᠵᠢᠬᠦ᠂ ᠬᠦᠭᠵᠢᠵᠦ ᠪᠠᠳᠠᠷᠠᠬᠤ ᠬᠦᠰᠡᠯ ᠮᠦᠷᠦᠭᠡᠲᠦᠯ ᠎ᠢ ᠢᠯᠡᠳᠭᠡᠵᠦ᠂ ᠴᠢᠷᠮᠠᠢᠨ ᠵᠢᠳᠭᠦᠬᠦ ᠡᠷᠴᠢ ᠵᠤᠷᠢᠭ᠎ᠢ ᠬᠦᠪᠴᠢᠯᠡᠳᠡᠭ᠃

ᠤᠯᠠᠷᠢᠯ᠎ᠤᠨ ᠲᠦᠷᠦᠭᠦᠦ ᠬᠠᠪᠤᠷ ᠴᠠᠭ ᠪᠤᠯ ᠬᠠᠭᠤᠴᠢᠨ ᠰᠢᠨ᠎ᠠ ᠤᠨ᠎ᠤ ᠠᠭᠤᠯᠵᠠᠷ᠂  ᠬᠠᠮᠤᠭ ᠪᠤᠳᠠᠰ᠎ᠤᠨ ᠰᠡᠷᠬᠦᠨ ᠠᠮᠢᠯᠠᠵᠦ᠂ ᠡᠰᠡᠨᠢᠨ ᠲᠦᠯᠵᠢᠬᠦ ᠴᠠᠭ ᠮᠦᠴᠡ᠃ ᠬᠠᠪᠤᠷ ᠴᠡᠴᠡᠭ ᠲᠡᠯᠭᠡᠷᠡᠵᠦ ᠨᠠᠮᠤᠷ ᠦᠷ᠎ᠡ ᠵᠢᠮᠢᠰ ᠰᠠᠭᠤᠬᠤ ᠪᠠᠢᠭᠠᠯᠢ ᠵᠢᠨ ᠵᠢᠮ᠎ᠠ ᠪᠡᠷ᠂ ᠬᠠᠪᠤᠷ ᠎ᠲᠠᠷᠢᠪᠠᠯ ᠰᠠᠶᠢ ᠨᠠᠮᠤᠷ ᠲᠠᠭᠠᠨ ᠬᠤᠷᠢᠶᠠᠯᠳᠠ ᠲᠠᠢ ᠪᠤᠯᠤᠨ᠎ᠠ᠃ ᠡᠨᠡᠬᠦ ᠵᠢᠮ᠎ᠡ ᠶᠤᠰᠤᠨ ᠨᠢ ᠪᠤᠳᠠᠭᠠᠯᠢ ᠴᠤᠭᠴᠠ᠂ ᠠᠵᠢᠯ ᠲᠦᠷᠦᠯ᠂ ᠴᠠᠭ ᠦᠶ᠎ᠠ᠎ᠳᠤ ᠠᠪᠴᠤ ᠬᠡᠯᠡᠭᠰᠡᠨ ᠴᠸ᠋ ᠡᠭᠡᠭᠡ ᠠᠳᠠᠯᠢ᠃ ᠬᠤᠪᠢ ᠬᠦᠮᠦᠨ᠂ ᠠᠵᠢᠯ ᠲᠦᠷᠦᠯ᠂ ᠦᠢᠯᠡᠳᠦᠯᠭᠡ ᠤᠷᠤᠯᠳᠤᠯᠭ᠎ᠠ ᠪᠦᠭᠦᠨ ᠬᠠᠪᠤᠷ ᠲᠠᠭᠠᠨ ᠲᠦᠰᠦᠪ ᠲᠦᠯᠦᠪᠯᠡᠭᠡ ᠪᠠᠨ ᠡᠬᠢᠯᠡᠭᠦᠯᠵᠦ᠂ ᠴᠠᠭ ᠎ᠤᠨ ᠤᠷᠤᠰᠬᠠᠯ ᠲᠠᠢ ᠠᠯᠬᠤᠭ᠎ᠠ ᠨᠡᠢᠴᠡᠭᠦᠯᠵᠦ ᠴᠢᠳᠠᠪᠠᠯ ᠰᠠᠶᠢ ᠤᠷᠤᠬᠰᠢᠯᠠᠬᠤ ᠠᠯᠬᠤᠮ ᠪᠦᠬᠦᠨ ᠡᠴᠡ ᠢᠳᠡᠭᠡᠯ ᠬᠦᠴᠤᠨ ᠤᠯᠵᠦ᠂ ᠴᠢᠷᠮᠠᠢᠯᠭ᠎ᠠ ᠪᠦᠬᠦᠨ ᠎ᠢ ᠤᠳᠬ᠎ᠠ ᠠᠭᠤᠯᠭ᠎ᠠ ᠲᠠᠢ ᠪᠤᠯᠭᠠᠵᠦ᠂ ᠰᠠᠨᠠᠬᠰᠠᠨ ᠵᠦᠢᠯ ᠬᠢᠭᠰᠡᠨ ᠦᠢᠯᠡ ᠪᠠᠨ ᠵᠢᠮ᠎ᠡ ᠶᠤᠰᠤ ᠪᠡᠷ ᠨᠢ ᠪᠦᠲᠦᠭᠡᠵᠦ ᠴᠢᠳᠠᠨ᠎ᠠ᠃

ᠦᠡᠭᠭᠡᠷᠡᠭᠰᠡᠨ ᠎ᠤ ᠠᠮᠵᠢᠯᠳᠠ ᠲᠡᠤᠭᠡ ᠵᠢᠨ ᠬᠠᠭᠤᠳᠠᠰᠦᠨ᠎ᠳᠤ ᠦᠯᠡᠳᠡᠵᠦ᠂ ᠢᠷᠡᠭᠡᠳᠦᠢ ᠮᠠᠷᠭᠠᠰᠢ ᠬᠦᠰᠡᠯ ᠲᠦᠭᠦᠷᠡᠡᠭ ᠬᠦᠷᠴᠤ ᠢᠷᠡᠨ᠎ᠠ᠃ ᠤᠷᠢᠬᠠᠨ ᠬᠠᠪᠤᠷ ᠰᠠᠭᠠᠳᠠᠬᠤ᠎ᠳᠤ᠂ ᠰᠢᠨ᠎ᠡ ᠪᠡᠷ ᠡᠬᠢᠯᠡᠳᠡᠭ ᠬᠢᠴᠢᠶᠡᠯ ᠰᠤᠷᠤᠯᠭ᠎ᠠ᠂ ᠲᠠᠷᠢᠶᠠᠯᠠᠭ᠎ᠠ ᠠᠷᠠᠴᠢᠯᠠᠭ᠎ᠠ ᠵᠡᠷᠭᠡ  ᠠᠵᠢᠯ ᠶᠠᠪᠤᠳᠠᠯ ᠪᠦᠬᠦᠨ ᠤᠨ ᠵᠢᠯ᠎ᠤᠨ ᠡᠷᠬᠢᠯᠳᠡ᠎ᠳᠤ ᠤᠳᠬ᠎ᠠ ᠠᠭᠤᠯᠭ᠎ᠠ᠂ ᠬᠦᠷ ᠬᠦᠭᠵᠢᠶᠡᠨ᠂ ᠦᠡᠭᠭᠡ ᠪᠤᠳᠤᠬ ᠨᠡᠮᠡᠷᠢᠯᠡᠨ᠎ᠠ᠃ ᠰᠠᠷ᠎ᠠ ᠰᠢᠨ᠎ᠠ ᠵᠢᠨ ᠪᠠᠶᠠᠷ ᠪᠠᠬᠠᠳᠤᠯ ᠡᠴᠡ ᠪᠠᠨ ᠠᠵᠢᠯ᠎ᠤᠨ ᠪᠠᠢᠳᠠᠯ᠎ᠳᠠᠭᠠᠨ ᠤᠷᠤᠵᠦ᠂ ᠰᠡᠳᠭᠢᠯ ᠰᠠᠨᠠᠭ᠎ᠠ᠂ ᠤᠶᠤᠨ ᠴᠢᠳᠠᠯ ᠵᠢᠡᠨ ᠠᠵᠢᠯ ᠬᠢᠵᠦ ᠦᠢᠯᠡᠰ ᠪᠦᠲᠦᠭᠡᠭᠦ ᠲᠡᠭᠡᠷ᠎ᠡ ᠲᠦᠪᠯᠡᠷᠡᠭᠦᠯᠦᠨ ᠴᠢᠷᠮᠠᠢᠬᠤ ᠨᠢ ᠰᠠᠶᠢ ᠡᠬᠢᠯᠡᠯᠳᠡ ᠵᠢᠨ ᠱᠠᠳᠤᠨ᠎ᠳᠤ ᠯᠠᠪᠳᠠᠭᠤᠨ ᠤᠷᠤᠬᠰᠢᠯᠠᠵᠦ᠂ ᠰᠢᠨ᠎ᠠ ᠵᠠᠮ ᠨᠡᠭᠡᠭᠡᠬᠦ ᠵᠦᠪ ᠪᠠᠢᠳᠠᠯ ᠮᠦᠨ᠃

ᠰᠡᠳᠭᠢᠯ ᠵᠢᠡᠨ ᠲᠤᠬᠳᠠᠭᠠᠨ ᠬᠠᠷᠠᠯᠳᠠ ᠪᠠᠨ ᠲᠤᠳᠤᠷᠬᠠᠢᠯᠠᠵᠦ᠂ ᠢᠳᠡᠭᠡᠯ ᠵᠢᠡᠨ ᠬᠦᠪᠴᠢᠯᠡᠨ ᠬᠦᠴᠤᠨ ᠵᠢᠡᠨ ᠬᠠᠮᠳᠤᠳᠬᠠᠵᠦ᠂ ᠦᠨᠡᠨᠬᠦ ᠠᠳᠬᠤᠵᠦ ᠪᠤᠳᠠᠳᠠᠢ ᠠᠵᠢᠯᠯᠠᠬᠤ ᠨᠢ ᠵᠢᠯ᠎ᠤᠨ ᠠᠵᠢᠯ ᠵᠢᠡᠨ ᠠᠬᠢᠭᠤᠯᠬᠤ ᠠᠶᠠᠨᠳᠠᠭᠠᠨ᠎ᠤ ᠱᠠᠭᠠᠷᠳᠠᠯᠭ᠎ᠠ᠂ ᠮᠦᠨ ᠴᠸ᠋ ᠲᠤᠬᠢᠶᠠᠯ᠎ᠢ ᠠᠮᠵᠢᠵᠦ᠂ ᠰᠠᠨᠠᠭᠠᠴᠢᠯᠠᠭᠠᠳᠤ ᠪᠠᠢᠷᠢ ᠵᠢ ᠡᠵᠡᠮᠳᠡᠭᠦ ᠡᠷᠴᠢ ᠬᠦᠴᠤᠨ ᠪᠤᠯᠤᠨ᠎ᠠ᠃ ᠵᠦᠪᠭᠡᠨ ᠬᠦᠴᠢᠷ ᠡᠴᠡ ᠠᠶᠤᠬᠤ ᠦᠭᠡᠢ᠂ ᠠᠰᠠᠭᠤᠳᠠᠯ ᠡᠴᠡ ᠵᠠᠢᠯᠠᠰᠬᠢᠬᠤ ᠦᠭᠡᠢ ᠪᠡᠷ ᠠᠵᠢᠯ ᠪᠤᠯᠭᠠᠨ᠎ᠢ ᠨᠠᠷᠢᠯᠢᠭ ᠬᠢᠵᠦ᠂ ᠪᠤᠳᠠᠳᠠᠢ ᠨᠠᠢᠳᠠᠪᠤᠷᠢᠵᠢᠭᠤᠯᠵᠦ᠂ ᠦᠷ᠎ᠠ ᠪᠦᠳᠤᠮᠵᠢ ᠭᠠᠷᠭᠠᠪᠠᠯ ᠰᠠᠶᠢ ᠵᠢᠯ᠎ᠤᠨ  ᠲᠦᠯᠦᠪᠯᠡᠭᠡ ᠪᠠᠨ ᠰᠠᠢᠳᠤᠷ ᠪᠡᠶᠡᠯᠡᠭᠦᠯᠵᠦ ᠴᠢᠳᠠᠨ᠎ᠠ᠃

