ᠣᠢᠷ᠎ᠠ᠎ᠳᠤ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠦᠨ ᠲᠣᠪᠴᠢᠶ᠎ᠠ᠎ᠠᠴᠠ ᠵᠢᠯᠣᠭᠣᠳᠴᠤ᠌᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠣᠲᠣᠭ ᠬᠣᠱᠢᠭᠤᠨ᠎ᠤ ᠬᠣᠷᠢᠶ᠎ᠠ᠎ᠶ᠋ᠢᠨ ᠤᠬᠠᠭᠤᠯᠬᠤ ᠬᠡᠯᠲᠡᠰ᠎ᠡᠴᠡ ᠦᠶ᠋ᠯᠡᠳᠴᠦ᠍᠂ ᠥᠪᠥᠷ ᠮᠣᠩᠭᠣᠯ᠎ᠤᠨ ᠺᠢᠨᠣ᠋᠎ᠶ᠋ᠢᠨ ᠦᠶ᠋ᠯᠡᠳᠪᠦᠷᠢ᠎ᠶ᠋ᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ᠎ᠠᠴᠠ ᠳᠠᠭᠠᠭᠠᠨ ᠦᠶ᠋ᠯᠡᠳᠦᠭᠰᠡᠨ ᠪᠢᠴᠢᠯ ᠵᠦᠴᠤᠭᠡ 《ᠲᠠᠢᠪᠤᠡᠭ ᠵᠢᠷᠭᠠᠯ》᠎ᠢ᠋ ᠬᠤᠡᠭ ᠭᠦᠸᠸ APP ᠵᠡᠷᠭᠡ ᠲᠠᠪᠴᠠᠩᠵᠢᠡᠷ ᠨᠡᠪᠳᠡᠷᠡᠬᠦᠯᠵᠤ ᠡᠬᠢᠯᠡᠪᠡ᠃

ᠲᠤᠰ ᠪᠢᠴᠢᠯ ᠵᠦᠴᠦᠭᠡ ᠨᠢ ᠨᠡᠢᠳᠡ 14 ᠪᠦᠯᠦᠭ᠂ ᠪᠦᠯᠦᠭ ᠪᠦᠷᠢ ᠨᠢ 10 ᠮᠢᠨᠦ᠋ᠲ ᠰᠢᠬᠠᠮ ᠪᠠᠢᠵᠤ᠂ ᠭᠤᠤᠯᠳᠠᠭᠤ ᠪᠡᠭᠡᠵᠢᠡᠭ᠎ᠳᠤ ᠲᠠᠭᠤᠤ ᠲᠠᠭᠤᠯᠠᠬᠤ ᠪᠡᠷ ᠠᠳᠠᠯ ᠦᠢᠯᠡᠰ ᠵᠢᠡᠨ ᠪᠤᠯᠭᠠᠵᠤ ᠪᠠᠢᠬᠰᠠᠨ ᠠᠨ ᠨᠢᠡᠭ ᠬᠡᠳᠡᠭ ᠵᠠᠯᠠᠭᠤ ᠵᠢᠨ ᠤᠷᠳᠤᠰ ᠬᠤᠳᠠ ᠵᠢᠨ ᠣᠲᠣᠭ ᠬᠣᠱᠢᠭᠤᠨ᠎ᠳᠤ ᠢᠷᠡᠭᠰᠡᠨ᠎ᠤ ᠲᠠᠷᠠᠭᠠᠬᠢ ᠦᠯᠢᠭᠡᠷ ᠤᠴᠠᠷᠠᠯ᠎ᠢ ᠶᠠᠷᠢᠵᠠᠢ᠃ ᠲᠡᠷᠡ ᠪᠡᠷ ᠠᠡᠭᠬ᠎ᠠ ᠤᠳᠤᠭ ᠬᠤᠰᠢᠭᠤᠨ᠎ᠳᠤ ᠢᠷᠡᠵᠤ ᠤᠷᠠᠨ ᠰᠠᠢᠬᠠᠨ ᠡᠭᠡᠰᠢᠭ ᠬᠦᠭᠵᠢᠮ᠎ᠤᠨ ᠲᠤᠮᠳᠠ ᠨᠠᠬᠢᠯᠵᠠᠨ ᠪᠦᠵᠢᠭᠯᠡᠬᠦ ᠠᠮᠤᠷ᠎ᠢ ᠬᠠᠷᠠᠭᠠᠳ ᠦᠪᠡᠷ᠎ᠤᠨ ᠡᠷᠭᠡ ᠦᠬᠡᠢ ᠬᠦᠳᠡᠭᠡ ᠨᠤᠳᠤᠭ᠎ᠤᠨ ᠤᠡᠭᠭᠤᠨ ᠲᠠᠷᠬᠠᠨ ᠡᠭᠡ ᠪᠠᠢᠭᠠᠯᠢ ᠪᠠ ᠤᠶᠠᠷᠠᠭᠤᠨ ᠰᠠᠢᠬᠠᠨ ᠬᠦᠭ ᠠᠢᠵᠠᠮ᠎ᠳᠤ ᠰᠡᠳᠬᠢᠯ᠎ᠤᠨ ᠴᠢᠯᠡᠭᠡ ᠪᠡᠨ ᠲᠠᠢᠯᠵᠤ᠂ ᠲᠤᠬᠠᠢ ᠵᠢᠨ ᠭᠠᠵᠠᠷ᠎ᠤᠨ ᠠᠷᠠᠳ ᠲᠦᠮᠡᠨ᠎ᠤ ᠠᠮᠢᠳᠤᠷᠠᠯ᠎ᠳᠤ ᠠᠭᠤᠰᠤᠯᠴᠠᠨ ᠲᠠᠰᠤᠯᠴᠠᠵᠠᠢ᠃ ᠵᠦᠴᠤᠭᠡ᠎ᠳᠤ᠂ ᠲᠦᠳᠡᠭ ᠭᠠᠯ᠂ ᠠᠪᠤᠷᠭᠤ ᠬᠦᠷᠪᠡᠯ᠎ᠤᠨ ᠦᠨᠳᠡᠭᠡ ᠵᠡᠷᠭᠡ ᠵᠦᠢᠯ᠎ᠢ ᠲᠤᠬᠢᠷᠠᠭᠤᠯᠤᠬᠰᠠᠨ ᠨᠢ ᠡᠳᠤᠷᠵᠢᠨ ᠠᠳᠠᠯ ᠠᠮᠢᠳᠤᠷᠠᠯ᠎ᠵᠢᠡᠨ ᠬᠡᠵᠤ ᠶᠠᠭᠠᠷᠠᠵᠤ ᠶᠠᠪᠤᠭ᠎ᠠ ᠬᠦᠮᠤᠰ ᠲᠸ᠋ ᠬᠡᠨᠡᠨ ᠴᠠᠢᠯᠭᠠᠨ ᠬᠡᠤᠭᠡᠳ ᠨᠠᠰᠤ ᠵᠢ ᠨᠢ ᠪᠤᠳᠤᠬᠳᠠᠭᠤᠯᠤᠨ᠂ ᠳᠣᠲᠣᠭᠠᠳᠤ ᠰᠡᠳᠭᠢᠯ᠎ᠦᠨ ᠶᠢᠷᠲᠢᠨᠴᠦ᠍᠎ᠶ᠋ᠢ ᠲᠡᠯᠭᠡᠬᠦ ᠵᠢ ᠵᠤᠷᠢᠵᠠᠢ᠃ ᠵᠦᠴᠤᠭᠡ᠎ᠳᠤ ᠪᠠᠰᠠ ᠣᠲᠣᠭ ᠬᠣᠱᠢᠭᠤᠨ᠎ᠤ ᠡᠷᠳᠡᠨᠢᠰ᠎ᠦᠨ ᠰᠠᠡᠭ ᠬᠡᠮᠡᠭᠳᠡᠭᠰᠡᠨ ᠠᠷᠵᠠᠢ ᠵᠢᠨ ᠴᠢᠯᠠᠭᠤᠨ ᠠᠭᠤᠢ ᠵᠢᠨ ᠬᠠᠨ᠎ᠠ ᠵᠢᠨ ᠵᠢᠷᠤᠭ᠂ ᠭᠠᠵᠠᠷ ᠱᠢᠨᠵᠢᠯᠡᠭᠡᠨ᠎ᠦ ᠮᠦᠽᠧᠶ᠎ᠶ᠋ᠢᠨ ᠠᠪᠤᠷᠭᠤ ᠭᠦᠷᠪᠡᠯ᠎ᠦᠨ ᠴᠢᠯᠠᠭᠤᠵᠢᠮᠠᠯ ᠵᠡᠷᠭᠡ ᠦᠵᠡᠮᠵᠢ᠎ᠶ᠋ᠢ ᠪᠥᠬᠥ᠌ ᠦᠵᠡᠮᠵᠢ᠎ᠪᠡᠷ ᠲᠡᠯᠭᠡᠵᠤ᠂ ᠤᠮᠠᠷᠠᠲᠤ ᠬᠢᠯᠢ᠎ᠶ᠋ᠢᠨ ᠪᠠᠢᠭᠠᠯᠢ᠎ᠶ᠋ᠢᠨ ᠭᠤᠤ᠎ᠠ ᠰᠠᠢᠬᠠᠨ᠂ ᠲᠡᠦᠬᠡ ᠰᠤᠶᠤᠯ᠎ᠤᠨ ᠭᠠᠢᠬᠠᠮᠰᠢᠭ᠂ ᠠᠷᠠᠳ᠎ᠤᠨ ᠵᠠᠩ ᠦᠶ᠋ᠯᠡ ᠪᠠ ᠰᠣᠶᠣᠯ ᠵᠢᠭᠤᠯᠴᠢᠯᠠᠯ᠎ᠤᠨ ᠡᠬᠢ ᠪᠠᠶᠠᠯᠢᠭ᠎ᠢ ᠵᠦᠴᠦᠭᠡ᠎ᠶ᠋ᠢᠨ ᠦᠶ᠋ᠯᠡ ᠶᠠᠪᠤᠳᠠᠯ᠎ᠳᠤ ᠠᠭᠤᠰᠭᠠᠨ ᠣᠷᠣᠭᠤᠯᠵᠤ᠂ ᠦᠵᠡᠭ᠌ᠴᠢᠳ᠎ᠢ ᠬᠡᠷ᠎ᠡᠴᠡ᠎ᠪᠡᠨ ᠭᠠᠷᠬᠤ ᠥᠬᠡᠶ᠎ᠪᠡᠷ ᠤᠳᠤᠭ ᠬᠤᠰᠢᠭᠤᠨ᠎ᠤ ᠰᠤᠳᠤᠨ ᠰᠠᠢᠬᠠᠨ ᠦᠡᠭᠭᠡ ᠦᠵᠡᠮᠵᠢ ᠵᠢ ᠰᠤᠨᠢᠷᠬᠠᠭᠤᠯᠵᠤ᠂ ᠡᠬᠡ ᠤᠯᠤᠰ᠎ᠤᠨ ᠤᠮᠠᠷᠠᠲᠤ ᠬᠢᠯᠢ᠎ᠶ᠋ᠢᠨ ᠥᠪᠡᠷᠮᠢᠴᠡ ᠷᠢᠳᠢ ᠱᠢᠳᠢ᠎ᠶ᠋ᠢ ᠮᠡᠳᠡᠷᠡᠭᠦᠯᠪᠡ᠃
ᠲᠣᠰ ᠪᠢᠴᠢᠯ ᠵᠦᠴᠦᠭᠡᠤᠯᠤᠰᠤᠨ ᠷᠠᠳᠢᠣ᠋ ᠲᠧᠯᠸᠢᠰ᠎ᠦᠨ ᠶᠡᠷᠦᠩᠬᠡᠶ ᠲᠣᠪᠴᠢᠶ᠎ᠠ᠎ᠶ᠋ᠢᠨ 2024 ᠣᠨ᠎ᠤ 《ᠪᠢᠴᠢᠯ ᠵᠦᠴᠦᠭᠡ᠎ᠶ᠋ᠢ ᠳᠠᠭᠠᠵᠤ ᠵᠢᠭᠤᠯᠴᠢᠯᠠᠬᠤ》 ᠵᠣᠬᠢᠶᠠᠨ ᠪᠦᠲᠦᠭᠡᠬᠦ᠌ ᠲᠥᠯᠥᠪᠯᠡᠭᠡ᠎ᠶ᠋ᠢᠨ ᠭᠤᠤᠯᠳᠠᠯᠭ᠎ᠠ᠎ᠲᠠᠶ ᠲᠠᠨᠢᠯᠴᠠᠭᠤᠯᠭ᠎ᠠ᠎ᠶ᠋ᠢᠨ ᠵᠦᠴᠦᠭᠡ᠎ᠳᠦ ᠰᠣᠩᠭᠣᠭ᠍ᠳᠠᠭ᠍ᠰᠠᠨ ᠪᠥᠭᠡᠳ ᠭᠤᠷᠪᠠᠳᠤᠭᠠᠷ ᠬᠤᠭᠤᠴᠠᠭᠠᠨ᠎ᠤ ᠥᠪᠥᠷ ᠮᠣᠩᠭᠣᠯ᠎ᠤᠨ ᠣᠬᠣᠷ ᠸᠢᠳᠢᠣ᠋ ᠬᠢᠭᠡᠳ ᠪᠢᠴᠢᠯ ᠵᠦᠴᠦᠭᠡ᠎ᠶ᠋ᠢᠨ ᠤᠷᠤᠯᠳᠤᠭᠠᠨ᠎ᠤ ᠪᠦᠲᠦᠭᠡᠯᠴᠢ ᠲᠥᠰᠦᠪᠯᠡᠯ᠎ᠦᠨ ᠬᠣᠶᠠᠳᠤᠭᠠᠷ ᠳᠡᠰ᠎ᠤᠨ ᠱᠠᠩᠨᠠᠯ ᠭᠥᠷᠳᠡᠪᠡ᠃