ᠲᠠᠷᠤᠢ ᠲᠦᠷᠭᠡᠨ ᠨᠠᠢᠳᠠᠪᠤᠷᠢᠵᠢᠭᠤᠯᠬᠤ᠎ᠨᠢ ᠠᠵᠢᠯ᠎ᠢ ᠠᠬᠢᠭᠤᠯᠬᠤ ᠵᠠᠡᠭᠭᠢᠯᠠᠭ᠎ᠠ ᠪᠤᠯᠵᠦ᠂ ᠦᠨᠡᠨᠬᠦ ᠠᠳᠬᠤᠵᠦ ᠪᠤᠳᠠᠳᠠᠢ ᠠᠵᠢᠯᠯᠠᠬᠤ ᠨᠢ ᠭᠤᠤᠯᠳᠠᠯᠭ᠎ᠠ ᠪᠤᠯᠤᠨ᠎ᠠ᠃ ᠬᠠᠷᠠᠯᠳᠠ ᠪᠠᠨ ᠤᠨᠢᠯᠠᠨ ᠬᠦᠴᠦᠯᠡᠬᠦ᠎ᠳᠤ ᠴᠸ᠋ ᠲᠡᠷᠡ᠂ ᠭᠤᠤᠯᠳᠠᠯᠭ᠎ᠠ ᠲᠠᠢ ᠡᠭᠦᠷᠭᠡ ᠪᠠᠨ ᠲᠦᠯᠬᠢᠨ ᠠᠬᠢᠭᠤᠯᠬᠤ᠎ᠳᠤ ᠴᠸ᠋ ᠲᠡᠷᠡ᠂ ᠠᠯᠬᠤᠮ ᠠᠯᠬᠤᠮ ᠵᠢᠡᠷ ᠤᠷᠤᠬᠰᠢᠯᠠᠵᠦ᠂ ᠭᠤᠭᠴᠤᠭ᠎ᠠ ᠭᠤᠭᠴᠤᠭ᠎ᠠ ᠪᠡᠷ ᠪᠡᠶᠡᠯᠡᠭᠦᠯᠭᠦ ᠬᠡᠷᠡᠭᠳᠡᠢ᠃ ᠰᠢᠨ᠎ᠠ ᠬᠠᠪᠤᠷ ᠎ᠤᠨ ᠪᠤᠱᠤᠭᠠᠨ ᠲᠡᠭᠡᠷ᠎ᠠ ᠪᠢᠳᠡ ᠴᠤᠭ ᠪᠠᠳᠠᠷᠠᠡᠭᠭᠤᠢ ᠪᠡᠷ ᠰᠢᠭᠤᠷᠬᠠᠢᠯᠠᠨ ᠠᠵᠢᠯᠯᠠᠵᠦ᠂ ᠯᠠᠪᠳᠠᠭᠤᠨ ᠪᠠᠳᠤᠳᠠᠢ ᠪᠡᠷ ᠡᠷᠡᠮᠡᠭᠡᠢᠯᠡᠨ ᠲᠡᠮᠡᠴᠡᠵᠦ᠂ ᠪᠠᠳᠤ ᠴᠢᠡᠭᠭ᠎ᠠ ᠢᠳᠡᠭᠡᠯ ᠵᠤᠷᠢᠭ᠂ ᠦᠨᠡᠨ ᠪᠤᠳᠠᠳᠠᠢ ᠠᠷᠭ᠎ᠠ ᠬᠢᠳᠠᠯ ᠵᠢᠡᠷ ᠬᠦᠰᠡᠯ᠎ᠤᠨ ᠦᠷ᠎ᠡ ᠪᠠᠨ ᠰᠠᠴᠤᠵᠦ᠂ ᠪᠤᠳᠠᠳᠠᠢ ᠠᠵᠢᠯᠯᠠᠵᠦ ᠪᠦᠳᠤᠮᠵᠢ ᠭᠠᠷᠭᠠᠨ ᠪᠠᠰᠠ ᠨᠢᠭᠡᠨ ᠵᠢᠯ᠎ᠤᠨ ᠡᠯᠪᠡᠭ ᠬᠤᠷᠢᠶᠠᠯᠳᠠ ᠪᠠᠨ ᠤᠬᠳᠤᠰᠤᠭᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号